11 ᠰᠠᠷ᠎ᠠ ᠶ᠋ᠢᠨ 10 ᠤ᠋ ᠡᠳᠦᠷ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠠᠷᠠᠳ ᠤ᠋ᠨ ᠰᠢᠭᠦᠬᠦ ᠬᠣᠷᠢᠶ᠎ᠠ ᠪᠥᠬᠥ ᠬᠣᠲᠠ ᠶ᠋ᠢᠨ ᠰᠢᠭᠦᠬᠦ ᠬᠣᠷᠢᠶ᠎ᠠ ᠢ᠋ᠢᠨ 2023 ᠣᠨ ᠤ᠋ ᠥᠪᠡᠷᠲᠡᠭᠡᠨ ᠵᠠᠰᠠᠬᠤ ᠣᠷᠣᠨ ᠤ᠋ ᠬᠤᠳᠠᠯᠳᠤᠭ᠎ᠠ ᠡᠵᠡᠩᠨᠡᠯᠲᠡ ᠶ᠋ᠢᠨ ᠣᠷᠴᠢᠨ ᠲᠣᠭᠣᠷᠢᠨ ᠤ᠋ ᠦᠨᠡᠯᠡᠯᠲᠡ ᠶ᠋ᠢᠨ ᠠᠵᠢᠯ ᠢ᠋ ᠤᠭᠲᠤᠬᠤ ᠪᠠᠢᠷᠢᠯᠠᠭᠤᠯᠤᠯᠲᠠ ᠶ᠋ᠢᠨ ᠬᠤᠷᠠᠯ ᠬᠤᠷᠠᠯᠳᠤᠭᠤᠯᠪᠠ ᠃ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠂ ᠬᠣᠷᠢᠶᠠᠨ ᠳᠠᠷᠤᠭ᠎ᠠ ᠰᠦ ᠯᠢ ᠵᠢᠶᠦ᠋ᠨ ᠬᠤᠷᠠᠯ ᠳ᠋ᠤ᠌ ᠣᠷᠣᠯᠴᠠᠭᠰᠠᠨ ᠪᠥᠭᠡᠳ ᠶᠠᠷᠢᠶ᠎ᠠ ᠲᠠᠯᠪᠢᠵᠠᠢ ᠂ ᠨᠠᠮ ᠤ᠋ᠨ ᠤᠳᠤᠷᠢᠳᠬᠤ ᠳᠤᠭᠤᠢᠯᠠᠩ ᠤ᠋ᠨ ᠳᠡᠳ᠋ ᠱᠦᠵᠢ ᠂ ᠳᠡᠳ᠋ ᠬᠣᠷᠢᠶᠠᠨ ᠳᠠᠷᠤᠭ᠎ᠠ ᠯᠢ ᠵᠢᠩ ᠭᠦᠸᠧ ᠬᠤᠷᠠᠯ ᠡᠷᠬᠢᠯᠡᠵᠦ ᠂ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠭᠡᠷ ᠲᠡᠭᠡᠨ ᠪᠠᠢᠭ᠎ᠠ ᠤᠳᠤᠷᠢᠳᠬᠤ ᠪᠠᠭ ᠤ᠋ᠨ ᠪᠦᠷᠢᠯᠳᠦᠬᠦᠨ ᠂ ᠡᠯ᠎ᠡ ᠰᠠᠯᠠᠭ᠎ᠠ ᠮᠥᠴᠢᠷ ᠤ᠋ᠨ ᠬᠠᠷᠢᠭᠤᠴᠠᠯᠭᠠᠲᠠᠨ ᠵᠢᠴᠢ ᠭᠦᠢᠴᠡᠳᠬᠡᠬᠦ ᠲᠣᠭ᠎ᠠ ᠶ᠋ᠢ ᠲᠠᠭᠯᠠᠨ ᠮᠡᠳᠡᠭᠦᠯᠦᠭᠴᠢ ᠬᠤᠷᠠᠯ ᠳ᠋ᠤ᠌ ᠣᠷᠣᠯᠴᠠᠵᠠᠢ ᠃
ᠬᠤᠷᠠᠯ ᠳᠡᠭᠡᠷ᠎ᠡ ᠂ 《 ᠪᠥᠬᠥ ᠬᠣᠲᠠ ᠶ᠋ᠢᠨ ᠰᠢᠭᠦᠬᠦ ᠬᠣᠷᠢᠶ᠎ᠠ ᠶ᠋ᠢᠨ 2023 ᠣᠨ ᠤ᠋ ᠥᠪᠡᠷᠲᠡᠭᠡᠨ ᠵᠠᠰᠠᠬᠤ ᠣᠷᠣᠨ ᠤ᠋ ᠬᠤᠳᠠᠯᠳᠤᠭ᠎ᠠ ᠡᠵᠡᠩᠨᠡᠯᠲᠡ ᠶ᠋ᠢᠨ ᠣᠷᠴᠢᠨ ᠲᠣᠭᠣᠷᠢᠨ ᠤ᠋ ᠦᠨᠡᠯᠡᠨ ᠵᠢᠱ᠌ᠢᠵᠦ ᠲᠠᠭᠯᠠᠨ ᠮᠡᠳᠡᠭᠦᠯᠬᠦ ᠠᠵᠢᠯ ᠤ᠋ᠨ ᠲᠥᠰᠦᠯ 》 ᠢ᠋ ᠤᠩᠰᠢᠨ ᠨᠡᠢᠲᠡᠯᠡᠵᠦ ᠂ 《 ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠥᠭᠵᠢᠭᠦᠯᠦᠯᠲᠡ ᠪᠠ ᠥᠭᠡᠷᠡᠴᠢᠯᠡᠯᠲᠡ ᠶ᠋ᠢᠨ ᠵᠥᠪᠯᠡᠯ ᠤ᠋ᠨ 2023 ᠣᠨ ᠤ᠋ ᠪᠦᠬᠦ ᠣᠷᠣᠨ ᠤ᠋ ᠬᠤᠳᠠᠯᠳᠤᠭ᠎ᠠ ᠡᠵᠡᠩᠨᠡᠯᠲᠡ ᠶ᠋ᠢᠨ ᠣᠷᠴᠢᠨ ᠲᠣᠭᠣᠷᠢᠨ ᠤ᠋ ᠦᠨᠡᠯᠡᠨ ᠵᠢᠱ᠌ᠢᠯᠲᠡ ᠶ᠋ᠢ ᠡᠬᠢᠯᠡᠭᠦᠯᠬᠦ ᠲᠤᠬᠠᠢ ᠮᠡᠳᠡᠭᠳᠡᠯ 》 ᠢ᠋ ᠤᠯᠠᠮᠵᠢᠯᠠᠬᠤ ᠶ᠋ᠢᠨ ᠬᠠᠮᠲᠤ ᠲᠠᠭᠯᠠᠨ ᠮᠡᠳᠡᠭᠦᠯᠬᠦ ᠠᠵᠢᠯ ᠢ᠋ ᠴᠢᠬᠤᠯᠠᠴᠢᠯᠠᠪᠠ ᠃
ᠰᠦ ᠯᠢ ᠵᠢᠶᠦ᠋ᠨ ᠶᠡᠬᠡ ᠲᠠᠯ᠎ᠠ ᠶ᠋ᠢᠨ ᠤᠬᠠᠮᠰᠠᠷ ᠢ᠋ ᠪᠣᠢ ᠪᠣᠯᠭᠠᠵᠤ ᠂ ᠠᠰᠠᠭᠤᠳᠠᠯ ᠤ᠋ᠨ ᠤᠳᠤᠷᠢᠳᠤᠮᠵᠢ ᠶ᠋ᠢ ᠴᠢᠩᠭᠠᠳᠬᠠᠨ ᠂ ᠦᠨᠡᠯᠡᠯᠲᠡ ᠪᠡᠷ ᠰᠢᠯᠢᠳᠡᠭ ᠢ᠋ ᠠᠬᠢᠭᠤᠯᠬᠤ ᠪᠠᠨ ᠴᠢᠩᠭᠠᠳᠬᠠᠬᠤ ᠭᠤᠷᠪᠠᠨ ᠲᠠᠯ᠎ᠠ ᠪᠠᠷ ᠭᠣᠣᠯᠳᠠᠯᠭ᠎ᠠ ᠲᠠᠢ ᠴᠢᠬᠤᠯᠠᠴᠢᠯᠠᠨ ᠂ ᠡᠯ᠎ᠡ ᠬᠣᠷᠢᠶ᠎ᠠ ᠂ ᠡᠯ᠎ᠡ ᠰᠠᠯᠠᠭ᠎ᠠ ᠮᠥᠴᠢᠷ ᠤ᠋ᠨ ᠬᠢᠨ ᠤᠯᠤᠰ ᠲᠥᠷᠥ ᠶ᠋ᠢᠨ ᠵᠣᠭᠰᠣᠴᠠ ᠪᠠᠨ ᠳᠡᠭᠡᠭᠰᠢᠯᠡᠭᠦᠯᠵᠦ ᠂ ᠲᠤᠰ ᠤᠳᠠᠭᠠᠨ ᠤ᠋ ᠲᠠᠭᠯᠠᠨ ᠮᠡᠳᠡᠭᠦᠯᠬᠦ ᠠᠵᠢᠯ ᠤ᠋ᠨ ᠴᠢᠬᠤᠯᠠ ᠠᠴᠢ ᠬᠣᠯᠪᠣᠭᠳᠠᠯ ᠢ᠋ ᠭᠦᠢᠴᠡᠳ ᠲᠠᠨᠢᠵᠤ ᠂ 《 ᠤᠷᠤᠭᠰᠢᠯᠠᠨ ᠪᠣᠯᠬᠤ ᠠ᠋ᠴᠠ ᠪᠢᠰᠢ ᠤᠬᠤᠷᠢᠬᠤ ᠦᠭᠡᠢ ᠂ ᠨᠡᠩ ᠰᠢᠯᠢᠳᠡᠭ ᠪᠣᠯᠭᠠᠬᠤ ᠪᠠᠷ ᠴᠢᠷᠮᠠᠢᠬᠤ 》 ᠢᠲᠡᠭᠡᠯ ᠪᠠ ᠵᠣᠷᠢᠭ ᠪᠠᠨ ᠡᠷᠡᠰ ᠪᠠᠲᠤ ᠪᠠᠢᠯᠭᠠᠵᠤ ᠂ ᠡᠯ᠎ᠡ ᠵᠦᠢᠯ ᠤ᠋ᠨ ᠲᠠᠭᠯᠠᠨ ᠮᠡᠳᠡᠭᠦᠯᠬᠦ ᠭᠦᠢᠴᠡᠳᠬᠡᠯ ᠲᠣᠭ᠎ᠠ ᠶ᠋ᠢ ᠰᠠᠢᠲᠤᠷ ᠣᠢᠯᠭᠠᠵᠤ ᠂ ᠥᠪᠡᠷᠲᠡᠭᠡᠨ ᠵᠠᠰᠠᠬᠤ ᠣᠷᠣᠨ ᠤ᠋ ᠦᠨᠡᠯᠡᠬᠦ ᠬᠣᠯᠪᠣᠭᠳᠠᠯ ᠪᠦᠬᠦᠢ ᠠᠵᠢᠯ ᠤ᠋ᠨ ᠪᠠᠢᠷᠢᠯᠠᠭᠤᠯᠤᠯᠲᠠ ᠵᠢᠴᠢ ᠣᠷᠳᠣᠰ ᠬᠣᠲᠠ ᠶ᠋ᠢᠨ ᠬᠠᠮᠢᠶ᠎ᠠ ᠪᠦᠬᠦᠢ ᠠᠵᠢᠯ ᠤ᠋ᠨ ᠱᠠᠭᠠᠷᠳᠠᠯᠭ᠎ᠠ ᠲᠠᠢ ᠬᠠᠷᠢᠴᠠᠭᠤᠯᠵᠤ ᠂ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ ᠠᠵᠢᠯ ᠢ᠋ ᠰᠠᠢᠲᠤᠷ ᠠᠳᠬᠤᠵᠤ ᠂ ᠪᠣᠯᠪᠠᠰᠣᠷᠠᠭᠤᠯᠤᠯ ᠤ᠋ᠨ ᠵᠢᠯᠣᠭᠣᠳᠤᠯᠭ᠎ᠠ ᠶ᠋ᠢ ᠰᠠᠢᠲᠤᠷ ᠬᠢᠵᠦ ᠂ ᠠᠵᠢᠯ ᠤ᠋ᠨ ᠠᠷᠭ᠎ᠠ ᠬᠡᠮᠵᠢᠶ᠎ᠡ ᠪᠡᠨ ᠴᠢᠩᠭᠠᠷᠠᠭᠤᠯᠤᠨ ᠂ 2023 ᠣᠨ ᠤ᠋ ᠬᠤᠳᠠᠯᠳᠤᠭ᠎ᠠ ᠡᠵᠡᠩᠨᠡᠯᠲᠡ ᠢ᠋ᠢᠨ ᠣᠷᠴᠢᠨ ᠲᠣᠭᠣᠷᠢᠨ ᠤ᠋ ᠦᠨᠡᠯᠡᠯᠲᠡ ᠶ᠋ᠢ ᠪᠥᠬᠥ ᠬᠦᠴᠦᠨ ᠢ᠋ᠶ᠋ᠡᠷ ᠢ᠋ᠶ᠋ᠡᠨ ᠰᠠᠢᠲᠤᠷ ᠬᠢᠵᠦ ᠂ ᠣᠷᠳᠣᠰ ᠬᠣᠲᠠ ᠶ᠋ᠢᠨ ᠬᠤᠳᠠᠯᠳᠤᠭ᠎ᠠ ᠡᠵᠡᠩᠨᠡᠯᠲᠡ ᠢ᠋ᠢᠨ ᠣᠷᠴᠢᠨ ᠲᠣᠭᠣᠷᠢᠨ ᠤ᠋ ᠳᠠᠬᠢᠨ ᠰᠢᠨ᠎ᠡ ᠠᠮᠵᠢᠯᠲᠠ ᠶ᠋ᠢ ᠡᠭᠦᠳᠴᠦ ᠂ ᠰᠢᠨ᠎ᠡ ᠢᠷᠠᠭᠤ ᠠᠯᠳᠠᠷ ᠢ᠋ ᠦᠷᠭᠦᠯᠵᠢᠯᠡᠨ ᠪᠢᠴᠢᠭᠯᠡᠬᠦ ᠳ᠋ᠦ᠍ ᠬᠦᠴᠦᠨ ᠪᠣᠯᠤᠨ᠎ᠠ ᠭᠡᠪᠡ ᠃
ᠦᠨᠡᠯᠡᠬᠦ 0ᠦᠨᠡᠯᠡᠯᠲᠡ᠎ᠲᠠᠢ