【ᠠᠵᠢᠯ ᠤ᠋ᠨ ᠪᠠᠢᠳᠠᠯ】 ᠲᠡᠷᠢᠭᠦᠨ ᠤ᠋ ᠨᠡᠢᠲᠡᠯᠢᠭ ᠵᠢᠱᠢᠶ᠎ᠡ ᠶ᠋ᠢ ᠰᠤᠷᠤᠯᠴᠠᠨ᠂ ᠦᠯᠢᠭᠡᠷ ᠳᠠᠭᠤᠷᠢᠶᠠᠯ ᠤ᠋ᠨ ᠬᠦᠴᠦᠨ ᠢ᠋ ᠰᠢᠩᠭᠡᠭᠡᠨ ᠠᠪᠤᠨ᠎ᠠ ︱ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠬᠡᠷᠡᠭ ᠪᠣᠯᠭᠠᠬᠤ ᠲᠢᠩᠬᠢᠮ ᠡᠴᠡ ᠼᠤᠤ ᠶᠠᠨ ᠴᠢᠶᠦ᠋ᠨ ᠨᠥᠬᠥᠷ ᠤ᠋ᠨ ᠲᠡᠷᠢᠭᠦᠨ ᠦ᠌ ᠦᠢᠯᠡ ᠠᠵᠢᠯᠯᠠᠭ᠎ᠠ ᠶ᠋ᠢ ᠲᠥᠪᠯᠡᠷᠡᠩᠭᠦᠢ ᠰ
2023.09.04 ᠲᠣᠰ ᠥᠷᠲᠡᠭᠡᠨ᠎ᠦ ᠨᠠᠢᠷᠠᠭᠤᠯᠤᠭᠴᠢ

      ᠳᠠᠭᠤᠷᠢᠶᠠᠯ ᠪᠣᠯ ᠢᠲᠡᠭᠡᠯ ᠵᠣᠷᠢᠭ ᠢ᠋ᠶ᠋ᠠᠨ ᠬᠥᠪᠴᠢᠯᠡᠬᠦ ᠲᠤᠭ ᠶᠤᠮ ᠂ ᠪᠡᠶ᠎ᠡ ᠪᠠᠨ ᠡᠷᠭᠦᠵᠦ ᠰᠡᠳᠬᠢᠯ ᠢ᠋ᠶ᠋ᠡᠨ ᠵᠠᠰᠠᠬᠤ ᠲᠣᠯᠢ  ᠶᠤᠮ ᠂ ᠨᠡᠩ ᠴᠤ᠌ ᠬᠥᠮᠦᠨ ᠢ᠋ ᠵᠣᠷᠢᠭᠵᠢᠭᠤᠯᠤᠨ ᠤᠷᠤᠭᠰᠢᠯᠠᠭᠤᠯᠬᠤ ᠬᠦᠴᠦᠨ ᠶᠤᠮ ᠃ ᠣᠢᠷ᠎ᠠ ᠳ᠋ᠤ᠌ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠬᠡᠷᠡᠭ ᠪᠣᠯᠭᠠᠬᠤ ᠲᠢᠩᠬᠢᠮ ᠨᠢ ᠥᠷᠯᠥᠭᠡ ᠶ᠋ᠢᠨ  ᠤᠩᠰᠢᠯᠭ᠎ᠠ ᠢ᠋ᠢᠨ ᠮᠥᠴᠡ ᠳ᠋ᠤ ᠲᠦᠰᠢᠭᠯᠡᠨ ᠼᠤᠤ ᠶᠠᠨ ᠴᠢᠶᠦ᠋ᠨ ᠨᠥᠬᠥᠷ ᠤ᠋ᠨ ᠲᠡᠷᠢᠭᠦᠨ ᠦ᠌ ᠦᠢᠯᠡ ᠠᠵᠢᠯᠯᠠᠭ᠎ᠠ ᠶ᠋ᠢ ᠵᠣᠬᠢᠶᠠᠨ ᠪᠠᠢᠭᠤᠯᠤᠨ ᠰᠤᠷᠤᠯᠴᠠᠵᠤ ᠂ ᠲᠡᠷᠢᠭᠦᠨ ᠦ᠌ ᠨᠡᠢᠲᠡᠯᠢᠭ ᠵᠢᠱ᠌ᠢᠶ᠎ᠡ ᠶ᠋ᠢᠨ ᠬᠥᠲᠥᠯᠦᠨ ᠳᠠᠭᠠᠭᠤᠯᠵᠤ ᠵᠢᠱ᠌ᠢᠶ᠎ᠡ ᠦᠵᠡᠭᠦᠯᠬᠦ ᠦᠢᠯᠡᠳᠦᠯ ᠢ᠋ ᠭᠦᠢᠴᠡᠳ ᠪᠠᠳᠠᠷᠠᠭᠤᠯᠵᠤ ᠂ ᠰᠠᠯᠠᠭ᠎ᠠ ᠮᠥᠴᠢᠷ ᠤ᠋ᠨ ᠺᠠᠲ᠌ᠷ ᠴᠠᠭᠳᠠᠭ᠎ᠠ ᠶ᠋ᠢᠨ ᠢᠲᠡᠭᠡᠯ ᠪᠢᠰᠢᠷᠡᠯ ᠢ᠋ᠶ᠋ᠡᠨ ᠪᠠᠲᠤᠳᠬᠠᠵᠤ ᠂ ᠦᠨᠡᠨ ᠢ᠋ ᠪᠠᠷᠢᠮᠲᠠᠯᠠᠨ ᠪᠣᠳᠠᠲᠠᠢ ᠶ᠋ᠢ ᠡᠷᠬᠢᠮᠯᠡᠨ ᠂ ᠬᠠᠷᠢᠭᠤᠴᠠᠯᠭ᠎ᠠ ᠡᠭᠦᠷᠭᠡᠯᠡᠨ ᠪᠣᠳᠠᠲᠠᠢ ᠠᠵᠢᠯᠯᠠᠬᠤ ᠶ᠋ᠢ ᠵᠣᠷᠢᠭᠵᠢᠭᠤᠯᠪᠠ ᠃

 

 

    ᠼᠤᠤ ᠶᠠᠨ ᠴᠢᠶᠦ᠋ᠨ ᠨᠥᠬᠥᠷ ᠠᠮᠢᠳᠤ ᠰᠡᠷᠡᠭᠦᠨ ᠪᠠᠢᠬᠤ ᠳ᠋ᠠᠭᠠᠨ ᠭᠤᠸᠠᠩᠰᠢ ᠶ᠋ᠢᠨ ᠵᠤᠸᠠᠩ ᠦᠨᠳᠦᠰᠦᠲᠡᠨ ᠦ᠌ ᠥᠪᠡᠷᠲᠡᠭᠡᠨ ᠵᠠᠰᠠᠬᠤ ᠣᠷᠣᠨ ᠤ᠋ ᠽᠢ ᠶᠤᠸᠠᠨ ᠰᠢᠶᠠᠨ ᠤ᠋ ᠪᠠᠢᠴᠠᠭᠠᠬᠤ ᠬᠣᠷᠢᠶᠠᠨ ᠤ᠋ ᠪᠠᠶᠢᠴᠠᠭᠠᠬᠤ ᠺᠣᠮᠢᠰ ᠤ᠋ᠨ ᠭᠡᠰᠢᠭᠦᠨ ᠂ ᠨᠢᠭᠡᠳᠦᠭᠡᠷ ᠬᠡᠯᠲᠡᠰ ᠤ᠋ᠨ ᠳᠡᠳ᠋ ᠡᠷᠬᠢᠯᠡᠭᠴᠢ ᠂ ᠨᠢᠭᠡᠳᠦᠭᠡᠷ ᠳᠡᠰ ᠤ᠋ᠨ ᠪᠠᠢᠴᠠᠭᠠᠭᠴᠢ ᠨᠣᠶᠠᠨ ᠪᠠᠢᠵᠤ ᠂ 2021 ᠣᠨ ᠤ᠋ 12 ᠰᠠᠷ᠎ᠠ ᠶ᠋ᠢᠨ 15 ᠤ᠋ ᠡᠳᠦᠷ ᠂ ᠬᠡᠲᠦᠷᠬᠡᠢ ᠶᠠᠳᠠᠷᠠᠭᠰᠠᠨ ᠠ᠋ᠴᠠ ᠪᠣᠯᠵᠤ ᠵᠢᠷᠦᠬᠡᠨ ᠰᠤᠷᠪᠤᠯᠵᠢᠲᠤ ᠡᠪᠡᠳᠴᠢᠨ ᠬᠥᠳᠡᠯᠵᠦ ᠂ ᠲᠦᠷᠭᠡᠨ ᠠᠪᠤᠷᠠᠯᠲᠠ ᠬᠢᠭᠡᠳ ᠲᠤᠰᠠ ᠪᠣᠯᠤᠭᠰᠠᠨ ᠦᠭᠡᠢ ᠠᠯᠪᠠᠨ ᠶᠠᠪᠤᠳᠠᠯ ᠢ᠋ᠶ᠋ᠠᠷ ᠪᠡᠶ᠎ᠡ ᠦᠷᠡᠭᠳᠡᠵᠦ ᠂ 36 ᠨᠠᠰᠤᠲᠠᠢᠬᠠᠨ ᠪᠠᠢᠪᠠ ᠃ ᠪᠠᠢᠴᠠᠭᠠᠬᠤ ᠠᠵᠢᠯ ᠤ᠋ᠨ 13 ᠵᠢᠯ ᠤ᠋ᠨ ᠲᠣᠷᠰᠢ ᠂ ᠼᠤᠤ ᠶᠠᠨ ᠴᠢᠶᠦ᠋ᠨ ᠨᠥᠬᠥᠷ ᠢᠮᠠᠭᠲᠠ ᠡᠬᠡ ᠤᠯᠤᠰ ᠤ᠋ᠨ ᠬᠢᠯᠢ ᠬᠢᠵᠠᠭᠠᠷ ᠤ᠋ᠨ ᠪᠠᠢᠴᠠᠭᠠᠬᠤ ᠠᠵᠢᠯ ᠤ᠋ᠨ ᠬᠡᠷᠡᠭ ᠰᠢᠢᠳᠪᠦᠷᠢᠯᠡᠬᠦ ᠡᠮᠦᠨ᠎ᠡ ᠹᠷᠣᠨᠲ ᠲᠤ᠌ ᠰᠠᠭᠤᠷᠢᠯᠠᠨ ᠂ 500 ᠭᠠᠷᠤᠢ ᠬᠡᠷᠡᠭ ᠢ᠋ ᠰᠢᠢᠳᠪᠦᠷᠢᠯᠡᠭᠰᠡᠨ ᠨᠢ 《  ᠥᠴᠦᠬᠡᠨ ᠴᠤ ᠪᠤᠷᠤᠭᠤ ᠦᠭᠡᠢ 》 ᠂ ᠬᠦᠰᠡᠯᠡᠩ ᠢᠲᠡᠭᠡᠯ ᠵᠣᠷᠢᠭ ᠡᠷᠡᠰ ᠪᠠᠲᠤ ᠂ ᠨᠠᠮ ᠳ᠋ᠤ᠌ ᠡᠷᠡᠰ ᠦᠨᠡᠨᠴᠢ ᠰᠢᠳᠤᠷᠭᠤ ᠪᠠᠢᠬᠤ ᠤᠯᠤᠰ ᠲᠥᠷᠥ ᠶ᠋ᠢᠨ ᠬᠡᠪ ᠴᠢᠨᠠᠷ ᠢ᠋ᠶ᠋ᠠᠷ ᠂ ᠬᠠᠤᠯᠢ ᠪᠠᠷ ᠵᠠᠰᠠᠬᠤ ᠢᠲᠡᠭᠡᠯ ᠪᠢᠰᠢᠷᠡᠯ ᠢ᠋ ᠴᠢᠩᠭ᠎ᠠ ᠰᠠᠬᠢᠵᠤ ᠂ ᠲᠥᠪ ᠭᠣᠣᠯᠴᠢ ᠪᠠᠷ ᠬᠠᠤᠯᠢ ᠪᠠᠷᠢᠬᠤ ᠠᠵᠢᠯ ᠮᠡᠷᠭᠡᠵᠢᠯ ᠤ᠋ᠨ ᠮᠥᠨ ᠴᠢᠨᠠᠷ ᠢ᠋  ᠬᠠᠮᠠᠭᠠᠯᠠᠨ ᠂ ᠨᠠᠮ ᠪᠠ ᠠᠷᠠᠳ ᠲᠦᠮᠡᠨ ᠦ᠌ ᠪᠠᠢᠴᠠᠭᠠᠬᠤ ᠦᠢᠯᠡᠰ ᠤ᠋ᠨ ᠲᠥᠯᠥᠭᠡ ᠠᠮᠢ ᠨᠠᠰᠤᠨ ᠤ᠋ ᠡᠴᠦᠰ ᠤ᠋ᠨ ᠨᠢᠭᠡ ᠮᠥᠴᠡ ᠬᠦᠷᠲᠡᠯ᠎ᠡ ᠲᠡᠮᠡᠴᠡᠭᠰᠡᠨ ᠪᠠᠢᠨ᠎ᠠ ᠃

      ᠴᠠᠭ ᠦᠶ᠎ᠡ ᠨᠢ ᠪᠠᠭᠠᠲᠤᠷᠴᠤᠳ ᠤ᠋ᠨ ᠳᠠᠭᠤᠷᠢᠶᠠᠯ ᠢ᠋ ᠪᠣᠢ ᠪᠣᠯᠭᠠᠵᠤ ᠂ ᠬᠦᠴᠦᠯᠡᠨ ᠴᠢᠷᠮᠠᠢᠬᠤ ᠬᠦᠴᠦᠨ ᠢ᠋ ᠬᠥᠭᠵᠢᠭᠡᠨ᠎ᠡ ᠃ ᠼᠤᠤ ᠶᠠᠨ ᠴᠢᠶᠦ᠋ᠨ ᠨᠥᠬᠥᠷ ᠤ᠋ᠨ ᠲᠡᠷᠢᠭᠦᠨ ᠦ᠌ ᠦᠢᠯᠡ ᠶᠠᠪᠤᠳᠠᠯ ᠢ᠋ ᠰᠤᠷᠤᠯᠴᠠᠭᠰᠠᠨ ᠤ᠋ ᠳᠠᠷᠠᠭ᠎ᠠ ᠂ ᠬᠡᠷᠡᠭ ᠪᠣᠯᠭᠠᠬᠤ ᠲᠢᠩᠬᠢᠮ ᠤ᠋ᠨ ᠺᠠᠲ᠌ᠷ ᠴᠠᠭᠳᠠᠭ᠎ᠠ ᠨᠠᠷ ᠂ ᠰᠢᠭᠦᠬᠦ ᠬᠣᠷᠢᠶᠠᠨ ᠤ᠋ ᠬᠥᠮᠦᠨ ᠪᠣᠯᠤᠭᠰᠠᠨ ᠤ᠋ ᠬᠤᠪᠢ ᠳ᠋ᠤ᠌ ᠦᠯᠢᠭᠡᠷ ᠳᠠᠭᠤᠷᠢᠶᠠᠯ ᠤ᠋ᠨ ᠦᠢᠯᠡ ᠶᠠᠪᠤᠳᠠᠯ ᠂ ᠦᠯᠢᠭᠡᠷ ᠳᠠᠭᠤᠷᠢᠶᠠᠯ ᠤ᠋ᠨ ᠵᠣᠷᠢᠭ ᠰᠠᠨᠠᠭ᠎ᠠ ᠶ᠋ᠢ ᠰᠤᠷᠤᠯᠴᠠᠨ ᠂ ᠠᠶᠤᠯ ᠲᠦᠭᠰᠢᠭᠦᠷᠢ ᠶ᠋ᠢᠨ ᠳᠤᠮᠳᠠ ᠰᠥᠷᠭᠡᠦ ᠠᠵᠢᠯᠯᠠᠭ᠎ᠠ ᠬᠢᠵᠦ ᠂ ᠰᠥᠷᠭᠡᠦ ᠠᠵᠢᠯᠯᠠᠭ᠎ᠠ ᠳᠤᠮᠳᠠ ᠲᠠᠰᠤᠷᠠᠯᠲᠠ ᠦᠭᠡᠢ ᠤᠷᠤᠭᠰᠢᠯᠠᠨ ᠲᠠᠪᠰᠢᠬᠤ ᠬᠦᠴᠦᠨ ᠵᠣᠷᠢᠭ ᠢ᠋ ᠲᠡᠮᠡᠴᠡᠨ ᠂ ᠲᠤᠰ ᠲᠤᠰ ᠤ᠋ᠨ ᠠᠵᠢᠯ ᠤ᠋ᠨ ᠪᠠᠢᠷᠢ ᠳᠡᠭᠡᠷ᠎ᠡ ᠪᠡᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠬᠡᠵᠦ ᠂ ᠬᠠᠷᠢᠭᠤᠴᠠᠯᠭ᠎ᠠ ᠪᠠᠨ ᠡᠭᠦᠷᠭᠡᠯᠡᠨ ᠂ ᠡᠭᠦᠷᠭᠡ ᠪᠡᠨ ᠰᠡᠳᠬᠢᠯ ᠳ᠋ᠡᠭᠡᠨ ᠪᠣᠳᠣᠵᠤ ᠂ ᠰᠡᠳᠬᠢᠯ ᠰᠠᠨᠠᠭ᠎ᠠ ᠪᠠᠨ ᠪᠣᠳᠠᠲᠠᠢ ᠠᠵᠢᠯᠯᠠᠨ ᠵᠢᠵᠢᠭ ᠶᠠᠪᠤᠳᠠᠯ ᠪᠣᠯᠭᠠᠨ ᠢ᠋ ᠰᠠᠢᠲᠤᠷ ᠬᠢᠵᠦ ᠂ ᠣᠷᠭᠢᠯᠤᠮ᠎ᠠ ᠬᠠᠯᠠᠭᠤᠨ ᠰᠡᠳᠬᠢᠯᠭᠡ ᠪᠠ ᠲᠤᠰᠬᠠᠢ ᠮᠡᠷᠭᠡᠵᠢᠯ ᠤ᠋ᠨ ᠬᠡᠪ ᠪᠣᠯᠪᠠᠰᠤᠷᠠᠯ ᠢ᠋ᠶ᠋ᠠᠷ ᠰᠢᠨ᠎ᠡ ᠴᠠᠭ ᠦᠶ᠎ᠡ ᠶ᠋ᠢᠨ ᠬᠠᠤᠯᠢ ᠪᠠᠷ ᠵᠠᠰᠠᠬᠤ ᠵᠣᠷᠢᠭ ᠰᠠᠨᠠᠭᠠᠨ ᠤ᠋ ᠦᠢᠯᠡᠳᠦᠯᠭᠡᠵᠢᠭᠦᠯᠦᠭᠴᠢ ᠪᠣᠯᠤᠨ᠎ᠠ ᠭᠡᠵᠦ ᠢᠯᠡᠳᠬᠡᠵᠡᠢ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )