《ᠲᠥᠯᠥᠭᠡᠯᠡᠭᠴᠢ ᠭᠡᠰᠢᠭᠦᠳ ᠦᠨ ᠨᠡᠭᠡᠭᠡᠯᠲᠡ ᠶ᠋ᠢᠨ ᠰᠠᠷ᠎ᠠ》 VR ᠬᠠᠤᠯᠢ ᠴᠠᠭᠠᠵᠠ ᠶ᠋ᠢᠨ ᠬᠠᠯᠠᠭᠤᠨ ᠳᠤᠯᠠᠭᠠᠨ ᠢ ᠪᠡᠶᠡᠴᠢᠯᠡᠨ ᠣᠢᠯᠠᠭᠠᠵᠤ— ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠠᠷᠠᠳ ᠤ᠋ᠨ ᠲᠥᠯᠥᠭᠡᠯᠡᠭᠴᠢ ᠂ ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠳ ᠢ᠋ ᠤᠷᠢᠵᠤ ᠲᠢᠩᠬᠢᠮ ᠦ᠋ᠨ ᠰᠢᠭᠦᠯᠲᠡ ᠶ᠋ᠢ ᠰᠤ
2023.09.20 ᠲᠣᠰ ᠥᠷᠲᠡᠭᠡᠨ᠎ᠦ ᠨᠠᠢᠷᠠᠭᠤᠯᠤᠭᠴᠢ

    ᠬᠠᠤᠯᠢ ᠪᠠᠷᠢᠬᠤ ᠶ᠋ᠢ ᠤᠯᠠᠮ ᠨᠢᠭᠡ ᠠᠯᠬᠤᠮ ᠢᠯᠡ ᠪᠣᠯᠭᠠᠬᠤ ᠶᠢ ᠭᠦᠨᠵᠡᠭᠡᠢᠷᠡᠭᠦᠯᠦᠨ᠂ ᠨᠡᠢᠭᠡᠮ ᠦ᠋ᠨ ᠬᠢᠨᠠᠯᠲᠠ ᠶ᠋ᠢ ᠤᠬᠠᠮᠰᠠᠷ ᠠ᠋ᠴᠠ ᠪᠠᠨ ᠬᠦᠯᠢᠶᠡᠵᠦ ᠂ ᠬᠠᠤᠯᠢ ᠴᠠᠭᠠᠵᠠ ᠶ᠋ᠢᠨ ᠢᠯᠡ ᠲᠣᠳᠣ ᠶ᠋ᠢᠨ ᠬᠡᠮᠵᠢᠶ᠎ᠡ ᠪᠠ ᠢᠲᠡᠭᠡᠭᠦᠯᠬᠦ ᠬᠦᠴᠦᠨ ᠢ᠋ ᠳᠡᠭᠡᠭᠰᠢᠯᠡᠭᠦᠯᠬᠦ ᠶ᠋ᠢᠨ ᠲᠥᠯᠥᠭᠡ ᠂ 9 ᠰᠠᠷ᠎ᠠ ᠶ᠋ᠢᠨ 12 ᠤ᠋ ᠡᠳᠦᠷ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠤᠤᠯ ᠪᠣᠳᠠᠰ ᠤ᠋ᠨ  ᠪᠤᠴᠠᠭᠠᠨ ᠥᠭᠬᠦ ᠵᠢᠭᠤᠷᠠᠯᠳᠤᠭᠠᠨ ᠢ᠋ ᠬᠣᠶᠠᠳᠤᠭᠠᠷ ᠰᠢᠭᠦᠯᠲᠡ ᠶ᠋ᠢᠨ ᠬᠡᠷᠡᠭ ᠢ᠋ ᠢᠯᠡ ᠪᠡᠷ ᠰᠢᠭᠦᠨ ᠰᠢᠢᠳᠪᠦᠷᠢᠯᠡᠵᠦ ᠂  ᠨᠢᠭᠡ ᠪᠥᠯᠦᠭ ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠲᠥᠯᠥᠭᠡᠯᠡᠭᠴᠢ ᠂ ᠤᠯᠤᠰ ᠲᠥᠷᠥ ᠶ᠋ᠢᠨ ᠵᠥᠪᠯᠡᠯᠭᠡᠨ ᠦ᠌ ᠬᠡᠰᠢᠭᠦᠳ ᠢ᠋ ᠤᠷᠢᠵᠤ ᠲᠢᠩᠬᠢᠮ ᠦ᠋ᠨ ᠰᠢᠭᠦᠯᠲᠡ ᠶ᠋ᠢ ᠦᠵᠡᠭᠦᠯᠪᠡ ᠃

 

 

    ᠲᠢᠩᠬᠢᠮ ᠦ᠋ᠨ ᠰᠢᠭᠦᠯᠲᠡ ᠳ᠋ᠦ᠍᠂ ᠳᠠᠭᠠᠭᠠᠨ ᠠᠪᠤᠭᠰᠠᠨ ᠰᠢᠭᠦᠭᠴᠢ ᠰᠢᠭᠦᠬᠦ ᠲᠢᠩᠬᠢᠮ ᠦ᠋ᠨ ᠰᠢᠭᠦᠨ ᠲᠠᠰᠤᠯᠤᠯᠲᠠ ᠶ᠋ᠢᠨ ᠠᠵᠢᠯᠯᠠᠭ᠎ᠠ ᠶ᠋ᠢ ᠬᠠᠤᠯᠢ ᠳ᠋ᠤ᠌ ᠲᠣᠭᠲᠠᠭᠠᠭᠰᠠᠨ ᠵᠢᠷᠤᠮ ᠢ᠋ ᠴᠢᠩᠭ᠎ᠠ ᠵᠢᠷᠤᠮᠯᠠᠨ ᠶᠠᠪᠤᠭᠤᠯᠬᠤ ᠠᠵᠢᠯᠯᠠᠭ᠎ᠠ ᠬᠢᠵᠦ ᠂ ᠬᠣᠶᠠᠷ ᠲᠠᠯ᠎ᠠ ᠶ᠋ᠢᠨ ᠲᠤᠬᠠᠢ ᠶ᠋ᠢᠨ ᠬᠥᠮᠦᠨ ᠢ᠋ ᠬᠥᠲᠥᠯᠦᠨ ᠵᠢᠯᠣᠭᠣᠳᠴᠤ ᠰᠢᠭᠦᠬᠦ ᠲᠢᠩᠬᠢᠮ ᠦ᠋ᠨ ᠪᠠᠢᠴᠠᠭᠠᠯᠲᠠ᠂ ᠰᠢᠭᠦᠬᠦ ᠲᠢᠩᠬᠢᠮ ᠦ᠋ᠨ ᠮᠠᠷᠭᠤᠯᠳᠤᠭᠠᠨ ᠬᠢᠯᠭᠡᠵᠦ ᠂ ᠮᠠᠷᠭᠤᠯᠳᠤᠭᠠᠨ ᠤ᠋ ᠲᠥᠪᠯᠡᠷᠡᠯ ᠦ᠋ᠨ ᠴᠡᠭ ᠢ ᠣᠨᠣᠪᠴᠢᠲᠠᠢ ᠳ᠋ᠦᠩᠨᠡᠪᠡ ᠃ ᠲᠤᠰ ᠬᠡᠷᠡᠭ ᠦ᠋ᠨ ᠭᠤᠷᠪᠠᠳᠤᠭᠠᠷ ᠬᠥᠮᠦᠨ ᠦ᠌ ᠰᠣᠶᠣᠯ ᠤ᠋ᠨ ᠬᠢᠷᠢ ᠲᠦᠪᠰᠢᠨ ᠬᠢᠵᠠᠭᠠᠷᠲᠠᠢ ᠪᠣᠯᠬᠣᠷ ᠰᠢᠭᠦᠭᠴᠢ ᠬᠣᠯᠪᠣᠭᠳᠠᠯ ᠪᠦᠬᠦᠢ ᠦᠰᠦᠭ ᠪᠢᠴᠢᠭ ᠦᠨ ᠮᠠᠲ᠋ᠧᠷᠢᠶᠠᠯ ᠢ᠋ ᠦᠰᠦᠭ ᠳᠠᠷᠠᠭᠠᠯᠠᠨ ᠤᠩᠰᠢᠵᠤ ᠂ ᠡᠭᠦᠨ ᠦ᠌ ᠬᠠᠮᠲᠤ ᠲᠡᠭᠦᠨ ᠳ᠋ᠦ᠍ ᠰᠠᠨᠠᠭ᠎ᠠ ᠰᠡᠳᠬᠢᠯ ᠢ᠋ᠶ᠋ᠡᠨ ᠠᠭᠤᠵᠢᠷᠠᠲᠠᠯ᠎ᠠ ᠲᠠᠢᠯᠪᠤᠷᠢᠯᠠᠵᠤ ᠂ ᠭᠤᠷᠪᠠᠳᠤᠭᠠᠷ ᠬᠥᠮᠦᠨ ᠦ᠌ ᠵᠠᠷᠭᠤ ᠶ᠋ᠢᠨ ᠠᠰᠢᠭ ᠲᠤᠰᠠ ᠶ᠋ᠢ ᠭᠦᠢᠴᠡᠳ ᠪᠠᠲᠤᠯᠠᠵᠤ ᠂ ᠰᠠᠢᠨ ᠰᠠᠢᠬᠠᠨ ᠬᠠᠤᠯᠢ ᠴᠠᠭᠠᠵᠠ ᠶ᠋ᠢᠨ ᠬᠡᠪ ᠪᠣᠯᠪᠠᠰᠤᠷᠠᠯ ᠨᠢ ᠲᠥᠯᠥᠭᠡᠯᠡᠭᠴᠢ ᠭᠡᠰᠢᠭᠦᠨ ᠳ᠋ᠦ᠍ ᠰᠢᠭᠦᠨ ᠲᠠᠰᠤᠯᠬᠤ ᠵᠢᠷᠤᠮ ᠤ᠋ᠨ ᠲᠥᠪ ᠭᠣᠣᠯᠴᠢ ᠨᠢᠭᠲᠠ ᠴᠢᠩᠭ᠎ᠠ ᠂ ᠬᠠᠤᠯᠢ ᠴᠠᠭᠠᠵᠠ ᠶ᠋ᠢᠨ ᠡᠷᠬᠡ ᠰᠦᠷ ᠲᠥᠪ ᠴᠢᠩᠭ᠎ᠠ ᠪᠠ ᠠᠷᠠᠳ ᠤ᠋ᠨ ᠲᠥᠯᠥᠭᠡ ᠬᠠᠤᠯᠢ ᠪᠠᠷᠢᠬᠤ ᠶ᠋ᠢᠨ ᠬᠠᠢᠷ᠎ᠠ ᠬᠠᠯᠠᠮᠵᠢ ᠠᠷᠢᠭᠤᠨ ᠰᠡᠳᠬᠢᠯᠭᠡ ᠶ᠋ᠢ ᠭᠦᠨᠵᠡᠭᠡᠢ ᠣᠢᠯᠠᠭᠠᠭᠤᠯᠪᠠ ᠃

 

 

    ᠲᠢᠩᠬᠢᠮ ᠦ᠋ᠨ ᠰᠢᠭᠦᠯᠲᠡ ᠳᠠᠭᠤᠰᠤᠭᠰᠠᠨ ᠤ᠋ ᠳᠠᠷᠠᠭ᠎ᠠ ᠂ ᠲᠢᠩᠬᠢᠮ ᠦ᠋ᠨ ᠰᠢᠭᠦᠯᠲᠡ ᠶ᠋ᠢ ᠰᠤᠯᠠ ᠰᠣᠨᠣᠰᠤᠭᠰᠠᠨ ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠲᠥᠯᠥᠭᠡᠯᠡᠭᠴᠢ ᠂ ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠳ ᠲᠤᠰ ᠤᠳᠠᠭᠠᠨ ᠤ᠋ ᠲᠢᠩᠬᠢᠮ ᠦ᠋ᠨ ᠰᠢᠭᠦᠯᠲᠡ ᠶ᠋ᠢ ᠭᠦᠢᠴᠡᠳ ᠨᠤᠲᠠᠯᠠᠵᠤ ᠂ ᠰᠢᠭᠦᠬᠦ ᠬᠣᠷᠢᠶᠠᠨ ᠤ᠋ ᠢᠯᠡ ᠰᠢᠭᠦᠯᠲᠡ ᠶ᠋ᠢᠨ ᠲᠢᠩᠬᠢᠮ ᠦ᠋ᠨ ᠰᠢᠭᠦᠯᠲᠡ ᠨᠢ ᠲᠥᠯᠥᠭᠡᠯᠡᠭᠴᠢ ᠭᠡᠰᠢᠭᠦᠨ ᠳ᠋ᠦ᠍ ᠬᠢᠨᠠᠯᠲᠠ ᠲᠠᠯᠪᠢᠬᠤ ᠡᠷᠬᠡ ᠪᠡᠨ ᠬᠡᠷᠡᠭᠵᠢᠭᠦᠯᠬᠦ ᠳ᠋ᠦ᠍ ᠨᠢᠭᠡᠨ ᠰᠠᠢᠨ ᠰᠠᠢᠬᠠᠨ ᠲᠠᠪᠴᠠᠩ ᠪᠠᠢᠭᠤᠯᠤᠭᠰᠠᠨ ᠪᠥᠭᠡᠳ ᠨᠡᠢᠭᠡᠮ ᠨᠡᠢᠲᠡ ᠳ᠋ᠦ᠍ ᠨᠡᠩ ᠰᠢᠭᠤᠳ ᠦᠵᠡᠭᠦᠯᠦᠯᠭᠡ ᠶ᠋ᠢᠨ ᠠᠷᠭ᠎ᠠ ᠮᠠᠶᠢᠭ ᠢ᠋ᠶ᠋ᠠᠷ ᠰᠢᠭᠦᠬᠦ ᠬᠣᠷᠢᠶᠠᠨ ᠤ᠋ ᠰᠢᠭᠦᠨ ᠲᠠᠰᠤᠯᠬᠤ ᠠᠵᠢᠯ ᠢ᠋ ᠣᠢᠯᠠᠭᠠᠭᠤᠯᠤᠭᠰᠠᠨ ᠪᠠᠢᠨ᠎ᠠ ᠂ ᠡᠨᠡ ᠨᠢ ᠬᠠᠤᠯᠢ ᠴᠠᠭᠠᠵᠠ ᠶ᠋ᠢᠨ ᠢᠯᠡ ᠲᠣᠳᠣ ᠶ᠋ᠢᠨ ᠬᠡᠮᠵᠢᠶ᠎ᠡ ᠶ᠋ᠢ ᠨᠡᠮᠡᠭᠳᠡᠭᠦᠯᠵᠦ ᠂ ᠬᠠᠤᠯᠢ ᠴᠠᠭᠠᠵᠠ ᠶ᠋ᠢ ᠢᠯᠡ ᠪᠣᠯᠭᠠᠬᠤ ᠶ᠋ᠢ ᠠᠬᠢᠭᠤᠯᠬᠤ ᠳ᠋ᠤ᠌ ᠢᠳᠡᠪᠬᠢᠲᠡᠢ ᠦᠢᠯᠡᠳᠦᠯ ᠦᠵᠡᠭᠦᠯᠦᠭᠰᠡᠨ ᠪᠠᠢᠨ᠎ᠠ ᠭᠡᠵᠦ ᠢᠯᠡᠷᠬᠡᠢᠯᠡᠵᠡᠢ ᠃

    ᠳᠠᠷᠠᠭᠠᠴᠢ ᠶ᠋ᠢᠨ ᠠᠯᠬᠤᠮ ᠳ᠋ᠤ᠌ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠵᠠᠩ ᠵᠢᠶᠦ᠋ᠨ ᠬᠣᠷᠢᠶᠠᠨ ᠳᠠᠷᠤᠭ᠎ᠠ ᠲᠥᠯᠥᠭᠡᠯᠡᠭᠴᠢ ᠭᠡᠰᠢᠭᠦᠳ ᠤᠨ ᠬᠠᠷᠢᠯᠴᠠᠬᠤ ᠠᠵᠢᠯ ᠳ᠋ᠤ᠌ ᠳᠤᠷᠠᠳᠤᠭᠰᠠᠨ 《 ᠰᠢᠯᠢᠳᠡᠭ ᠂ ᠨᠠᠷᠢᠯᠢᠭ ᠂ ᠪᠠᠢᠩᠭᠤ ᠶ᠋ᠢᠨ᠂ ᠪᠣᠳᠠᠲᠠᠢ ᠂ ᠰᠢᠨ᠎ᠡ 》 ᠪᠣᠳᠠᠲᠠᠢ ᠠᠵᠢᠯ ᠤ᠋ᠨ ᠱᠠᠭᠠᠷᠳᠠᠯᠭ᠎ᠠ ᠶ᠋ᠢ ᠭᠦᠨᠵᠡᠭᠡᠢ ᠲᠤᠤᠱᠯᠠᠭᠤᠯᠤᠨ ᠨᠠᠢᠳᠠᠪᠤᠷᠢᠵᠢᠭᠤᠯᠵᠤ ᠂ ᠠᠵᠢᠯ ᠤ᠋ᠨ ᠲᠣᠭᠲᠠᠴᠠ ᠪᠠᠨ ᠤᠯᠠᠮ ᠲᠡᠭᠦᠯᠳᠡᠷᠵᠢᠭᠦᠯᠦᠨ ᠂ ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠲᠥᠯᠥᠭᠡᠯᠡᠭᠴᠢ ᠂ ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠳ ᠲᠡᠢ ᠨᠡᠪᠲᠡᠷᠡᠯᠴᠡᠭᠡ ᠬᠠᠷᠢᠯᠴᠠᠬᠤ ᠠᠵᠢᠯ ᠢ᠋ᠶ᠋ᠠᠨ ᠴᠢᠩᠭᠠᠳᠬᠠᠵᠤ ᠂ ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠤ᠋ᠨ ᠲᠥᠯᠥᠭᠡᠯᠡᠭᠴᠢ ᠪᠠ ᠤᠯᠤᠰ ᠲᠥᠷᠥ ᠶ᠋ᠢᠨ ᠵᠥᠪᠯᠡᠯᠭᠡᠨ ᠦ᠌ ᠭᠡᠰᠢᠭᠦᠳ ᠦ᠋ᠨ ᠰᠢᠭᠦᠬᠦ ᠬᠣᠷᠢᠶᠠᠨ ᠤ᠋ ᠠᠵᠢᠯ ᠳ᠋ᠤ᠌ ᠣᠷᠣᠯᠴᠠᠬᠤ ᠭᠦᠨᠴᠡ ᠪᠠ ᠥᠷᠭᠡᠴᠡ ᠶ᠋ᠢ ᠥᠷᠭᠡᠳᠬᠡᠨ ᠂ ᠲᠥᠪ ᠭᠣᠣᠯᠴᠢ ᠪᠠᠷ ᠬᠠᠤᠯᠢ ᠬᠡᠷᠡᠭᠵᠢᠭᠦᠯᠬᠦ ᠲᠤᠬᠠᠢ ᠠᠷᠠᠳ ᠣᠯᠠᠨ ᠤ᠋ ᠰᠢᠨ᠎ᠡ ᠬᠦᠰᠡᠯ ᠡᠷᠡᠮᠡᠯᠵᠡᠯ᠂ ᠰᠢᠨ᠎ᠡ ᠱᠠᠭᠠᠷᠳᠠᠯᠭ᠎ᠠ ᠶ᠋ᠢ ᠲᠠᠰᠤᠷᠠᠯᠲᠠ ᠦᠭᠡᠢ ᠬᠠᠩᠭᠠᠶ᠎ᠠ ᠭᠡᠰᠡᠨ ᠪᠠᠢᠨ᠎ᠠ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )