ᠳ᠋ᠢᠩ ᠳ᠋ᠦᠩ ᠍~ ᠣᠷᠳᠣᠰ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠡᠯᠧᠺᠲ᠋ᠷᠣᠨ ᠫᠢᠶᠣᠣ ᠪᠠᠷᠢᠮᠲᠠ ᠶ᠋ᠢᠨ ᠰᠢᠰᠲ᠋ᠧᠮ ᠵᠢᠩᠬᠢᠨᠢ ᠪᠡᠷ ᠠᠰᠢᠭᠯᠠᠯᠲᠠ ᠳ᠋ᠤ᠌ ᠣᠷᠣᠪᠠ ︕ ᠪᠠᠢᠴᠠᠭᠠᠨ ᠬᠤᠷᠢᠶᠠᠬᠤ ᠪᠠᠨ ᠠᠩᠬᠠᠷᠤᠭᠠᠷᠠᠢ ︕
2023.10.10 ᠲᠣᠰ ᠥᠷᠲᠡᠭᠡᠨ᠎ᠦ ᠨᠠᠢᠷᠠᠭᠤᠯᠤᠭᠴᠢ

    ᠣᠶᠤᠨᠴᠢ ᠰᠢᠭᠦᠬᠦ ᠬᠣᠷᠢᠶᠠᠨ ᠤ᠋ ᠪᠦᠲᠦᠭᠡᠨ ᠪᠠᠢᠭᠤᠯᠤᠯᠲᠠ ᠪᠣᠯ ᠰᠢᠭᠦᠨ ᠲᠠᠰᠤᠯᠬᠤ ᠭᠦᠢᠴᠡᠳᠬᠡᠬᠦ ᠴᠢᠨᠠᠷ ᠴᠢᠨᠰᠠᠭ᠎ᠠ ᠶ᠋ᠢ ᠳᠡᠭᠡᠭᠰᠢᠯᠡᠭᠦᠯᠬᠦ 《 ᠲᠦᠯᠬᠢᠭᠴᠢ 》 ᠮᠥᠨ ᠃ ᠠᠷᠠᠳ ᠣᠯᠠᠨ ᠤ᠋ 《 ᠠᠯᠠᠭᠠᠨ ᠳ᠋ᠠᠬᠢ ᠴᠠᠭ ᠦᠶ᠎ᠡ 》 《 ᠰᠦᠯᠵᠢᠶᠡᠨ ᠳᠡᠭᠡᠷ᠎ᠡ ᠭᠦᠢᠴᠡᠳᠬᠡᠬᠦ 》 ᠰᠢᠨ᠎ᠡ ᠱᠠᠭᠠᠷᠳᠠᠯᠭ᠎ᠠ ᠶ᠋ᠢ ᠭᠦᠢᠴᠡᠳ ᠬᠠᠩᠭᠠᠬᠤ ᠶ᠋ᠢᠨ ᠲᠥᠯᠥᠭᠡ ᠂ ᠡᠨᠡ ᠵᠢᠯ ᠡᠴᠡ ᠨᠡᠰᠢ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠵᠠᠷᠭᠤ ᠶ᠋ᠢᠨ ᠰᠦᠢᠳᠬᠡᠯ ᠦ᠋ᠨ ᠡᠯᠧᠺᠲ᠋ᠷᠣᠨ ᠪᠠᠷᠢᠮᠲᠠ ᠶ᠋ᠢᠨ ᠦᠢᠯᠡᠴᠢᠯᠡᠭᠡ ᠶ᠋ᠢ ᠢᠳᠡᠪᠬᠢᠲᠡᠢ ᠠᠬᠢᠭᠤᠯᠵᠤ ᠂ ᠵᠠᠷᠭᠤ ᠶ᠋ᠢᠨ ᠵᠠᠷᠤᠳᠠᠯ ᠬᠡᠷᠡᠭ ᠪᠦᠷᠢ ᠦ᠋ᠨ ᠨᠢᠭᠡ ᠳᠠᠩᠰᠠᠲᠤ ᠡᠷᠦᠬᠡ ᠶ᠋ᠢᠨ ᠬᠠᠮᠢᠶᠠᠷᠤᠯᠲᠠ ᠶ᠋ᠢᠨ ᠰᠢᠰᠲ᠋ᠧᠮ ᠦ᠋ᠨ ᠰᠠᠭᠤᠷᠢᠨ ᠳᠡᠭᠡᠷ᠎ᠡ ᠂ ᠲᠣᠭ᠎ᠠ ᠪᠠᠷᠢᠮᠲᠠ ᠶ᠋ᠢ ᠬᠠᠷᠢᠯᠴᠠᠨ ᠬᠣᠯᠪᠣᠵᠤ ᠬᠠᠷᠢᠯᠴᠠᠨ ᠨᠡᠪᠲᠡᠷᠡᠯᠴᠡᠵᠦ ᠂ ᠵᠠᠷᠭᠤ ᠶ᠋ᠢᠨ ᠵᠠᠷᠤᠳᠠᠯ ᠬᠤᠷᠢᠶᠠᠬᠤ ᠂ ᠳ᠋ᠦᠩᠨᠡᠨ ᠪᠣᠳᠣᠬᠤ ᠂ ᠵᠠᠷᠤᠳᠠᠯ ᠪᠤᠴᠠᠭᠠᠬᠤ ᠪᠠ ᠫᠢᠶᠣᠣ  ᠪᠠᠷᠢᠮᠲᠠ ᠥᠭᠬᠦ ᠬᠠᠮᠢᠶᠠᠷᠤᠯᠲᠠ ᠶ᠋ᠢᠨ ᠪᠦᠬᠦ ᠶᠠᠪᠤᠴᠠ ᠶ᠋ᠢ ᠰᠦᠯᠵᠢᠶᠡᠨ ᠳᠡᠭᠡᠷ᠎ᠡ ᠭᠦᠢᠴᠡᠳᠬᠡᠬᠦ ᠶ᠋ᠢ ᠪᠡᠶᠡᠯᠡᠭᠦᠯᠵᠦ ᠂ ᠲᠤᠬᠠᠢ ᠶ᠋ᠢᠨ ᠬᠥᠮᠦᠨ ᠳ᠋ᠦ᠍ ᠦᠨᠡᠨᠬᠦ ᠳᠥᠭᠥᠮ ᠦᠵᠡᠭᠦᠯᠦᠭᠰᠡᠨ ᠪᠠᠢᠨ᠎ᠠ ᠃

 

 

    ᠡᠨᠡ ᠪᠣᠯ ᠳᠠᠷᠤᠢ ᠵᠠᠷᠭᠤ ᠶ᠋ᠢᠨ ᠵᠠᠷᠤᠳᠠᠯ ᠤ᠋ᠨ ᠡᠯᠧᠺᠲ᠋ᠷᠣᠨ ᠫᠢᠶᠣᠣ ᠪᠠᠷᠢᠮᠲᠠ

    ᠤᠯᠠᠮᠵᠢᠯᠠᠯᠲᠤ ᠴᠠᠭᠠᠰᠤᠨ ᠫᠢᠶᠣᠣ ᠪᠠᠷᠢᠮᠲᠠ  ᠲᠠᠢ  ᠬᠠᠷᠢᠴᠠᠭᠤᠯᠪᠠᠯ ᠂ ᠡᠯᠧᠺᠲ᠋ᠷᠣᠨ ᠫᠢᠶᠣᠣ ᠪᠠᠷᠢᠮᠲᠠ ᠭᠡᠭᠡᠬᠦ ᠡᠴᠡ ᠠᠶᠤᠬᠤ ᠦᠭᠡᠢ ᠂ ᠳᠠᠬᠢᠨ ᠳᠠᠪᠲᠠᠨ ᠪᠠᠭᠤᠯᠭᠠᠨ ᠠᠪᠴᠤ ᠪᠣᠯᠤᠨ᠎ᠠ ᠃

    ᠲᠤᠬᠠᠢ ᠶ᠋ᠢᠨ ᠬᠥᠮᠦᠨ ᠬᠡᠷᠬᠢᠨ ᠡᠯᠧᠺᠲ᠋ᠷᠣᠨ ᠭᠤᠪᠢᠭᠤᠯᠭ᠎ᠠ ᠶᠢᠨ ᠬᠠᠭᠤᠳᠠᠰᠦ ᠶ᠋ᠢᠨ ᠬᠠᠪᠴᠢᠭᠤᠷ ᠢ᠋ ᠠᠪᠬᠤ ᠪᠣᠢ ?

    ᠨᠢᠭᠡᠳᠦᠭᠡᠷ ᠠᠯᠬᠤᠮ ᠄ ᠸᠢᠴᠠᠲ ᠳᠡᠭᠡᠷ᠎ᠡ ᠡᠯᠧᠺᠲ᠋ᠷᠣᠨ ᠭᠤᠪᠢᠭᠤᠯᠭ᠎ᠠ ᠶᠢᠨ ᠬᠠᠭᠤᠳᠠᠰᠦ ᠶ᠋ᠢᠨ ᠬᠠᠪᠴᠢᠭᠤᠷ ᠢ᠋ ᠬᠠᠢᠵᠤ ᠂ ᠵᠢᠵᠢᠭ᠌ ᠫᠷᠤᠭ᠌ᠷᠠᠮ ᠳ᠋ᠤ᠌ ᠣᠷᠣᠵᠤ ᠂ ᠳᠣᠣᠷ᠎ᠠ ᠲᠠᠯ᠎ᠠ  ᠳ᠋ᠡᠬᠢ ᠲᠡᠮᠳᠡᠭᠯᠡᠬᠦ / ᠳᠠᠩᠰᠠᠯᠠᠬᠤ ᠲᠣᠪᠴᠢ ᠶ᠋ᠢ ᠲᠣᠪᠴᠢᠳᠠᠨ ᠂ ᠬᠡᠷᠡᠭᠯᠡᠭᠴᠢ ᠲᠦᠷᠭᠡᠨ ᠳᠠᠩᠰᠠᠯᠠᠬᠤ ᠶᠢ ᠬᠡᠷᠡᠭᠯᠡᠨ᠎ᠡ ︔

 

 

 

    ᠬᠣᠶᠠᠳᠤᠭᠠᠷ ᠠᠯᠬᠤᠮ ᠄ ᠡᠯᠧᠺᠲ᠋ᠷᠣᠨ ᠭᠤᠪᠢᠭᠤᠯᠭ᠎ᠠ ᠶᠢᠨ ᠬᠠᠭᠤᠳᠠᠰᠦ ᠶ᠋ᠢᠨ ᠬᠠᠪᠴᠢᠭᠤᠷ  ᠤᠨ ᠭᠤᠪᠢᠭᠤᠯᠭ᠎ᠠ ᠶᠢᠨ ᠬᠠᠭᠤᠳᠠᠰᠦ ᠶ᠋ᠢᠨ ᠬᠠᠪᠴᠢᠭᠤᠷ ᠢ᠋ ᠲᠣᠪᠴᠢ ᠶ᠋ᠢ ᠲᠣᠪᠴᠢᠳᠠᠪᠠᠯ ᠨᠢᠭᠡᠨᠲᠡ ᠪᠢᠴᠢᠵᠦ ᠦᠭᠭᠦᠭᠰᠡᠨ ᠪᠣᠢ ᠪᠦᠬᠦᠢ ᠡᠯᠧᠺᠲ᠋ᠷᠣᠨ ᠫᠢᠶᠣᠣ ᠪᠠᠷᠢᠮᠲᠠ ᠶ᠋ᠢ ᠪᠠᠢᠴᠠᠭᠠᠨ ᠦᠵᠡᠵᠦ ᠪᠣᠯᠤᠨ᠎ᠠ ;

 

 

 

    ᠭᠤᠷᠪᠠᠳᠤᠭᠠᠷ ᠠᠯᠬᠤᠮ ᠄ ᠫᠢᠶᠣᠣ ᠪᠠᠷᠢᠮᠲᠠ ᠶ᠋ᠢ ᠳᠣᠶᠢᠵᠤ ᠂ ᠡᠯᠧᠺᠲ᠋ᠷᠣᠨ ᠫᠢᠶᠣᠣ ᠶ᠋ᠢ ᠪᠠᠢᠴᠠᠭᠠᠨ ᠦᠵᠡᠨ᠎ᠡ ᠃

 

 

    ᠠᠩᠬᠠᠷᠬᠤ ᠨᠢ

    ᠸᠢᠴᠠᠲ ᠬᠡᠷᠡᠭᠯᠡᠭᠴᠢ ᠭᠠᠷ ᠤᠲᠠᠰᠤᠨ ᠨᠣᠮᠧᠷ ᠢᠶᠡᠨ ᠬᠡᠷᠡᠭ ᠪᠣᠯᠭᠠᠨ  ᠳᠠᠩᠰᠠᠯᠠᠭᠰᠠᠨ ᠲᠤᠬᠠᠢᠯᠠᠭᠰᠠᠨ ᠠᠵᠢᠯ ᠢ᠋ ᠭᠦᠢᠴᠡᠳᠬᠡᠬᠦ ᠦᠶ᠎ᠡ  ᠳᠦ ᠬᠡᠷᠡᠭᠯᠡᠭᠰᠡᠨ ᠭᠠᠷ ᠤᠲᠠᠰᠤᠨ ᠤ᠋ ᠨᠣᠮᠧᠷ ᠢ᠋  ᠬᠠᠩᠭᠠᠭᠠᠷᠠᠢ ᠃

    ᠵᠠᠷᠭᠤ ᠶ᠋ᠢᠨ ᠰᠦᠢᠳᠬᠡᠯ ᠢ᠋ ᠡᠯᠧᠺᠲ᠋ᠷᠣᠨ ᠫᠢᠶᠣᠣ ᠪᠠᠷᠢᠮᠲᠠ ᠶ᠋ᠢ ᠬᠡᠷᠡᠭᠯᠡᠬᠦ ᠳ᠋ᠦ᠍ ᠳᠥᠭᠥᠮ ᠮᠥᠷᠲᠡᠭᠡᠨ ᠲᠤᠬᠠᠢ ᠶ᠋ᠢᠨ ᠬᠥᠮᠦᠨ ᠦ᠌ ᠵᠠᠷᠭᠤ ᠶ᠋ᠢᠨ ᠰᠦᠢᠳᠬᠡᠯ ᠢ᠋ ᠲᠤᠰᠢᠶᠠᠬᠤ ᠂ ᠰᠢᠭᠦᠬᠦ ᠬᠣᠷᠢᠶᠠᠨ ᠤ᠋ ᠪᠦᠬᠦ ᠶᠠᠪᠤᠴᠠ ᠶ᠋ᠢᠨ ᠬᠢᠨᠠᠨ ᠡᠵᠡᠮᠳᠡᠬᠦ ᠬᠠᠮᠢᠶᠠᠷᠤᠯᠲᠠ ᠶ᠋ᠢᠨ ᠰᠦᠢᠳᠬᠡᠯ ᠦ᠋ᠨ ᠵᠣᠭᠣᠰ ᠢ᠋ ᠰᠢᠯᠵᠢᠭᠦᠯᠬᠦ ᠶᠠᠪᠤᠴᠠ  ᠳᠦ ᠳᠥᠭᠥᠮ ᠦᠵᠡᠭᠦᠯᠵᠦ ᠂ ᠣᠯᠠᠨ ᠲᠦᠮᠡᠨ ᠦ᠌ ᠰᠦᠯᠵᠢᠶᠡᠨ ᠳᠡᠭᠡᠷ᠎ᠡ ᠬᠡᠷᠡᠭ ᠪᠣᠯᠭᠠᠨ ᠳᠠᠩᠰᠠᠯᠠᠵᠤ ᠰᠦᠢᠳᠬᠡᠯ ᠲᠤᠰᠢᠶᠠᠵᠤ ᠴᠠᠭ ᠲᠤᠬᠠᠢ ᠳ᠋ᠤᠨᠢ ᠫᠢᠶᠣᠣ ᠪᠠᠷᠢᠮᠲᠠ ᠣᠯᠬᠤ 《 ᠬᠠᠮᠤᠭ ᠡᠴᠦᠰ ᠦ᠋ᠨ ᠵᠠᠮ 》 ᠢ᠋ ᠨᠡᠪᠲᠡᠷᠡᠭᠦᠯᠵᠦ ᠂ ᠲᠤᠬᠠᠢ ᠶ᠋ᠢᠨ ᠬᠥᠮᠦᠨ ᠦ᠌ ᠵᠠᠷᠭᠤᠯᠳᠤᠬᠤ ᠴᠠᠭ ᠤ᠋ᠨ ᠥᠪᠡᠷ ᠦ᠋ᠨ ᠥᠷᠲᠡᠭ ᠢ᠋ ᠠᠷᠪᠢᠯᠠᠵᠤ ᠣᠯᠠᠨ ᠲᠦᠮᠡᠨ ᠦ᠌ 《 ᠨᠢᠭᠡ ᠤᠳᠠᠭ᠎ᠠ ᠴᠤ᠌ ᠭᠦᠶᠦᠬᠦ ᠬᠡᠷᠡᠭ ᠦᠭᠡᠢ 》 ᠬᠠᠷᠠᠯᠲᠠ ᠶ᠋ᠢ ᠪᠡᠶᠡᠯᠡᠭᠦᠯᠬᠦ ᠳ᠋ᠦ᠍ ᠴᠦ᠍ ᠳᠥᠭᠥᠮ ᠪᠣᠯᠵᠠᠢ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )