ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠰᠢ ᠵᠢᠨ ᠫᠢᠩ ᠤ᠋ᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠶ᠋ᠢ ᠰᠤᠷᠤᠯᠴᠠᠨ ᠲᠤᠤᠱᠯᠠᠭᠤᠯᠬᠤ ᠭᠣᠣᠯ ᠰᠡᠳᠦᠪᠲᠦ ᠬᠥᠮᠦᠵᠢᠯ ᠤ᠋ᠨ ᠬᠣᠶᠠᠳᠤᠭᠠᠷ ᠬᠤᠭᠤᠴᠠᠭᠠᠨ ᠤ᠋ ᠨᠣᠮ ᠤᠩᠰᠢᠬᠤ ᠠᠩᠭᠢ ᠶ᠋ᠢᠨ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠶ᠋ᠢᠨ ᠨᠠᠮ ᠤ᠋ᠨ ᠬᠢᠴᠢᠶᠡᠯ ᠣᠷᠤᠪᠠ
ᠰᠢ ᠵᠢᠨ ᠫᠢᠩ ᠤ᠋ᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠂ ᠰᠢ ᠵᠢᠨ ᠫᠢᠩ ᠤ᠋ᠨ ᠬᠠᠤᠯᠢ ᠪᠠᠷ ᠵᠠᠰᠠᠬᠤ ᠦᠵᠡᠯ ᠰᠠᠨᠠᠭ᠎ᠠ ᠶ᠋ᠢ ᠭᠦᠨᠵᠡᠭᠡᠢ ᠲᠤᠤᠱᠯᠠᠭᠤᠯᠤᠨ ᠨᠠᠢᠳᠠᠪᠤᠷᠢᠵᠢᠭᠤᠯᠵᠤ ᠂ ᠭᠣᠣᠯ ᠰᠡᠳᠦᠪᠲᠦ ᠰᠤᠷᠭᠠᠨ ᠬᠥᠮᠦᠵᠢᠯ ᠤ᠋ᠨ ᠠᠵᠢᠯ ᠢ᠋ ᠭᠦᠨᠵᠡᠭᠡᠢ ᠪᠣᠳᠠᠲᠠᠢ ᠨᠠᠢᠳᠠᠪᠤᠷᠢᠵᠢᠭᠤᠯᠬᠤ ᠶ᠋ᠢ ᠤᠯᠠᠮ ᠨᠢᠭᠡ ᠠᠯᠬᠤᠮ ᠠᠬᠢᠭᠤᠯᠵᠤ ᠂ ᠪᠣᠳᠠᠲᠤ ᠠᠵᠢᠯᠯᠠᠭ᠎ᠠ ᠪᠠᠷ ᠢ᠋ᠶ᠋ᠠᠨ ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ ᠠᠵᠢᠯ ᠤ᠋ᠨ ᠰᠢᠨ᠎ᠡ ᠪᠠᠢᠳᠠᠯ ᠢ᠋ ᠳᠠᠬᠢᠨ ᠡᠬᠢᠯᠡᠭᠦᠯᠬᠦ ᠶ᠋ᠢ ᠠᠬᠢᠭᠤᠯᠵᠤ ᠂ ᠰᠢᠨ᠎ᠡ ᠬᠠᠭᠤᠳᠠᠰᠤ ᠶ᠋ᠢ ᠳᠠᠬᠢᠨ ᠰᠢᠨ᠎ᠡ ᠪᠡᠷ ᠨᠡᠭᠡᠭᠡᠬᠦ ᠶ᠋ᠢᠨ ᠲᠥᠯᠥᠭᠡ ᠂ ᠭᠣᠣᠯ ᠰᠡᠳᠦᠪᠲᠦ ᠰᠤᠷᠭᠠᠨ ᠬᠥᠮᠦᠵᠢᠯ ᠤ᠋ᠨ ᠬᠣᠶᠠᠳᠤᠭᠠᠷ ᠬᠤᠭᠤᠴᠠᠭᠠᠨ ᠤ᠋ ᠨᠣᠮ ᠤᠩᠰᠢᠬᠤ ᠠᠩᠭᠢ ᠶ᠋ᠢᠨ ᠵᠥᠪᠯᠡᠬᠦ ᠵᠦᠢᠯ ᠤ᠋ᠨ ᠲᠣᠬᠢᠷᠠᠭᠤᠯᠤᠯᠲᠠ ᠶᠣᠰᠣᠭᠠᠷ ᠂ 10 ᠰᠠᠷ᠎ᠠ ᠶ᠋ᠢᠨ 12 ᠤ᠋ ᠡᠳᠦᠷ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠶ᠋ᠢᠨ ᠨᠠᠮ ᠤ᠋ᠨ ᠬᠢᠴᠢᠶᠡᠯ ᠶᠠᠷᠢᠬᠤ ᠠᠵᠢᠯᠯᠠᠭ᠎ᠠ ᠶ᠋ᠢ ᠥᠷᠨᠢᠭᠦᠯᠪᠡ ᠃ ᠬᠣᠲᠠ ᠶ᠋ᠢᠨ ᠨᠠᠮ ᠤ᠋ᠨ ᠬᠣᠷᠢᠶᠠᠨ ᠤ᠋ ᠭᠣᠣᠯ ᠰᠡᠳᠦᠪᠲᠦ ᠬᠥᠮᠦᠵᠢᠯ ᠤ᠋ᠨ ᠤᠳᠤᠷᠢᠳᠬᠤ ᠳᠤᠭᠤᠢᠯᠠᠩ ᠤ᠋ᠨ ᠠᠯᠪᠠᠨ ᠭᠡᠷ ᠤ᠋ᠨ ᠭᠤᠷᠪᠠᠳᠤᠭᠠᠷ ᠬᠠᠷᠢᠯᠴᠠᠬᠤ ᠳᠤᠭᠤᠢᠯᠠᠩ ᠤ᠋ᠨ ᠳᠠᠷᠤᠭ᠎ᠠ ᠵᠢᠶᠠᠨ ᠶᠦᠩ ᠺᠤᠸᠠᠨ ᠂ ᠳᠡᠳ᠋ ᠳᠠᠷᠤᠭ᠎ᠠ ᠬᠤ᠌ ᠬᠤᠢ ᠵᠢᠶᠦ᠋ᠨ ᠂ ᠭᠡᠰᠢᠭᠦᠨ ᠯᠢ ᡁᠢ ᠴᠧᠩ ᠪᠣᠯᠤᠨ ᠮᠧᠩ ᠬᠣᠩ ᠬᠣᠩ ᠬᠤᠷᠠᠯ ᠳ᠋ᠤ᠌ ᠮᠣᠷᠢᠯᠠᠨ ᠰᠠᠭᠠᠲᠠᠵᠤ ᠵᠢᠯᠣᠭᠣᠳᠤᠯᠭ᠎ᠠ ᠬᠢᠪᠡ ᠃ ᠪᠥᠬᠥ ᠬᠣᠲᠠ ᠶ᠋ᠢᠨ ᠬᠣᠶᠠᠷ ᠱᠠᠲᠤᠨ ᠤ᠋ ᠰᠢᠭᠦᠬᠦ ᠬᠣᠷᠢᠶᠠᠨ ᠤ᠋ ᠤᠳᠤᠷᠢᠳᠬᠤ ᠪᠠᠭ ᠂ ᠠᠵᠢᠯ ᠠ᠋ᠴᠠ ᠪᠠᠨ ᠠᠮᠠᠷᠠᠭᠰᠠᠨ ᠺᠠᠳ᠋ᠷᠴᠤᠳ ᠤ᠋ᠨ ᠲᠥᠯᠥᠭᠡᠯᠡᠭᠴᠢ ᠪᠣᠯᠤᠨ ᠪᠥᠬᠥ ᠺᠠᠳ᠋ᠠᠷ ᠴᠠᠭᠳᠠᠭ᠎ᠠ ᠬᠤᠷᠠᠯ ᠳ᠋ᠤ᠌ ᠣᠷᠣᠯᠴᠠᠵᠠᠢ ᠃
ᠬᠤᠷᠠᠯ ᠳᠡᠭᠡᠷ᠎ᠡ ᠂ ᠰᠦ ᠯᠢ ᠵᠢᠶᠦ᠋ᠨ ᠬᠣᠷᠢᠶᠠᠨ ᠳᠠᠷᠤᠭ᠎ᠠ 《 ᠰᠢ ᠵᠢᠨ ᠫᠢᠩ ᠤ᠋ᠨ ᠬᠠᠤᠯᠢᠵᠢᠯ ᠤ᠋ᠨ ᠦᠵᠡᠯ ᠰᠠᠨᠠᠭ᠎ᠠ ᠶ᠋ᠢ ᠰᠤᠷᠤᠯᠴᠠᠨ ᠦᠢᠯᠡᠳᠦᠯᠭᠡᠵᠢᠭᠦᠯᠬᠦ ᠂ ᠨᠢᠮᠪᠠᠢ ᠪᠣᠳᠣᠯᠬᠢᠯᠠᠵᠤ ᠂ ᠰᠢᠭᠦᠬᠦ ᠬᠣᠷᠢᠶᠠᠨ ᠤ᠋ ᠠᠵᠢᠯ ᠤ᠋ᠨ ᠴᠢᠨᠠᠷ ᠰᠠᠢᠲᠠᠢ ᠬᠥᠭᠵᠢᠯᠲᠡ ᠶ᠋ᠢᠨ ᠰᠢᠨ᠎ᠡ ᠪᠠᠢᠳᠠᠯ ᠢ᠋ ᠴᠢᠷᠮᠠᠢᠨ ᠡᠭᠦᠳᠬᠦ 》 ᠪᠡᠷ ᠰᠡᠳᠦᠪ ᠪᠣᠯᠭᠠᠵᠤ ᠂ 《 ᠰᠢ ᠵᠢᠨ ᠫᠢᠩ ᠤ᠋ᠨ ᠬᠠᠤᠯᠢᠵᠢᠯ ᠤ᠋ᠨ ᠦᠵᠡᠯ ᠰᠠᠨᠠᠭ᠎ᠠ ᠶ᠋ᠢ ᠭᠦᠨᠵᠡᠭᠡᠢ ᠰᠤᠷᠤᠯᠴᠠᠨ ᠨᠠᠷᠢᠨ ᠣᠢᠯᠭᠠᠬᠤ 》 ᠂ 《 ᠠᠷᠠᠳ ᠤ᠋ᠨ ᠳᠡᠭᠡᠳᠦ ᠰᠢᠭᠦᠬᠦ ᠬᠣᠷᠢᠶᠠᠨ ᠤ᠋ ᠵᠠᠩ ᠵᠢᠶᠦ᠋ᠨ ᠬᠣᠷᠢᠶᠠᠨ ᠳᠠᠷᠤᠭ᠎ᠠ ᠶ᠋ᠢᠨ ᠶᠠᠷᠢᠶᠠᠨ ᠤ᠋ ᠵᠣᠷᠢᠭ ᠰᠠᠨᠠᠭ᠎ᠠ ᠶ᠋ᠢ ᠨᠠᠷᠢᠨ ᠬᠢᠨᠠᠮᠠᠭᠠᠢ ᠣᠢᠯᠠᠭᠠᠵᠤ 》 ᠂ 《 ᠰᠢᠨ᠎ᠡ ᠦᠵᠡᠯ ᠰᠠᠨᠠᠭ᠎ᠠ ᠂ ᠰᠢᠨ᠎ᠡ ᠱᠠᠭᠠᠷᠳᠠᠯᠭ᠎ᠠ ᠪᠠᠷ ᠪᠦᠬᠦ ᠬᠣᠲᠠ ᠶ᠋ᠢᠨ ᠰᠢᠭᠦᠬᠦ ᠬᠣᠷᠢᠶᠠᠨ ᠤ᠋ ᠠᠵᠢᠯ ᠤ᠋ᠨ ᠴᠢᠨᠠᠷ ᠰᠠᠢᠲᠠᠢ ᠬᠥᠭᠵᠢᠯᠲᠡ ᠶ᠋ᠢ ᠬᠥᠲᠥᠯᠦᠨ ᠵᠢᠯᠣᠭᠣᠳᠬᠤ 》 ᠭᠤᠷᠪᠠᠨ ᠲᠠᠯ᠎ᠠ ᠪᠠᠷ ᠭᠣᠣᠯᠯᠠᠭᠤᠯᠤᠨ ᠪᠦᠬᠦ ᠨᠠᠮ ᠤ᠋ᠨ ᠭᠡᠰᠢᠭᠦᠨ ᠺᠠᠳ᠋ᠠᠷ ᠴᠠᠭᠳᠠᠭ᠎ᠠ ᠳ᠋ᠤ᠌ ᠨᠢᠭᠡ ᠤᠳᠠᠭᠠᠨ ᠤ᠋ ᠠᠮᠢᠳᠤᠯᠢᠭ ᠪᠥᠭᠡᠳ ᠭᠦᠨ ᠭᠦᠨᠵᠡᠭᠡᠢ ᠨᠠᠮ ᠤ᠋ᠨ ᠬᠢᠴᠢᠶᠡᠯ ᠣᠷᠤᠵᠠᠢ ᠃
ᠭᠣᠣᠯ ᠰᠡᠳᠦᠪᠲᠦ ᠬᠥᠮᠦᠵᠢᠯ ᠤ᠋ᠨ ᠠᠵᠢᠯ ᠤ᠋ᠨ ᠱᠠᠭᠠᠷᠳᠠᠯᠭ᠎ᠠ ᠪᠠ ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ ᠠᠵᠢᠯ ᠤ᠋ᠨ ᠪᠣᠳᠠᠲᠠᠢ ᠲᠠᠢ ᠤᠶᠠᠯᠳᠤᠭᠤᠯᠤᠨ ᠂ ᠰᠢᠭᠦᠨ ᠲᠠᠰᠤᠯᠬᠤ ᠭᠦᠢᠴᠡᠳᠬᠡᠬᠦ ᠠᠵᠢᠯ ᠤ᠋ᠨ ᠴᠢᠨᠠᠷ ᠰᠠᠢᠲᠠᠢ ᠬᠥᠭᠵᠢᠯᠲᠡ ᠶ᠋ᠢ ᠠᠬᠢᠭᠤᠯᠬᠤ ᠳ᠋ᠤ᠌ ᠪᠣᠳᠠᠲᠠᠢ ᠱᠠᠭᠠᠷᠳᠠᠯᠭ᠎ᠠ ᠳᠤᠷᠠᠳᠴᠠᠢ ᠃ ᠨᠢᠭᠡ ᠳ᠋ᠦ᠍ ᠂ ᠰᠢᠭᠦᠬᠦ ᠬᠣᠷᠢᠶᠠᠨ ᠤ᠋ ᠠᠵᠢᠯ ᠳ᠋ᠠᠬᠢ ᠨᠠᠮ ᠤ᠋ᠨ ᠬᠠᠷᠢᠴᠠᠯᠠᠰᠢ ᠥᠬᠡᠢ ᠤᠳᠤᠷᠢᠳᠤᠯᠭ᠎ᠠ ᠶ᠋ᠢ ᠪᠠᠲᠤ ᠪᠠᠷᠢᠮᠲᠠᠯᠠᠵᠤ ᠂ ᠨᠠᠮ ᠤ᠋ᠨ ᠱᠤᠭᠤᠮ ᠂ ᠴᠢᠭᠯᠡᠯᠲᠡ ᠂ ᠲᠥᠷᠥ ᠶ᠋ᠢᠨ ᠪᠣᠳᠣᠯᠭ᠎ᠠ ᠶ᠋ᠢ ᠡᠷᠡᠰ ᠨᠠᠢᠳᠠᠪᠤᠷᠢᠵᠢᠭᠤᠯᠵᠤ ᠂ ᠴᠢᠳᠠᠮᠠᠭᠠᠢ ᠪᠠᠷ ᠬᠠᠤᠯᠢ ᠪᠠᠷᠢᠬᠤ ᠂ 《 ᠡᠮᠦᠨ᠎ᠡ ᠲᠠᠯ᠎ᠠ ᠶ᠋ᠢ ᠠᠳᠬᠤᠵᠤ ᠂ ᠰᠡᠭᠦᠯ ᠤ᠋ᠨ ᠡᠪᠡᠳᠴᠢᠨ ᠢ᠋ ᠵᠠᠰᠠᠬᠤ 》 ᠂ ᠬᠣᠶᠠᠷ ᠲᠠᠯ᠎ᠠ ᠪᠠᠷ ᠢ᠋ᠶ᠋ᠠᠨ ᠠᠰᠢᠭ ᠬᠦᠷᠲᠡᠬᠦ ᠣᠯᠠᠨ ᠲᠠᠯ᠎ᠠ ᠪᠠᠷ ᠠᠰᠢᠭ ᠬᠦᠷᠲᠡᠬᠦ ᠬᠠᠮᠲᠤ ᠪᠡᠷ ᠠᠰᠢᠭ ᠬᠦᠷᠲᠡᠵᠦ ᠂ ᠬᠡᠷᠡᠭ ᠶᠠᠪᠤᠳᠠᠯ ᠨᠢ ᠵᠠᠰᠠᠭ ᠤ᠋ᠨ ᠶᠠᠪᠤᠳᠠᠯ ᠳ᠋ᠤ᠌ ᠬᠥᠮᠦᠨ ᠨᠡᠪᠲᠡᠷᠡᠬᠦ ᠪᠠ ᠣᠢᠯᠠᠭᠠᠭᠳᠠᠬᠤᠨ ᠢ᠋ ᠪᠣᠢ ᠪᠣᠯᠭᠠᠵᠤ ᠂ ᠨᠠᠮ ᠤ᠋ᠨ ᠬᠠᠷᠢᠴᠠᠯᠠᠰᠢ ᠥᠬᠡᠢ ᠤᠳᠤᠷᠢᠳᠤᠯᠭ᠎ᠠ ᠶ᠋ᠢ ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ ᠡᠯ᠎ᠡ ᠲᠥᠷᠥᠯ ᠤ᠋ᠨ ᠠᠵᠢᠯ ᠤ᠋ᠨ ᠳᠤᠮᠳᠠ ᠪᠣᠳᠠᠲᠠᠢ ᠲᠤᠨᠢ ᠨᠠᠢᠳᠠᠪᠤᠷᠢᠵᠢᠭᠤᠯᠬᠤ ᠶ᠋ᠢ ᠬᠠᠮᠠᠭᠠᠯᠠᠬᠤ ᠂ ᠪᠠᠲᠤᠯᠠᠬᠤ ᠂ ᠠᠬᠢᠭᠤᠯᠬᠤ ᠬᠡᠷᠡᠭᠲᠡᠢ ᠃ ᠬᠣᠶᠠᠷ ᠲᠤ᠌ ᠠᠷᠠᠳ ᠲᠦᠮᠡᠨ ᠢ᠋ᠶ᠋ᠡᠷ ᠭᠣᠣᠯ ᠪᠣᠯᠭᠠᠬᠤ ᠬᠥᠭᠵᠢᠯᠲᠡ ᠶ᠋ᠢᠨ ᠦᠵᠡᠯ ᠰᠠᠨᠠᠭ᠎ᠠ ᠶ᠋ᠢ ᠢᠮᠠᠭᠲᠠ ᠪᠠᠷᠢᠮᠲᠠᠯᠠᠵᠤ ᠂ 《 ᠣᠯᠠᠨ ᠲᠦᠮᠡᠨ ᠳ᠋ᠦ᠍ ᠪᠣᠳᠠᠲᠤ ᠶᠠᠪᠤᠳᠠᠯ ᠬᠢᠵᠦ ᠵᠢᠱ᠌ᠢᠶ᠎ᠡ ᠦᠵᠡᠭᠦᠯᠬᠦ ᠰᠢᠭᠦᠬᠦ ᠬᠣᠷᠢᠶ᠎ᠠ 》 ᠶ᠋ᠢᠨ ᠡᠭᠦᠷᠭᠡᠯᠡᠯ ᠢ᠋ ᠢᠯᠡᠷᠡᠭᠦᠯᠵᠦ ᠂ ᠠᠰᠠᠭᠤᠳᠠᠯ ᠢ᠋ᠶ᠋ᠠᠷ ᠤᠳᠤᠷᠢᠳᠤᠮᠵᠢ ᠪᠣᠯᠭᠠᠬᠤ ᠪᠠ ᠬᠠᠷᠠᠯᠲᠠ ᠶ᠋ᠢᠨ ᠤᠳᠤᠷᠢᠳᠤᠮᠵᠢ ᠶ᠋ᠢ ᠪᠠᠷᠢᠮᠲᠠᠯᠠᠵᠤ ᠂ ᠴᠢᠨᠠᠷ ᠰᠠᠢᠲᠠᠢ ᠬᠠᠤᠯᠢ ᠴᠠᠭᠠᠵᠠ ᠶ᠋ᠢᠨ ᠰᠢᠭᠦᠨ ᠲᠠᠰᠤᠯᠬᠤ ᠠᠵᠢᠯ ᠢ᠋ᠶ᠋ᠠᠷ ᠠᠷᠠᠳ ᠲᠦᠮᠡᠨ ᠦ᠌ ᠠᠮᠤᠷ ᠲᠠᠢᠪᠤᠩ ᠠᠵᠤ ᠲᠥᠷᠥᠬᠦ ᠶ᠋ᠢ ᠪᠠᠲᠤᠯᠠᠨ ᠂ ᠨᠢᠭᠡ ᠨᠢᠭᠡ ᠪᠣᠳᠠᠲᠠᠢ ᠬᠡᠷᠡᠭ ᠂ ᠨᠢᠭᠡ ᠬᠤᠪᠢ ᠠᠷᠠᠳ ᠤ᠋ᠨ ᠲᠥᠯᠥᠭᠡ ᠭᠡᠬᠦ ᠪᠣᠳᠠᠲᠠᠢ ᠬᠡᠷᠡᠭ ᠶᠠᠪᠤᠳᠠᠯ ᠤ᠋ᠨ ᠳᠤᠮᠳᠠ ᠠᠷᠠᠳ ᠣᠯᠠᠨ ᠤ᠋ ᠬᠠᠤᠯᠢ ᠴᠠᠭᠠᠵᠠ ᠶ᠋ᠢᠨ ᠬᠦᠷᠲᠡᠭᠡᠯ ᠤ᠋ᠨ ᠲᠥᠷᠥᠭᠳᠡᠯ ᠂ ᠠᠮᠤᠷ ᠲᠦᠪᠰᠢᠨ ᠦ᠌ ᠲᠥᠷᠥᠭᠳᠡᠯ ᠪᠠ ᠵᠣᠯ ᠵᠢᠷᠭᠠᠯ ᠤ᠋ᠨ ᠲᠥᠷᠥᠭᠳᠡᠯ ᠢ᠋ ᠦᠨᠡᠨᠬᠦ ᠳᠡᠭᠡᠭᠰᠢᠯᠡᠭᠦᠯᠬᠦ ᠬᠡᠷᠡᠭᠲᠡᠢ ᠃ ᠭᠤᠷᠪᠠ ᠳ᠋ᠤ᠌ ᠂ ᠭᠣᠣᠯ ᠠᠵᠢᠯ ᠲᠠᠢ ᠤᠶᠠᠯᠳᠤᠭᠤᠯᠤᠨ ᠂ ᠶᠡᠬᠡ ᠲᠠᠯ᠎ᠠ ᠳ᠋ᠤ᠌ ᠦᠢᠯᠡᠴᠢᠯᠡᠬᠦ ᠶ᠋ᠢ ᠪᠠᠷᠢᠮᠲᠠᠯᠠᠵᠤ ᠂ ᠥᠪᠡᠷᠲᠡᠭᠡᠨ ᠵᠠᠰᠠᠬᠤ ᠣᠷᠣᠨ ᠤ᠋ ᠬᠣᠶᠠᠷ ᠶᠡᠬᠡ ᠶᠠᠪᠤᠳᠠᠯ ᠂ 《 ᠵᠢᠱ᠌ᠢᠶᠡᠴᠢ ᠥᠪᠡᠷᠲᠡᠭᠡᠨ ᠵᠠᠰᠠᠬᠤ ᠣᠷᠣᠨ 》 ᠤ᠋ ᠪᠠᠢᠭᠤᠯᠤᠯᠲᠠ ᠪᠠ ᠬᠣᠲᠠ ᠶ᠋ᠢᠨ ᠨᠠᠮ ᠤ᠋ᠨ ᠬᠣᠷᠢᠶ᠎ᠠ ᠶ᠋ᠢᠨ 《 ᠭᠤᠷᠪᠠᠨ ᠳᠥᠷᠪᠡ 》 ᠬᠠᠷᠠᠯᠲᠠ ᠶ᠋ᠢᠨ ᠡᠭᠦᠷᠭᠡ ᠳ᠋ᠦ᠍ ᠠᠩᠬᠠᠷᠤᠯ ᠢ᠋ᠶ᠋ᠠᠨ ᠲᠥᠪᠯᠡᠷᠡᠭᠦᠯᠵᠦ ᠂ ᠡᠬᠡ ᠤᠯᠤᠰ ᠤ᠋ᠨ ᠤᠮᠠᠷᠠᠲᠤ ᠬᠢᠯᠢ ᠶ᠋ᠢᠨ ᠠᠮᠤᠷ ᠲᠦᠪᠰᠢᠨ ᠲᠣᠭᠲᠠᠭᠤᠨ ᠬᠠᠯᠬᠠᠪᠴᠢ ᠶ᠋ᠢ ᠪᠠᠲᠤ ᠪᠡᠬᠢ ᠴᠣᠭᠴᠠᠯᠠᠨ ᠂ ᠬᠠᠤᠯᠢ ᠪᠠᠷ ᠵᠠᠰᠠᠬᠤ ᠵᠠᠰᠠᠭ ᠤ᠋ᠨ ᠣᠷᠳᠣᠨ ᠤ᠋ ᠪᠠᠢᠭᠤᠯᠤᠯᠲᠠ ᠶ᠋ᠢ ᠠᠬᠢᠭᠤᠯᠬᠤ ᠂ ᠣᠷᠴᠢᠨ ᠲᠣᠭᠣᠷᠢᠨ ᠤ᠋ ᠡᠬᠢ ᠪᠠᠶᠠᠯᠢᠭ ᠢ᠋ ᠬᠠᠤᠯᠢ ᠴᠠᠭᠠᠵᠠ ᠪᠠᠷ ᠬᠠᠮᠠᠭᠠᠯᠠᠬᠤ ᠬᠢᠷᠢ ᠲᠦᠪᠰᠢᠨ ᠢ᠋ ᠳᠡᠭᠡᠭᠰᠢᠯᠡᠭᠦᠯᠬᠦ ᠂ ᠬᠠᠤᠯᠢᠵᠢᠭᠰᠠᠨ ᠬᠤᠳᠠᠯᠳᠤᠭᠠᠨ ᠤ᠋ ᠡᠵᠡᠩᠨᠡᠯᠲᠡ ᠶ᠋ᠢᠨ ᠣᠷᠴᠢᠨ ᠲᠣᠭᠣᠷᠢᠨ ᠢ᠋ ᠰᠢᠯᠢᠳᠡᠭᠵᠢᠭᠦᠯᠬᠦ ᠲᠠᠯ᠎ᠠ ᠪᠠᠷ ᠦᠷᠭᠦᠯᠵᠢᠯᠡᠨ ᠬᠦᠴᠦᠯᠡᠵᠦ ᠂ ᠠᠵᠢᠯ ᠢ᠋ᠶ᠋ᠠᠨ ᠴᠢᠳᠠᠮᠠᠭᠠᠢ ᠪᠠᠷ ᠭᠦᠢᠴᠡᠳᠬᠡᠵᠦ ᠪᠠᠢᠭᠠᠳ ᠤᠯᠤᠰ ᠤ᠋ᠨ ᠵᠠᠰᠠᠯᠲᠠ ᠶ᠋ᠢᠨ ᠦᠷ᠎ᠡ ᠪᠦᠲᠦᠮᠵᠢ ᠶ᠋ᠢ ᠳᠡᠭᠡᠭᠰᠢᠯᠡᠭᠦᠯᠬᠦ ᠂ ᠴᠢᠨᠠᠷ ᠰᠠᠢᠲᠠᠢ ᠬᠥᠭᠵᠢᠯᠲᠡ ᠶ᠋ᠢᠨ ᠶᠡᠬᠡ ᠲᠠᠯ᠎ᠠ ᠶ᠋ᠢ ᠪᠠᠲᠤᠯᠠᠬᠤ ᠶ᠋ᠢ ᠠᠬᠢᠭᠤᠯᠤᠨ᠎ᠠ ᠃ ᠳᠥᠷᠪᠡ ᠳ᠋ᠦ᠍ ᠬᠠᠤᠯᠢ ᠪᠠᠷᠢᠬᠤ ᠡᠷᠬᠡ ᠶ᠋ᠢᠨ ᠬᠢᠵᠠᠭᠠᠷᠯᠠᠯ ᠤ᠋ᠨ ᠬᠢᠨᠠᠯᠲᠠ ᠶ᠋ᠢ ᠴᠢᠩᠭ᠋ᠠᠳᠬᠠᠨ ᠂ ᠬᠠᠤᠯᠢ ᠪᠠᠷᠢᠬᠤ ᠪᠠᠢᠭᠤᠯᠤᠯ ᠤ᠋ᠨ ᠶᠡᠷᠦᠩᠬᠡᠢᠯᠡᠭᠰᠡᠨ ᠢᠵᠢ ᠪᠦᠷᠢᠳᠦᠭᠦᠯᠬᠦ ᠥᠭᠡᠷᠡᠴᠢᠯᠡᠯᠲᠡ ᠶ᠋ᠢ ᠦᠷᠭᠦᠯᠵᠢᠯᠡᠨ ᠭᠦᠨᠵᠡᠭᠡᠢᠷᠡᠭᠦᠯᠵᠦ ᠂ ᠬᠠᠤᠯᠢ ᠪᠠᠷᠢᠬᠤ ᠬᠠᠷᠢᠭᠤᠴᠠᠯᠭ᠎ᠠ ᠶ᠋ᠢᠨ ᠳᠦᠷᠢᠮ ᠢ᠋ ᠪᠥᠬᠥ ᠲᠠᠯ᠎ᠠ ᠪᠠᠷ ᠣᠨᠣᠪᠴᠢᠲᠠᠢ ᠨᠠᠢᠳᠠᠪᠤᠷᠢᠵᠢᠭᠤᠯᠵᠤ ᠂ ᠰᠢᠨᠵᠢᠯᠡᠬᠦ ᠤᠬᠠᠭᠠᠨᠴᠢ ᠪᠠᠷ ᠰᠢᠯᠭᠠᠨ ᠦᠨᠡᠯᠡᠬᠦ ᠳᠦᠷᠢᠮ ᠢ᠋ ᠲᠡᠭᠦᠯᠳᠡᠷᠵᠢᠭᠦᠯᠦᠨ ᠂ ᠰᠢᠭᠦᠬᠦ ᠬᠣᠷᠢᠶᠠᠨ ᠤ᠋ ᠳᠠᠷᠤᠭ᠎ᠠ ᠨᠠᠷ ᠤ᠋ᠨ ᠬᠢᠨᠠᠯᠲᠠ ᠬᠠᠮᠢᠶᠠᠷᠤᠯᠲᠠ ᠶ᠋ᠢᠨ ᠬᠠᠷᠢᠭᠤᠴᠠᠯᠭ᠎ᠠ ᠪᠠ ᠳᠡᠭᠡᠳᠦ ᠱᠠᠲᠤᠨ ᠤ᠋ ᠰᠢᠭᠦᠬᠦ ᠬᠣᠷᠢᠶᠠᠨ ᠤ᠋ ᠳᠣᠷᠣᠭᠰᠢ ᠵᠢᠯᠣᠭᠣᠳᠬᠤ ᠬᠠᠷᠢᠭᠤᠴᠠᠯᠭ᠎ᠠ ᠶ᠋ᠢ ᠪᠣᠳᠠᠲᠠᠢ ᠪᠠᠷ ᠨᠠᠢᠳᠠᠪᠤᠷᠢᠵᠢᠭᠤᠯᠵᠤ ᠂ ᠬᠠᠤᠯᠢ ᠶ᠋ᠢᠨ ᠲᠤᠰᠢᠶᠠᠯᠲᠠᠨ ᠤ᠋ ᠭᠣᠣᠯ ᠴᠣᠭᠴᠠ ᠶ᠋ᠢᠨ ᠤᠬᠠᠮᠰᠠᠷ ᠪᠠ ᠬᠠᠷᠢᠭᠤᠴᠠᠯᠭ᠎ᠠ ᠶ᠋ᠢᠨ ᠦᠵᠡᠯ ᠤᠬᠠᠮᠰᠠᠷ ᠢ᠋ ᠴᠢᠩᠭᠠᠷᠠᠭᠤᠯᠤᠨ ᠂ ᠬᠡᠷᠡᠭ ᠤ᠋ᠨ ᠴᠢᠨᠠᠷ ᠴᠢᠨᠰᠠᠭ᠎ᠠ ᠦᠷᠭᠦᠯᠵᠢᠯᠡᠨ ᠰᠠᠢᠵᠢᠷᠠᠬᠤ ᠬᠠᠨᠳᠤᠰᠢ ᠲᠠᠢ ᠪᠣᠯᠭᠠᠨ᠎ᠠ ᠃ ᠲᠠᠪᠤ ᠳ᠋ᠤ᠌ ᠤᠳᠤᠷᠢᠳᠬᠤ ᠪᠠᠭ ᠤ᠋ᠨ ᠪᠠᠢᠭᠤᠯᠤᠯᠲᠠ ᠪᠠ ᠺᠠᠳ᠋ᠠᠷ ᠤ᠋ᠨ ᠡᠩᠨᠡᠭᠡᠨ ᠦ᠌ ᠪᠠᠢᠭᠤᠯᠤᠯᠲᠠ ᠶ᠋ᠢ ᠴᠢᠩᠭᠠᠳᠬᠠᠵᠤ ᠂ ᠬᠥᠮᠦᠵᠢᠯ ᠪᠣᠯᠪᠠᠰᠤᠷᠠᠯ ᠢ᠋ ᠭᠦᠨᠵᠡᠭᠡᠢᠷᠡᠭᠦᠯᠵᠦ ᠂ 《 ᠬᠥᠬᠡᠮᠳᠦᠭ ᠢᠨᠵᠧᠨᠧᠷᠢᠩ 》 ᠢ᠋ ᠪᠥᠬᠥ ᠲᠠᠯ᠎ᠠ ᠪᠠᠷ ᠬᠡᠷᠡᠭᠵᠢᠭᠦᠯᠦᠨ ᠂ 《 ᠭᠤᠷᠪᠠᠨ ᠲᠣᠭᠲᠠᠭᠠᠯ 》 ᠢ᠋ ᠨᠠᠷᠢᠨ ᠲᠡᠮᠳᠡᠭᠯᠡᠵᠦ ᠮᠡᠳᠡᠭᠦᠯᠬᠦ ᠠᠵᠢᠯ ᠢ᠋ ᠯᠠᠪᠳᠠᠭᠤᠨ ᠪᠠᠲᠤᠲᠠᠢ ᠬᠢᠵᠦ ᠂ ᠨᠠᠮ ᠢ᠋ ᠴᠢᠩᠬ᠎ᠠ ᠬᠠᠮᠢᠶᠠᠷᠴᠤ ᠬᠣᠷᠢᠶ᠎ᠠ ᠶ᠋ᠢ ᠵᠠᠰᠠᠨ ᠂ ᠥᠨᠳᠥᠷ ᠬᠡᠪ ᠴᠢᠨᠠᠷ ᠪᠥᠬᠥᠢ ᠰᠢᠭᠦᠬᠦ ᠬᠣᠷᠢᠶᠠᠨ ᠤ᠋ ᠡᠩᠨᠡᠭᠡ ᠶ᠋ᠢ ᠳᠠᠪᠲᠠᠨ ᠪᠠᠢᠭᠤᠯᠤᠨ ᠂ ᠨᠠᠮ ᠤ᠋ᠨ ᠲᠥᠪ ᠬᠣᠷᠢᠶ᠎ᠠ ᠶ᠋ᠢ ᠰᠠᠨᠠᠭ᠎ᠠ ᠠᠮᠤᠷ ᠂ ᠠᠷᠠᠳ ᠣᠯᠠᠨ ᠢ᠋ ᠰᠡᠳᠬᠢᠯ ᠬᠠᠨᠤᠮᠵᠢᠲᠠᠢ ᠪᠣᠯᠭᠠᠬᠤ ᠰᠢᠭᠦᠬᠦ ᠬᠣᠷᠢᠶᠠᠨ ᠤ᠋ ᠲᠡᠮᠦᠷ ᠴᠡᠷᠢᠭ ᠢ᠋ ᠴᠢᠷᠮᠠᠢᠨ ᠪᠠᠢᠭᠤᠯᠬᠤ ᠬᠡᠷᠡᠭᠲᠡᠢ ᠃
ᠦᠨᠡᠯᠡᠬᠦ 0ᠦᠨᠡᠯᠡᠯᠲᠡ᠎ᠲᠠᠢ