〔 ᠮᠢᠨᠦ ᠬᠡᠷᠡᠭ ᠳᠠᠰᠤᠯᠠᠬᠤ ᠶᠢ ᠰᠣᠨᠤᠰᠤᠭᠠᠷᠠᠢ 〕ᠬᠠᠩᠭᠢᠨ ᠬᠤᠰᠢᠭᠤᠨ ᠤ᠋ ᠠᠷᠠᠳ ᠤ᠋ᠨ ᠰᠢᠭᠦᠬᠦ ᠬᠣᠷᠢᠶ᠎ᠠ ᠸᠠᠩ ᠵᠢᠩ ᠄ 《 ᠰᠠᠨᠠᠭ᠎ᠠ ᠠᠨᠤ ᠲᠡᠭᠰᠢ ᠪᠤᠰᠤ 》ᠪᠠᠢᠳᠠᠯ ᠳᠣᠣᠷ᠎ᠠ  ᠬᠦᠰᠡᠯ ᠵᠣᠷᠢᠭ  ᠢ᠋ᠶ᠋ᠡᠨ ᠦᠨᠳᠦᠰᠦᠯᠡᠭᠦᠯᠦᠶ᠎ᠡ
2023.09.04 ᠲᠣᠰ ᠥᠷᠲᠡᠭᠡᠨ᠎ᠦ ᠨᠠᠢᠷᠠᠭᠤᠯᠤᠭᠴᠢ

    ᠰᠢᠨ᠎ᠡ ᠴᠠᠭ ᠦᠶ ᠡ ᠶ᠋ᠢᠨ ᠰᠢᠭᠦᠬᠦ ᠬᠣᠷᠢᠶᠠᠨ ᠤ᠋ ᠺᠠᠲᠷ ᠴᠠᠭᠳᠠᠭ᠎ᠠ ᠪᠣᠯᠤᠭᠰᠠᠨ ᠤ᠋ ᠬᠤᠪᠢ ᠳ᠋ᠤ᠌

    ᠲᠡᠳᠡ ᠬᠠᠤᠯᠢ ᠴᠠᠭᠠᠵᠠ ᠶ᠋ᠢ ᠬᠠᠮᠠᠭᠠᠯᠠᠵᠤ ᠂ ᠮᠠᠭᠤ ᠶ᠋ᠢ ᠳᠠᠷᠤᠵᠦ ᠰᠠᠢᠨ ᠢ ᠮᠠᠨᠳᠤᠭᠤᠯᠤᠨ᠎ᠠ

    ᠲᠡᠳᠡ ᠰᠢᠳᠤᠷᠭᠤ ᠶᠣᠰᠣ ᠶ᠋ᠢ ᠡᠭᠦᠷᠭᠡᠯᠡᠵᠦ ᠂ ᠬᠡᠵᠢᠶᠡᠳᠡ ᠲᠦᠷᠦᠭᠦᠨ ᠳ᠋ᠦᠨᠢ ᠳᠠᠭᠠᠷᠢᠨ ᠣᠷᠤᠨ᠎ᠠ

     ᠲᠡᠳᠡ ᠬᠠᠯᠠᠭᠤᠨ ᠰᠡᠳᠭᠢᠯᠭᠡ ᠡᠪᠦᠷᠯᠡᠵᠦ

    ᠬᠠᠤᠯᠢ ᠴᠠᠭᠠᠵᠠ ᠶ᠋ᠢᠨ ᠳᠤᠯᠠᠭᠠᠴᠠ ᠶ᠋ᠢ ᠴᠢᠷᠮᠠᠢᠨ ᠳᠠᠮᠵᠢᠭᠤᠯᠤᠨ᠎ᠠ

    ᠣᠷᠳᠣᠰ ᠬᠣᠲᠠ ᠶ᠋ᠢᠨ ᠰᠢᠭᠦᠬᠦ ᠬᠣᠷᠢᠶ ᠠ ᠶ᠋ᠢᠨ ᠭᠤᠷᠪᠠᠳᠤᠭᠠᠷ ᠬᠤᠭᠤᠴᠠᠭᠠᠨ ᠤ

 《ᠮᠢᠨᠦ ᠬᠡᠷᠡᠭ ᠢ᠋ ᠲᠠᠰᠤᠯᠬᠤ ᠶ᠋ᠢ ᠰᠣᠨᠤᠰᠤᠭᠠᠷᠠᠢ》 ᠭᠡᠬᠦ ᠦᠯᠢᠭᠡᠷ ᠤᠨ ᠰᠠᠩ ᠤᠨ ᠠᠵᠢᠯᠯᠠᠭ᠎ᠠ ᠲᠡᠭᠦᠰ ᠠᠮᠵᠢᠯᠲᠠ ᠲᠠᠢ ᠳᠠᠭᠤᠰᠪᠠ

 《 ᠮᠢᠨᠦ ᠬᠡᠷᠡᠭ ᠢ᠋ ᠲᠠᠰᠤᠯᠬᠤ ᠶ᠋ᠢ ᠰᠣᠨᠤᠰᠤᠭᠠᠷᠠᠢ 》 ᠭᠡᠬᠦ ᠲᠤᠰᠬᠠᠢ ᠪᠤᠯᠤᠩ

    ᠦᠵᠡᠭᠦᠯᠦᠭᠡ ᠨᠡᠪᠲᠡᠷᠡᠭᠦᠯᠭᠡ ᠶᠢᠨ ᠢᠷᠡᠯᠲᠡ ᠨᠢ

    ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ ᠤᠷᠤᠯᠳᠤᠭᠠᠨ ᠳ᠋ᠤ᠌ ᠣᠷᠣᠯᠴᠠᠭᠰᠠᠨ 10 ᠬᠥᠮᠦᠰ ᠤᠨ ᠭᠠᠢᠬᠠᠮᠰᠢᠭᠲᠤ ᠦᠯᠢᠭᠡᠷ  ᠪᠣᠯᠤᠨ᠎ᠠ

    ᠲᠡᠳᠡᠨ ᠦ᠌ ᠬᠠᠮᠤᠭ ᠤ᠋ᠨ ᠦᠨᠡᠨᠴᠢ ᠬᠠᠢᠷ᠎ᠠ ᠰᠡᠳᠬᠢᠯᠭᠡ  ᠪᠡᠷ

    ᠣᠷᠳᠣᠰ ᠤ᠋ᠨ ᠰᠢᠭᠦᠬᠦ ᠬᠣᠷᠢᠶᠠᠨ ᠤ᠋ ᠠᠵᠢᠯᠴᠢᠳ ᠤᠨ

    ᠡᠭᠡᠯ ᠵᠢᠷ ᠦ᠋ᠨ ᠪᠣᠯᠪᠠᠴᠤ ᠶᠡᠷᠦ ᠪᠤᠰᠤ ᠶ᠋ᠢᠨ ᠠᠵᠢᠯ ᠤ᠋ᠨ ᠥᠩᠭᠡᠷᠡᠯᠲᠡ ᠪᠡᠨ ᠶᠠᠷᠢᠬᠤ ᠶᠢ ᠰᠣᠨᠤᠰᠤᠶ ᠠ

    ᠨᠢᠭᠡᠳᠦᠭᠡᠷ ᠳᠡᠰ ᠦ᠋ᠨ ᠱᠠᠩᠨᠠᠯ

    《 <ᠰᠠᠨᠠᠭ᠎ᠠ ᠠᠨᠤ ᠲᠡᠭᠰᠢ ᠪᠤᠰᠤ> ᠳᠤᠮᠳᠠ ᠬᠦᠰᠡᠯ ᠵᠣᠷᠢᠭ ᠢᠶᠡᠨ ᠦᠨᠳᠦᠰᠦᠯᠡᠬᠦ ᠨᠢ 》

     ᠬᠠᠩᠭᠢᠨ ᠬᠤᠰᠢᠭᠤᠨ ᠤ᠋ ᠠᠷᠠᠳ ᠶ᠋ᠢᠨ ᠰᠢᠭᠦᠬᠦ ᠬᠣᠷᠢᠶ᠎ᠠ ᠶ᠋ᠢᠨ ᠸᠠᠩ ᠵᠢᠩ

 

 

    ᠯᠢ ᠣᠪᠣᠭᠲᠤ ᠪᠣᠯ ᠨᠢᠭᠡᠨ ᠥᠨᠳᠥᠷ ᠮᠥᠷᠲᠡᠭᠡᠨ ᠲᠤᠷᠠᠩᠬᠠᠢ ᠡᠮᠡᠭᠲᠡᠢ ᠪᠣᠯᠤᠨ᠎ᠠ ᠂ ᠰᠢᠭᠦᠬᠦ ᠬᠣᠷᠢᠶᠠᠨ ᠳ᠋ᠤ᠌ ᠵᠠᠭᠠᠯᠳᠤᠯᠭ᠎ᠠ ᠬᠢᠵᠦ ᠤᠷᠤᠭ ᠰᠠᠯᠬᠤ ᠪᠠ ᠭᠡᠷᠡᠴᠢ ᠪᠠᠷᠢᠮᠲᠠ ᠰᠢᠯᠵᠢᠭᠦᠯᠦᠨ ᠠᠪᠬᠤ ᠪᠠᠷ ᠭᠤᠶᠤᠴᠢᠯᠠᠭᠰᠠᠨ ᠪᠠᠢᠨ᠎ᠠ᠃ ᠶᠠᠮᠠᠷ ᠭᠡᠷᠡᠴᠢ ᠪᠠᠷᠢᠮᠲᠠ ᠰᠢᠯᠵᠢᠭᠦᠯᠦᠨ ᠠᠪᠬᠤ ᠪᠣᠢ? ᠭᠡᠷ ᠪᠦᠯᠢ ᠶᠢᠨ ᠬᠦᠴᠦᠷᠬᠡᠭᠯᠡᠯ ᠤᠨ ᠭᠡᠷᠡᠴᠢ ᠪᠠᠷᠢᠮᠲᠠ ! ᠡᠭᠦᠨ ᠢ ᠰᠢᠯᠵᠢᠭᠦᠯᠦᠨ ᠠᠪᠬᠤ ᠳᠦ ᠬᠠᠮᠢᠶ᠎ᠠ ᠦᠭᠡᠢ ᠂ ᠨᠢᠭᠡ ᠰᠢᠯᠵᠢᠭᠦᠯᠦᠨ ᠠᠪᠤᠭᠠᠳ ᠦᠵᠡᠬᠦ ᠳᠦ ᠬᠠᠭᠠᠰ ᠵᠢᠯ ᠦ᠋ᠨ ᠳᠣᠲᠣᠷ᠎ᠠ ᠭᠡᠷ ᠪᠦᠯᠢ ᠶᠢᠨ ᠬᠦᠴᠦᠷᠬᠡᠭᠯᠡᠯ ᠤᠨ ᠠᠰᠠᠭᠤᠳᠠᠯ ᠡᠴᠡ ᠪᠣᠯᠵᠤ 7 ᠤᠳᠠᠭ᠎ᠠ ᠬᠡᠷᠡᠭ ᠮᠡᠳᠡᠭᠦᠯᠵᠦ ᠂ ᠡᠭᠦᠨ ᠳ᠋ᠦ᠍ ᠬᠣᠶᠠᠷ ᠤᠳᠠᠭ᠎ᠠ ᠨᠢ 9 ᠨᠠᠰᠤᠲᠠᠢ ᠥᠬᠢᠨ ᠨᠢ ᠬᠡᠷᠡᠭ ᠮᠡᠳᠡᠭᠦᠯᠦᠭᠰᠡᠨ ᠪᠠᠢᠨ᠎ᠠ ᠃

    ᠰᠢᠭᠦᠯᠳᠡ ᠡᠬᠢᠯᠡᠬᠦ ᠡᠴᠡ ᠡᠮᠦᠨ᠎ᠡ ᠪᠢ ᠲᠡᠳᠡᠨ ᠦ᠌ ᠥᠬᠢᠨ ᠲᠡᠢ ᠲᠠᠭᠠᠷᠠᠯᠳᠤᠵᠠᠢ ᠂ ᠪᠢ ᠡᠨᠡ ᠬᠡᠦᠬᠡᠨ ᠲᠡᠢ ᠭᠠᠭᠴᠠᠭᠠᠷ ᠡᠪᠯᠢᠭ ᠢ᠋ᠶ᠋ᠡᠷ ᠶᠠᠷᠢᠯᠴᠠᠭ᠎ᠠ ᠬᠢᠬᠦ ᠭᠡᠵᠦ ᠰᠠᠨᠠᠬᠤ ᠦᠶ᠎ᠡ ᠳ᠋ᠦ᠍ ᠂ ᠪᠢᠴᠢᠬᠠᠨ ᠬᠡᠦᠬᠡᠨ ᠬᠠᠷᠢᠨ ᠲᠤᠢᠯ ᠤ᠋ᠨ ᠨᠠᠮ ᠵᠢᠮ ᠮᠥᠷᠲᠡᠭᠡᠨ ᠲᠣᠮᠤᠭᠠᠲᠠᠢ ᠪᠡᠷ ᠤᠷᠢᠳ ᠢ᠋ᠶ᠋ᠠᠷ ᠠᠮᠠ ᠨᠡᠭᠡᠭᠡᠵᠦ ᠂ ᠲᠡᠷᠡ ᠬᠡᠯᠡᠭᠰᠡᠨ ᠨᠢ ᠄ 《 ᠠᠨᠢᠶ᠎ᠠ ᠂ ᠪᠢ ᠠᠪᠤ ᠡᠵᠢ ᠤᠷᠤᠭ ᠰᠠᠯᠬᠤ ᠶ᠋ᠢ ᠮᠡᠳᠡᠨ᠎ᠡ ᠂ ᠪᠢ ᠲᠡᠳᠡᠨ ᠦ᠌ ᠤᠷᠤᠭ ᠰᠠᠯᠬᠤ ᠶ᠋ᠢ ᠵᠥᠪᠰᠢᠶᠡᠷᠡᠨ᠎ᠡ ᠂ ᠪᠢ ᠡᠵᠢ ᠪᠡᠨ ᠳᠠᠭᠠᠶ᠎ᠠ ᠭᠡᠵᠦ ᠪᠣᠳᠣᠵᠤ ᠪᠠᠢᠨ᠎ᠠ 》 ᠭᠡᠪᠡ ᠂ ᠲᠡᠷᠡ ᠬᠡᠯᠡᠭᠰᠡᠨ ᠨᠢ ᠡᠵᠢ ᠣᠷᠣᠢ ᠰᠢᠭ᠌ ᠭᠡᠷ ᠲᠡᠭᠡᠨ ᠬᠠᠷᠢᠪᠠᠯ ᠠᠪᠤ ᠳᠦ ᠴᠣᠬᠢᠭᠳᠠᠨ᠎ᠠ᠂ ᠠᠪᠤ ᠶ᠋ᠢᠨ ᠤᠲᠠᠰᠤ ᠶ᠋ᠢ ᠳᠤᠰᠬᠤ ᠦᠭᠡᠢ ᠪᠣᠯ ᠪᠠᠰᠠ ᠴᠣᠬᠢᠭᠳᠠᠨ᠎ᠠ ᠂ ᠭᠡᠪᠡᠴᠦ ᠤᠳᠠᠭ᠎ᠠ ᠪᠦᠷᠢ ᠴᠣᠭᠢᠭᠳᠠᠬᠤ ᠦᠶᠡᠰ ᠪᠦᠷ ᠴᠠᠭᠳᠠᠭ᠎ᠠ ᠳ᠋ᠤ᠌ ᠮᠡᠳᠡᠭᠦᠯᠵᠦ ᠴᠢᠳᠠᠬᠤ ᠪᠢᠰᠢ᠂ ᠣᠯᠠᠩᠬᠢ ᠦᠶ᠎ᠡ ᠳ᠋ᠦ᠍ ᠠᠪᠤ ᠭᠠᠷ ᠤᠲᠠᠰᠦ ᠶᠢ ᠪᠤᠯᠢᠶᠠᠨ ᠠᠪᠴᠦ ᠴᠠᠭᠳᠠᠭ᠎ᠠ ᠳ᠋ᠤ᠌ ᠮᠡᠳᠡᠭᠦᠯᠦᠯᠬᠦ ᠦᠭᠡᠢ ᠪᠠᠢᠳᠠᠭ ᠂  ᠲᠡᠷᠡ ᠪᠠᠰᠠ ᠠᠨᠢᠶ᠎ᠠ ᠂ ᠠᠪᠤ ᠡᠵᠢ ᠶ᠋ᠢ ᠴᠣᠬᠢᠬᠤ ᠨᠢ ᠤᠯᠠᠮ ᠠ᠋ᠴᠠ ᠤᠯᠠᠮ ᠬᠦᠨᠳᠦ ᠪᠤᠯᠵᠦ ᠪᠢ ᠠᠶᠤᠵᠦ ᠪᠠᠢᠨ᠎ᠠ  ᠭᠡᠯ᠎ᠡ ︕

    ᠤᠷᠤᠭ ᠰᠠᠯᠬᠤ ᠬᠡᠷᠡᠭ ᠦ᠋ᠨ ᠰᠢᠭᠦᠯᠲᠡ ᠶᠢᠨ ᠡᠮᠦᠨᠡᠬᠢ ᠡᠶᠡᠳᠡᠭᠦᠯᠭᠡ ᠶᠢ ᠡᠷᠬᠡᠪᠰᠢ ᠥᠩᠭᠡᠷᠡᠭᠡᠬᠦ ᠶᠠᠪᠤᠴᠠ ᠪᠣᠯᠤᠨ᠎ᠠ ᠂ ᠭᠡᠲᠡᠯ᠎ᠡ ᠡᠨᠡ ᠡᠮᠡᠭᠲᠡᠢ ᠲᠠᠢ ᠨᠢᠭᠤᠷ ᠵᠣᠯᠭᠠᠬᠤ ᠳᠦ ᠂ ᠪᠢ ᠠᠩᠬ᠎ᠠ ᠤᠳᠠᠭ᠎ᠠ ᠶᠠᠭᠤ ᠬᠡᠯᠡᠬᠦ ᠪᠡᠨ ᠤᠯᠵᠦ ᠶᠠᠳᠠᠯ᠎ᠠ ᠃ ᠲᠡᠷᠡ ᠨᠠᠳᠠ ᠳ᠋ᠤ᠌ ᠪᠢ ᠡᠨᠡᠬᠦ ᠤᠷᠤᠭ ᠶᠢ ᠦᠷᠭᠦᠯᠵᠢᠯᠡᠭᠦᠯᠦᠨ ᠪᠠᠲᠤᠯᠠᠭᠠᠳ  ᠠᠷᠪᠠ ᠭᠠᠷᠤᠢ ᠵᠢᠯ  ᠪᠤᠯᠵᠦ  ᠪᠠᠢᠨ᠎ᠠ ᠂ ᠲᠡᠭᠦᠨ ᠤ ᠤᠳᠠᠭ᠎ᠠ ᠪᠣᠯᠭᠠᠨ ᠭᠠᠳᠠᠭᠰᠢ ᠭᠠᠷᠬᠤ ᠦᠶᠡᠰ ᠡᠷᠡᠭᠲᠡᠢ ᠨᠢ ᠦᠷᠭᠦᠯᠵᠢ ᠲᠡᠭᠦᠨ ᠦ᠌ ᠪᠡᠶ᠎ᠡ ᠳᠡᠭᠡᠷ᠎ᠡ ᠲᠡᠮᠳᠡᠭ ᠲᠠᠯᠪᠢᠬᠤ ᠶᠢ ᠶᠡᠷᠦ ᠨᠢ ᠳᠡᠰᠪᠥᠷᠢᠯᠡᠵᠦ ᠴᠢᠳᠠᠬᠤ ᠦᠭᠡᠢ ᠪᠠᠢᠳᠠᠭ ᠭᠡᠯ᠎ᠡ᠂ ᠵᠥᠪᠬᠡᠨ ᠲᠠᠨᠢᠯ ᠡᠷᠡᠭᠲᠡᠢ ᠬᠥᠮᠦᠨ ᠲᠡᠢ ᠮᠡᠨᠳᠦᠴᠢᠯᠡᠯ ᠬᠢᠪᠡᠯ ᠭᠡᠷ ᠲᠡᠭᠡᠨ ᠬᠠᠷᠢᠬᠤ ᠳ᠋ᠤ᠌ ᠪᠦᠷ ᠬᠠᠷ᠎ᠠ ᠬᠣᠣᠷ ᠲᠠᠢ ᠴᠣᠬᠢᠭᠳᠠᠨ᠎ᠠ ᠂  ᠲᠡᠷᠡ ᠲᠣᠭᠲᠠᠮᠠᠯ ᠴᠠᠭ ᠦᠭᠡᠢ ᠪᠠᠢᠭᠤᠯᠭ᠎ᠠ ᠶ᠋ᠢᠨ ᠬᠢᠨᠢ ᠡᠭᠦᠳᠡᠨ ᠳ᠋ᠦ᠍ ᠣᠴᠢᠵᠤ ᠲᠡᠭᠦᠨ ᠦ᠌ ᠲᠡᠷᠭᠡ ᠶ᠋ᠢ ᠡᠷᠢᠨ᠎ᠡ ᠂ ᠬᠡᠷᠪᠡ ᠡᠷᠢᠵᠦ ᠤᠯᠬᠤ ᠦᠭᠡᠢ ᠪᠤᠯ ᠲᠡᠭᠦᠨ  ᠳᠦ ᠴᠣᠭᠢᠭᠳᠠᠬᠤ ᠰᠢᠯᠲᠠᠭᠠᠨ ᠪᠣᠯᠤᠨ᠎ᠠ᠂ ᠡᠢᠮᠦ ᠣᠯᠠᠨ ᠵᠢᠯ ᠲᠡᠭᠦᠨ ᠦ᠌ ᠪᠡᠶ᠎ᠡ ᠳᠡᠭᠡᠷ᠎ᠡ ᠶᠡᠷᠦ ᠨᠢ ᠰᠢᠷᠬ᠎ᠠ ᠰᠣᠷᠪᠢ  ᠳᠠᠰᠤᠷᠠᠭ᠎ᠠ ᠦᠭᠡᠢ ᠂ ᠲᠡᠭᠦᠨ ᠤ ᠬᠠᠮᠠᠷ ᠤ᠋ᠨ ᠶᠠᠰᠤ ᠂ ᠬᠠᠪᠢᠷᠭ᠎ᠠ  ᠶᠢᠨ ᠶᠠᠰᠦ ᠨᠢ ᠬᠤᠭᠤᠷᠠᠵᠤ  ᠥᠩᠭᠡᠷᠡᠭᠰᠡᠨ ᠭᠡᠯ᠎ᠡ ᠂ ᠲᠡᠷᠡ ᠬᠡᠯᠡᠬᠦ ᠳ᠋ᠡᠭᠡᠨ ᠲᠡᠭᠦᠨ ᠦ᠌ ᠠᠮᠢᠳᠤᠷᠠᠯ ᠨᠢ ᠬᠠᠷᠠᠩᠭᠤᠢᠳᠠᠵᠤ᠂ ᠭᠡᠪᠡᠴᠦ ᠤᠷᠤᠭ ᠰᠠᠯᠬᠤ ᠵᠣᠷᠢᠭ ᠦᠭᠡᠢ ! ᠵᠠᠭᠠᠯᠳᠤᠬᠤ ᠠ᠋ᠴᠠ ᠡᠮᠦᠨ᠎ᠡ ᠡᠷᠡᠭᠲᠡᠢ  ᠳ᠋ᠡᠭᠡᠨ ᠴᠣᠬᠢᠭᠳᠠᠭᠰᠠᠨ ᠤ ᠰᠡᠭᠦᠯᠡᠷ ᠂ ᠲᠡᠷᠡ ᠲᠠᠪᠤᠳᠤᠭᠠᠷ ᠠᠰᠠᠷ ᠤ᠋ᠨ ᠴᠣᠩᠬᠣᠨ ᠳᠡᠭᠡᠷ᠎ᠡ ᠵᠣᠭᠰᠣᠵᠤ ᠂ ᠦᠰᠦᠷᠦᠭᠡᠳ ᠪᠠᠭᠤᠪᠠᠯ ᠡᠨᠡᠬᠦ ᠠᠮᠢᠳᠤᠷᠠᠯ ᠡᠴᠡ ᠢᠶᠡᠨ ᠮᠤᠯᠲᠤᠷᠠᠵᠤ ᠳᠡᠢᠯᠵᠦ ᠂ ᠭᠡᠷ ᠦ᠋ᠨ ᠬᠥᠮᠦᠰ ᠴᠦ᠍ ᠠᠮᠤᠷ ᠲᠦᠪᠰᠢᠨ ᠪᠣᠯᠬᠤ ᠪᠠᠢᠬ᠎ᠠ︖ ᠭᠡᠵᠦ ᠪᠤᠳᠤᠬᠤ ᠳᠦ  ᠲᠡᠭᠦᠨ ᠤ ᠥᠬᠢᠨ ᠨᠢ ᠭᠠᠵᠠᠷ ᠰᠥᠭᠦᠳᠦᠨ ᠤᠭᠢᠯᠠᠵᠦ ᠂ 《 ᠡᠵᠢ  ᠡ ᠭᠤᠶᠤᠵᠤ ᠪᠠᠢᠨ᠎ᠠ ᠂ ᠴᠢᠮ᠎ᠠ ᠶ᠋ᠢ ᠭᠤᠶᠤᠶ᠎ᠠ ᠂ ᠬᠤᠷᠳᠤᠨ ᠪᠠᠭᠤᠵᠤ ᠢᠷ᠎ᠡ ᠂ ᠨᠠᠮ᠎ᠠ ᠶ᠋ᠢ ᠪᠢᠲᠡᠭᠡᠢ ᠬᠠᠶᠠᠵᠦ ᠶᠠᠪᠤ 》ᠭᠡᠵᠦ ᠲᠡᠭᠦᠨ ᠢ ᠭᠣᠶᠠᠴᠢᠯᠠᠵᠤ ᠪᠠᠢᠭ᠎ᠠ ᠶᠢ ᠦᠵᠡᠭᠡᠳ ᠂ ᠲᠡᠷᠡ ᠥᠬᠢᠨ ᠤ ᠪᠡᠨ ᠲᠥᠯᠥᠭᠡ ᠴᠦ ᠭᠡᠰᠡᠨ ᠡᠨᠡ ᠤᠷᠤᠭ ᠢ ᠰᠠᠯᠤᠨ᠎ᠠ᠂ ᠵᠠᠯᠭᠠᠭᠠᠳ ᠠᠮᠢᠳᠦ ᠶᠠᠪᠤᠨ᠎ᠠ ᠭᠡᠵᠦ ᠵᠣᠷᠢᠭ ᠰᠢᠭᠤᠳᠴᠦ ᠁ ᠬᠠᠮᠤᠭ ᠰᠡᠭᠦᠯ ᠳ᠋ᠦ᠍ ᠲᠡᠭᠦᠨ ᠦ᠌ ᠮᠡᠭᠰᠢᠬᠦ ᠳᠠᠭᠤᠨ ᠨᠢ ᠤᠯᠠᠮ ᠡᠴᠡ ᠤᠯᠠᠮ ᠪᠠᠭᠠᠰᠴᠤ ᠂ ᠲᠡᠷᠡ ᠨᠠᠳᠠ ᠳ᠋ᠤ᠌ ᠄ ᠣᠰᠣᠯ ᠪᠣᠯᠤᠯ᠎ᠠ ᠂ ᠴᠢᠮ᠎ᠠ ᠶ᠋ᠢ ᠴᠢᠷᠦᠭᠳᠡᠭᠦᠯᠦᠯ᠎ᠡ ᠃ ᠪᠢ ᠲᠡᠭᠦᠨ ᠦ᠌ ᠬᠡᠯᠡᠭᠰᠡᠨ 《 ᠴᠢᠷᠦᠭᠳᠡᠯ 》 ᠨᠢ ᠶᠠᠮᠠᠷ ᠤᠳᠬ᠎ᠠ ᠲᠠᠢ ᠶ᠋ᠢ ᠮᠡᠳᠡᠨ᠎ᠡ ᠂ ᠤᠴᠢᠷ ᠨᠢ ᠬᠡᠷᠡᠭ ᠡᠬᠢᠯᠡᠭᠡᠳ ᠲᠢᠩᠬᠢᠮ ᠳ᠋ᠦ᠍ ᠬᠦᠷᠬᠦ ᠡᠨᠡ ᠬᠡᠰᠡᠭ ᠬᠤᠭᠤᠴᠠᠭᠠᠨ ᠳ᠋ᠤ᠌ ᠂ ᠲᠡᠷᠡ ᠡᠷᠡᠭᠲᠡᠢ ᠪᠠᠷᠤᠭ ᠡᠳᠦᠷ ᠪᠦᠷᠢ ᠨᠠᠳᠠ ᠳ᠋ᠤ᠌ ᠤᠲᠠᠰᠤ ᠠᠪᠴᠤ ᠂ ᠨᠠᠳᠠ ᠳ᠋ᠤ᠌ ᠲᠡᠭᠦᠨ ᠢ᠋ ᠤᠷᠤᠭ ᠰᠠᠯᠭᠠᠵᠤ ᠪᠣᠯᠬᠤ ᠦᠭᠡᠢ ᠭᠡᠵᠦ ᠂ ᠵᠠᠷᠢᠮ ᠳ᠋ᠠᠭᠠᠨ ᠰᠦᠷᠳᠡᠭᠦᠯᠦᠨ᠎ᠡ ᠂  ᠪᠠᠰᠠ ᠵᠠᠷᠢᠮ ᠳ᠋ᠠᠭᠠᠨ ᠰᠡᠷᠡᠮᠵᠢᠯᠡᠭᠦᠯᠦᠨ᠎ᠡ ᠂ ᠵᠠᠷᠢᠮ ᠳ᠋ᠠᠭᠠᠨ ᠭᠤᠶᠤᠴᠢᠯᠠᠨ᠎ᠠ ᠃ ᠪᠢ ᠡᠨᠡ ᠡᠮᠡᠭᠲᠡᠢ ᠶᠢ ᠦᠵᠡᠭᠡᠳ ᠶᠠᠭᠠᠬᠢᠵᠤ ᠲᠠᠢᠳᠬᠤᠷᠠᠭᠤᠯᠬᠤ ᠪᠠᠨ ᠤᠯᠵᠦ ᠶᠠᠳᠠᠨ᠎ᠠ ᠂ ᠵᠥᠪᠬᠡᠨ ᠲᠡᠭᠦᠨ ᠦ᠌ ᠮᠥᠷᠥ ᠶ᠋ᠢ ᠬᠥᠩᠭᠡᠬᠡᠨ ᠲᠠᠪᠰᠢᠵᠤ ᠲᠡᠭᠦᠨ ᠳ᠋ᠦ᠍ ᠄ 《 ᠬᠠᠮᠢᠶ᠎ᠠ ᠦᠭᠡᠢ ᠂ ᠪᠢ ᠠᠶᠤᠬᠤ ᠦᠭᠡᠢ !》 ᠭᠡᠯ᠎ᠡ᠃ ᠲᠡᠷᠡ ᠭᠡᠨᠡᠳᠲᠡ ᠡᠷᠭᠢᠨ ᠬᠠᠷᠠᠵᠤ ᠂  ᠨᠠᠮᠠᠢ᠍ᠢ ᠲᠡᠪᠡᠷᠢᠨ ᠡᠬᠡᠷ ᠲᠡᠳᠡᠨ ᠤᠬᠢᠯᠠᠪᠠ ᠃

    ᠲᠢᠩᠬᠢᠮ ᠦ᠋ᠨ ᠰᠢᠭᠦᠯᠲᠡ ᠳᠠᠭᠤᠰᠤᠭᠰᠠᠨ ᠤ᠋ ᠳᠠᠷᠠᠭ᠎ᠠ ᠂ ᠡᠷᠡᠭᠲᠡᠢ ᠶ᠋ᠢᠨ ᠲᠠᠯ᠎ᠠ ᠶ᠋ᠢᠨ ᠬᠢᠨ ᠰᠠᠳᠤᠨ ᠲᠥᠷᠦᠯ ᠂ ᠰᠢᠭᠦᠬᠦ ᠬᠣᠷᠢᠶᠠᠨ ᠤ᠋ ᠠᠰᠠᠷ ᠤ᠋ᠨ ᠡᠮᠦᠨ᠎ᠡ ᠡᠮᠡᠭᠲᠡᠢ ᠶ᠋ᠢ ᠳᠠᠪᠬᠤᠷ ᠳᠠᠪᠬᠤᠷ ᠪᠦᠰᠡᠯᠡᠵᠦ ᠠᠪᠤᠭᠠᠳ ᠲᠡᠭᠦᠨ ᠢ᠋ ᠶᠠᠪᠤᠭᠤᠯᠬᠤ ᠦᠭᠡᠢ ᠪᠠᠢᠯ᠎ᠠ ᠃ ᠳᠠᠷᠠᠭ᠎ᠠ ᠨᠢ ᠪᠢ ᠬᠠᠤᠯᠢ ᠶ᠋ᠢᠨ ᠴᠠᠭᠳᠠᠭ᠎ᠠ ᠲᠠᠢ ᠬᠠᠮᠲᠤ ᠡᠷᠡᠭᠲᠡᠢ ᠶᠢᠨ ᠲᠠᠯ᠎ᠠ ᠶ᠋ᠢᠨ ᠬᠥᠮᠦᠰ ᠤᠳ ᠢ ᠬᠠᠰᠢᠵᠦ ᠠᠪᠬᠤ ᠳᠦ ᠂ ᠡᠮᠡᠭᠲᠡᠢ ᠠᠮᠢ ᠵᠢᠭᠤᠲᠠᠬᠤ ᠮᠡᠲᠦ ᠭᠦᠶᠦᠵᠦ ᠶᠠᠪᠤᠪᠠ ᠃ ᠪᠢ ᠭᠡᠷ ᠦ᠋ᠨ ᠬᠥᠮᠦᠰ ᠲᠦ᠍ ᠨᠢ ᠬᠦᠷᠢᠶᠡᠯᠡᠭᠳᠡᠵᠦ ᠂ ᠲᠡᠳᠡ ᠨᠠᠳᠠ ᠳ᠋ᠤ᠌ ᠡᠮᠡᠭᠲᠡᠢ ᠪᠣᠯ ᠨᠢᠭᠡᠨ ᠰᠠᠢᠨ ᠪᠡᠷᠢ ᠂ ᠡᠷᠡᠭᠲᠡᠢ ᠲᠠᠯ᠎ᠠ ᠨᠢ ᠲᠣᠩ ᠨᠣᠮᠣᠬᠠᠨ ᠪᠠᠢᠵᠤ ᠭᠡᠷ ᠪᠦᠯᠢ ᠶᠢᠨ ᠬᠦᠴᠦᠷᠬᠡᠭᠯᠡᠯ ᠪᠠᠢᠬᠤ ᠪᠣᠯᠤᠯᠴᠠᠭ᠎ᠠ ᠦᠭᠡᠢ ᠂ ᠲᠡᠳᠡ ᠪᠠᠰᠠ《 ᠨᠢᠭᠡ ᠰᠦᠮ᠎ᠡ ᠶ᠋ᠢ ᠨᠤᠷᠠᠭᠠᠬᠤ ᠡᠴᠡ ᠪᠢᠰᠢ ᠂ ᠨᠢᠭᠡ ᠤᠷᠤᠭ ᠢ ᠡᠪᠳᠡᠬᠦ ᠦᠭᠡᠢ 》 ᠭᠡᠵᠦ᠂ ᠲᠡᠳᠡᠨ ᠵᠠᠯᠠᠭᠤ ᠳ᠋ᠤ᠌ ᠪᠠᠨ ᠪᠠᠰᠠ ᠴᠤᠬᠢᠭᠳᠠᠵᠦ ᠢᠷᠡᠵᠠᠢ᠂ ᠳᠠᠬᠢᠭᠠᠳ ᠬᠡᠳᠦᠨ ᠵᠢᠯ ᠥᠩᠭᠡᠷᠡᠪᠡᠯ ᠬᠠᠮᠢᠶ᠎ᠠ ᠦᠭᠡᠢ ᠪᠣᠯᠴᠢᠬᠠᠨ᠎ᠠ ᠁ ᠭᠡᠵᠦ ᠬᠡᠯᠡᠵᠦ ᠪᠠᠢᠯ᠎ᠠ᠃ ᠪᠢ ᠲᠤᠬᠠᠢ ᠶ᠋ᠢᠨ ᠦᠶ᠎ᠡ ᠳ᠋ᠦ᠍ ᠪᠣᠳᠣᠵᠤ ᠪᠠᠢᠭᠰᠠᠨ ᠨᠢ ᠄ ᠠᠷᠪᠠᠨ ᠵᠢᠯ ᠂ ᠲᠡᠷᠡ ᠡᠮᠡᠭᠲᠡᠢ ᠬᠠᠷᠢᠨ ᠡᠨᠡᠬᠦ ᠤᠳᠠᠭ᠎ᠠ ᠳᠠᠷᠠᠭᠠᠯᠠᠨ ᠭᠡᠷ ᠪᠦᠯᠢ ᠶᠢᠨ ᠬᠦᠴᠦᠷᠬᠡᠭᠯᠡᠯ ᠳᠤᠮᠳᠠ ᠠᠷᠪᠠᠨ ᠵᠢᠯ ᠢ ᠥᠩᠭᠡᠷᠡᠭᠰᠡᠨ ᠶᠤᠮ ︕ ᠪᠢ ᠰᠡᠳᠬᠢᠯ ᠠᠭᠰᠤᠵᠦ ᠦᠢᠮᠡᠨ ᠳᠡᠪᠵᠢᠶᠡᠷᠡᠵᠦ ᠪᠠᠢᠭ᠎ᠠ ᠭᠡᠷ ᠪᠦᠯᠢ ᠶ᠋ᠢᠨ ᠬᠢᠨ ᠢ  ᠰᠢᠭᠦᠨ ᠲᠠᠰᠤᠯᠬᠤ ᠲᠢᠩᠬᠢᠮ ᠳ᠋ᠦ᠍ ᠤᠷᠢᠵᠦ ᠂ ᠬᠠᠭᠠᠰ ᠵᠢᠯ ᠦ᠋ᠨ ᠬᠤᠭᠤᠴᠠᠭᠠᠨ ᠳ᠋ᠡᠬᠢ 7 ᠤᠳᠠᠭᠠᠨ ᠤ ᠴᠠᠭᠳᠠᠭ᠎ᠠ ᠳᠦ ᠮᠡᠳᠡᠭᠦᠯᠦᠭᠰᠡᠨ ᠲᠡᠮᠳᠡᠭᠯᠡᠯ ᠪᠠ ᠸ᠋ᠢᠴᠠᠲ ᠳᠡᠭᠡᠷᠡᠬᠢ ᠬᠠᠷᠢᠶᠠᠵᠤ ᠰᠦᠷᠳᠡᠭᠦᠯᠵᠦ ᠪᠠᠢᠭ᠎ᠠ ᠴᠢᠮᠡᠭᠡ ᠶᠢ  ᠦᠵᠡᠭᠦᠯᠦᠭᠰᠡᠨ ᠳᠦ ᠂ ᠭᠡᠷ ᠪᠦᠯᠢ ᠶ᠋ᠢᠨ ᠬᠢᠨᠢ  ᠶᠠᠷᠢᠬᠤ ᠦᠭᠡ ᠦᠭᠡᠢ ᠪᠣᠯᠵᠠᠢ ᠁ ᠭᠡᠷ ᠪᠦᠯᠢ ᠶᠢᠨ ᠬᠢᠨ ᠬᠥᠮᠦᠰ ᠢ ᠶᠠᠪᠤᠭᠤᠯᠵᠦ ᠪᠠᠷᠠᠭᠰᠠᠨ ᠤ ᠰᠡᠭᠦᠯᠡᠷ ᠂ ᠮᠢᠨᠦ ᠲᠤᠰᠠᠯᠠᠭᠴᠢ ᠢᠨᠢᠶᠡᠳᠦᠮ ᠭᠠᠷᠭᠠᠵᠦ ᠠᠰᠠᠭᠤᠭᠰᠠᠨ ᠨᠢ᠄ ︽ ᠶᠠᠮᠠᠷ ᠪᠣᠢ ᠂ ᠠᠶᠤᠵᠦ ᠪᠠᠢᠨ᠎ᠠ  ᠤᠤ ᠂ ᠰᠠᠯᠬᠤ ᠳᠠᠰᠤᠯᠠᠯᠲᠠ ᠬᠢᠬᠦ ᠡᠴᠡ ᠵᠢᠷᠦᠬᠡᠰᠢᠶᠡᠨ᠎ᠡ ᠤᠤ?︾ ᠭᠡᠯ᠎ᠡ᠃ ᠵᠢᠭᠠᠬᠠᠨ ᠴᠤ᠌ ᠵᠢᠷᠦᠬᠡᠰᠢᠶᠡᠬᠦ ᠦᠭᠡᠢ ᠭᠡᠰᠡᠨ ᠴᠦ ᠬᠤᠳᠠᠯ ᠦᠭᠡ ᠂ ᠭᠡᠪᠡᠴᠦ ᠬᠠᠤᠯᠢ ᠶᠢᠨ ᠳᠦᠷᠢᠮ ᠲᠣᠭᠲᠠᠭᠠᠯ ᠳ᠋ᠤ᠌ ᠨᠡᠢᠴᠡᠵᠦ ᠪᠠᠢᠭ᠎ᠠ ᠪᠠᠢᠳᠠᠯ ᠳᠣᠣᠷ᠎ᠠ ᠂ ᠪᠠᠰᠠ ᠶᠠᠮᠠᠷ ᠵᠢᠷᠦᠬᠡᠰᠢᠶᠡᠮᠡᠷ ᠤᠴᠢᠷ ᠪᠠᠢᠬᠤ ᠪᠤᠢ︕

    ᠬᠠᠩᠭᠢᠨ ᠬᠤᠰᠢᠭᠤᠨ ᠤ᠋ ᠠᠷᠠᠳ ᠤ᠋ᠨ ᠰᠢᠭᠦᠬᠦ ᠬᠣᠷᠢᠶ᠎ᠠ ᠤ ᠦᠵᠡᠬᠦ ᠪᠡᠷ ᠂ ᠡᠷᠡᠭᠲᠡᠢ ᠨᠢ ᠤᠷᠤᠭ ᠬᠤᠷᠢᠮ ᠦᠷᠭᠦᠯᠵᠢᠯᠡᠵᠦ ᠪᠠᠢᠬᠤ ᠬᠤᠭᠤᠴᠠᠭᠠᠨ ᠳ᠋ᠤ᠌ ᠣᠯᠠᠨ ᠤᠳᠠᠭ᠎ᠠ ᠡᠮᠡᠭᠲᠡᠢ ᠡᠲᠡᠭᠡᠳ ᠲᠦ᠍ ᠭᠡᠷ ᠪᠦᠯᠢ ᠶ᠋ᠢᠨ ᠬᠦᠴᠦᠷᠬᠡᠭᠯᠡᠯ ᠶᠠᠪᠤᠭᠤᠯᠤᠭᠰᠠᠨ ᠪᠠᠢᠪᠠᠯ᠂ ᠬᠠᠤᠯᠢ ᠳ᠋ᠤ᠌ ᠲᠣᠭᠲᠠᠭᠰᠠᠨ ᠤᠷᠤᠭ ᠰᠠᠯᠬᠤ ᠤᠴᠢᠷ ᠰᠢᠯᠲᠠᠭᠠᠨ ᠳᠦ ᠨᠡᠢᠴᠡᠪᠡᠯ  ᠤᠷᠤᠭ ᠰᠠᠯᠬᠤ ᠶ᠋ᠢ ᠨᠢ ᠵᠥᠪᠰᠢᠶᠡᠷᠡᠨ᠎ᠡ ᠭᠡᠵᠠᠢ᠃

    ᠡᠨᠡ ᠬᠦ᠌ ᠰᠢᠭᠦᠨ ᠲᠠᠰᠤᠯᠤᠯᠲᠠ ᠶ᠋ᠢᠨ ᠪᠢᠴᠢᠭ᠌ ᠨᠢ ᠲᠡᠷᠡ ᠡᠮᠡᠭᠲᠡᠢ ᠤ ᠮᠤᠯᠲᠤᠷᠠᠯ ᠪᠣᠯᠬᠤ ᠪᠡᠷ ᠪᠠᠷᠠᠬᠤ ᠦᠭᠡᠢ ᠲᠡᠭᠦᠨ ᠢ᠋ ᠡᠷᠴᠢ ᠵᠣᠷᠢᠭ ᠢᠶᠡᠨ ᠬᠥᠪᠴᠢᠯᠡᠨ ᠰᠢᠨ᠎ᠡ ᠠᠮᠢᠳᠤᠷᠠᠯ ᠳ᠋ᠠᠭᠠᠨ ᠬᠠᠨᠳᠤᠬᠤ ᠪᠣᠯᠤᠭᠠᠰᠠᠢ ᠭᠡᠵᠦ ᠪᠢ ᠬᠦᠰᠡᠵᠦ  ᠪᠠᠢᠳᠠᠭ ᠂ ᠬᠡᠰᠡᠭ ᠬᠤᠭᠤᠴᠠᠭ᠎ᠠ ᠥᠩᠭᠡᠷᠡᠭᠰᠡᠨ ᠦ᠌ ᠳᠠᠷᠠᠭ᠎ᠠ ᠂ ᠪᠢ ᠳᠠᠬᠢᠨᠲᠠ ᠲᠡᠷᠡ ᠡᠷᠡᠭᠲᠡᠢ ᠦ᠌ ᠤᠲᠠᠰᠤ ᠶ᠋ᠢ ᠲᠤᠰᠴᠠᠢ ᠂ ᠲᠡᠷᠡ ᠨᠠᠳᠠ ᠳ᠋ᠤ᠌ ᠄ ᠬᠡᠦᠬᠡᠳ ᠰᠤᠷᠭᠠᠭᠤᠯᠢ ᠰᠢᠯᠵᠢᠪᠡ ᠂ ᠡᠮᠡᠭᠲᠡᠢ ᠨᠢ ᠬᠡᠦᠬᠡᠳ ᠢ᠋ᠶ᠋ᠡᠨ ᠳᠠᠭᠠᠭᠤᠯᠤᠨ  ᠶᠠᠪᠤᠵᠠᠢ᠂ ᠤᠷᠤᠭ ᠰᠠᠯᠤᠭᠰᠠᠨ ᠤ᠋ ᠳᠠᠷᠠᠭ᠎ᠠ ᠡᠮᠡᠭᠲᠡᠢ ᠳᠦ ᠬᠤᠪᠢᠶᠠᠵᠤ ᠦᠭᠭᠦᠭᠰᠡᠨ ᠡᠳ᠋ ᠬᠥᠷᠥᠩᠭᠡ ᠶ᠋ᠢ ᠪᠦᠷ ᠠᠪᠴᠤ ᠶᠠᠪᠤᠭᠰᠠᠨ ᠦᠭᠡᠢ  ᠭᠡᠪᠡ ᠃ ᠲᠡᠷᠡ ᠤᠭᠢᠯᠠᠵᠦ ᠪᠠᠢᠯ᠎ᠠ ᠂ ᠤᠬᠢᠯᠠᠵᠤ ᠪᠠᠢᠭ᠎ᠠ ᠨᠢ ᠲᠤᠢᠯ ᠤᠨ ᠭᠤᠨᠢᠭᠳᠠᠢ ᠮᠥᠷᠲᠡᠭᠡᠨ ᠦᠨᠡᠨ ᠪᠣᠳᠠᠲᠠᠢ ᠪᠠᠢᠯ᠎ᠠ ᠃ ᠬᠤᠪᠢᠨᠴᠢᠷ ᠪᠣᠳᠤᠯ ᠡᠴᠡ ᠪᠡᠨ ᠠᠪᠴᠦ ᠦᠵᠡᠪᠡᠯ᠂ ᠪᠢ ᠡᠨᠡᠬᠦ ᠡᠮᠡᠭᠲᠡᠢ ᠶᠢ ᠥᠪᠡᠷ ᠤᠨ ᠪᠡᠶ᠎ᠡ ᠪᠡᠨ ᠥᠨᠢ ᠡᠭᠦᠷᠢᠳᠡ ᠡᠨᠡ ᠡᠷᠡᠭᠲᠠᠢ ᠡᠴᠡ ᠨᠢᠭᠤᠵᠦ ᠶᠠᠪᠤᠬᠤ ᠶᠢ ᠬᠦᠰᠡᠵᠦ᠂  ᠡᠨᠡᠬᠦ ᠴᠢᠰᠦ ᠨᠢᠯᠪᠤᠰᠤ ᠲᠠᠢ ᠤᠷᠤᠭ ᠭᠡᠷ ᠪᠦᠯᠢ ᠶᠢᠨ ᠲᠡᠭᠦᠨ ᠳ᠋ᠦ᠍ ᠠᠪᠴᠢᠷᠠᠵᠤ ᠦᠭᠭᠦᠭᠰᠡᠨ ᠵᠣᠪᠠᠯᠠᠩ ᠵᠦᠳᠡᠭᠦᠷᠢ ᠶᠢ ᠮᠠᠷᠲᠠᠵᠦ᠂ ᠰᠢᠨ᠎ᠡ ᠬᠦᠰᠡᠯ ᠡᠪᠦᠷᠯᠡᠨ ᠰᠢᠨ᠎ᠡ ᠠᠮᠢᠳᠤᠷᠠᠯ ᠢ᠋ᠶ᠋ᠠᠨ ᠡᠬᠢᠯᠡᠭᠦᠯᠬᠦ ᠶ᠋ᠢ ᠬᠦᠰᠡᠵᠦ ᠪᠠᠢᠨ᠎ᠠ ᠃

    ᠦᠨᠳᠦᠰᠦᠨ ᠱᠠᠲᠤᠨ ᠤ᠋ ᠰᠢᠭᠦᠬᠦ ᠬᠣᠷᠢᠶᠠᠨ ᠤ᠋ ᠰᠢᠭᠦᠭᠴᠢ ᠪᠣᠯᠤᠭᠰᠠᠨ ᠤ᠋ ᠬᠤᠪᠢ ᠳ᠋ᠤ᠌ ᠂ ᠪᠢᠳᠡᠨ ᠦ᠌ ᠴᠢᠷᠮᠠᠢᠯᠭ᠎ᠠ ᠪᠣᠯᠭᠠᠨ ᠪᠦᠷ ᠬᠠᠤᠯᠢᠵᠢᠯ ᠤ᠋ᠨ ᠬᠦᠴᠦᠨ ᠢ᠋ᠶ᠋ᠡᠷ 《ᠰᠠᠨᠠᠭ᠎ᠠ ᠠᠨᠤ ᠲᠡᠭᠰᠢ ᠪᠤᠰᠤ》ᠪᠠᠢᠳᠠᠯ ᠳ᠋ᠤ᠌ ᠬᠦᠰᠡᠯ ᠡᠷᠡᠮᠡᠯᠵᠡᠯ ᠶᠢᠨ ᠦᠷ᠎ᠡ ᠦᠨᠳᠦᠰᠦᠯᠡᠭᠦᠯᠦᠶ᠎ᠡ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )