〔ᠮᠢᠨᠦ ᠬᠡᠷᠡᠭ ᠳᠠᠰᠤᠯᠠᠬᠤ ᠶᠢ ᠰᠣᠨᠤᠰᠤᠭᠠᠷᠠᠢ 〕ᠬᠢᠶ᠎ᠡ ᠪᠠᠭᠰᠢ ᠲᠣᠭᠣᠷᠢᠭ ᠤ᠋ᠨ ᠰᠢᠭᠦᠬᠦ ᠬᠣᠷᠢᠶ᠎ᠠ ᠯᠢ ᠰᠢᠦᠸᠠᠢ ᠮᠧᠢ᠄ ᠨᠢᠭᠡ ᠮᠠᠰᠧᠷᠠᠲ᠋ᠢ ᠲᠡᠷᠭᠡᠨ ᠡᠴᠡ ᠪᠣᠯᠤᠭᠰᠠᠨ ᠭᠤᠷᠪᠠᠨ ᠲᠠᠯ᠎ᠠ ᠶ᠋ᠢᠨ ᠵᠢᠭᠤᠷᠠᠯᠳᠤᠭᠠᠨ
2023.09.01 ᠲᠣᠰ ᠥᠷᠲᠡᠭᠡᠨ᠎ᠦ ᠨᠠᠢᠷᠠᠭᠤᠯᠤᠭᠴᠢ

    ᠰᠢᠨ᠎ᠡ ᠴᠠᠭ ᠦᠶ᠎ᠡ ᠶ᠋ᠢᠨ ᠰᠢᠭᠦᠬᠦ ᠬᠣᠷᠢᠶᠠᠨ ᠤ᠋ ᠺᠠᠲᠷ ᠴᠠᠭᠳᠠᠭ᠎ᠠ ᠪᠣᠯᠤᠭᠰᠠᠨ ᠤ᠋ ᠬᠤᠪᠢ ᠳ᠋ᠤ᠌

ᠲᠡᠳᠡ ᠬᠠᠤᠯᠢ ᠴᠠᠭᠠᠵᠠ ᠶ᠋ᠢ ᠬᠠᠮᠠᠭᠠᠯᠠᠵᠤ ᠂ ᠮᠠᠭᠤ ᠶ᠋ᠢ ᠳᠠᠷᠤᠵᠦ ᠰᠠᠢᠨ ᠢ ᠮᠠᠨᠳᠤᠭᠤᠯᠤᠨ ᠠ

ᠲᠡᠳᠡ ᠰᠢᠳᠤᠷᠭᠤ ᠶᠣᠰᠣ ᠶ᠋ᠢ ᠡᠭᠦᠷᠭᠡᠯᠡᠵᠦ ᠂ ᠬᠡᠵᠢᠶᠡᠳᠡ ᠲᠦᠷᠦᠭᠦᠨ ᠳ᠋ᠦᠨᠢ ᠳᠠᠭᠠᠷᠢᠨ ᠣᠷᠣᠨ ᠠ

     ᠲᠡᠳᠡ ᠬᠠᠯᠠᠭᠤᠨ ᠰᠡᠳᠭᠢᠯᠭᠡ ᠡᠪᠦᠷᠯᠡᠵᠦ

 ᠬᠠᠤᠯᠢ ᠴᠠᠭᠠᠵᠠ ᠶ᠋ᠢᠨ ᠳᠤᠯᠠᠭᠠᠴᠠ ᠶ᠋ᠢ ᠴᠢᠷᠮᠠᠢᠨ  ᠳᠠᠮᠵᠢᠭᠤᠯᠤᠨ᠎ᠠ

    ᠣᠷᠳᠣᠰ ᠬᠣᠲᠠ ᠶ᠋ᠢᠨ ᠰᠢᠭᠦᠬᠦ ᠬᠣᠷᠢᠶ᠎ᠠ ᠶ᠋ᠢᠨ ᠬᠣᠶᠠᠳᠤᠭᠠᠷ ᠤᠯᠠᠷᠢᠯ ᠤ᠋ᠨ ᠰᠢᠢᠳᠪᠦᠷᠢᠲᠦ ᠤᠷᠤᠯᠳᠤᠭᠠᠨ

 《 ᠮᠢᠨᠦ ᠬᠡᠷᠡᠭ ᠢ᠋ ᠲᠠᠰᠤᠯᠬᠤ ᠶ᠋ᠢ ᠰᠣᠨᠤᠰᠤᠭᠠᠷᠠᠢ 》 ᠭᠡᠬᠦ ᠦᠯᠢᠭᠡᠷ ᠤᠨ ᠰᠠᠩ ᠤᠨ ᠠᠵᠢᠯᠯᠠᠭ᠎ᠠ ᠲᠡᠭᠦᠰ ᠠᠮᠵᠢᠯᠲᠠ ᠲᠠᠢ ᠳᠠᠭᠤᠰᠪᠠ

 《 ᠮᠢᠨᠦ ᠬᠡᠷᠡᠭ ᠢ᠋ ᠲᠠᠰᠤᠯᠬᠤ ᠶ᠋ᠢ ᠰᠣᠨᠤᠰᠤᠭᠠᠷᠠᠢ 》ᠭᠡᠬᠦ ᠲᠤᠰᠬᠠᠢ ᠪᠤᠯᠤᠩ

     ᠦᠵᠡᠭᠦᠯᠦᠭᠡ ᠨᠡᠪᠲᠡᠷᠡᠭᠦᠯᠭᠡ ᠶᠢᠨ ᠢᠷᠡᠯᠲᠡ ᠨᠢ

 ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ ᠤᠷᠤᠯᠳᠤᠭᠠᠨ ᠳ᠋ᠤ᠌ ᠣᠷᠣᠯᠴᠠᠭᠰᠠᠨ 10 ᠬᠥᠮᠦᠰ ᠤᠨ ᠭᠠᠢᠬᠠᠮᠰᠢᠭᠲᠤ ᠦᠯᠢᠭᠡᠷ  ᠪᠣᠯᠤᠨ᠎ᠠ

     ᠲᠡᠳᠡᠨ ᠦ᠌ ᠬᠠᠮᠤᠭ ᠤ᠋ᠨ ᠦᠨᠡᠨᠴᠢ ᠬᠠᠢᠷ᠎ᠠ ᠰᠡᠳᠬᠢᠯᠭᠡ  ᠪᠡᠷ

 ᠣᠷᠳᠣᠰ ᠤ᠋ᠨ ᠰᠢᠭᠦᠬᠦ ᠬᠣᠷᠢᠶᠠᠨ ᠤ᠋ ᠠᠵᠢᠯᠴᠢᠳ ᠤᠨ

     ᠡᠭᠡᠯ ᠵᠢᠷ ᠦ᠋ᠨ ᠪᠣᠯᠪᠠᠴᠤ ᠶᠡᠷᠦ ᠪᠤᠰᠤ ᠶ᠋ᠢᠨ ᠠᠵᠢᠯ ᠤ᠋ᠨ ᠥᠩᠭᠡᠷᠡᠯᠲᠡ ᠪᠡᠨ ᠶᠠᠷᠢᠬᠤ ᠶᠢ ᠰᠣᠨᠤᠰᠤᠶ᠎ᠠ

《 ᠨᠢᠭᠡ ᠮᠠᠰᠧᠷᠠᠲ᠋ᠢ ᠲᠡᠷᠭᠡᠨ ᠡᠴᠡ ᠪᠣᠯᠤᠭᠰᠠᠨ ᠭᠤᠷᠪᠠᠨ ᠲᠠᠯ᠎ᠠ ᠶ᠋ᠢᠨ ᠵᠢᠭᠤᠷᠠᠯᠳᠤᠭᠠᠨ 》

ᠬᠢᠶ᠎ᠡ ᠪᠠᠭᠰᠢ ᠲᠣᠭᠣᠷᠢᠭ ᠤ᠋ᠨ ᠠᠷᠠᠳ ᠶ᠋ᠢᠨ ᠰᠢᠭᠦᠬᠦ ᠬᠣᠷᠢᠶ᠎ᠠ   ᠯᠢ ᠰᠢᠦᠸᠠᠢ ᠮᠧᠢ

 

 

    2015 ᠣᠨ ᠤ᠋ 10 ᠰᠠᠷ᠎ᠠ ᠳ᠋ᠤ᠌ ᠂ ᠣᠷᠳᠣᠰ ᠲᠤ᠌ ᠰᠠᠭᠤᠭ᠎ᠠ ᠯᠦᠸᠧ ᠠᠪᠤᠭᠠᠢ 1270000 ᠲᠥᠭᠥᠷᠢᠭ ᠦ᠋ᠨ ᠦᠨ᠎ᠡ ᠪᠡᠷ ᠪᠡᠭᠡᠵᠢᠩ ᠦ᠋ᠨ ᠬᠣᠣ ᠵᠢᠶᠦ᠋ᠨ ᠰᠢᠩ ᠮᠠᠰᠢᠨ ᠲᠡᠷᠭᠡ ᠪᠣᠷᠣᠯᠠᠭᠤᠯᠬᠤ ᠦᠢᠯᠡᠴᠢᠯᠡᠭᠡᠨ ᠦ᠌ ᠬᠢᠵᠠᠭᠠᠷᠲᠤ ᠺᠣᠮᠫᠠᠨᠢ ᠠ᠋ᠴᠠ ᠮᠠᠰᠧᠷᠠᠲ᠋ᠢ  ᠶ᠋ᠢᠨ ᠶᠡᠷᠦᠩᠬᠡᠢ ᠵᠠᠬᠢᠷᠤᠯ ᠤ᠋ᠨ ᠰᠠᠭᠤᠳᠠᠯ ᠤᠨ ᠮᠠᠰᠢᠨ ᠢ ᠬᠤᠳᠠᠯᠳᠤᠨ ᠠᠪᠴᠠᠢ ᠂ 2019 ᠣᠨ ᠤ᠋ 9 ᠰᠠᠷ᠎ᠠ ᠳ᠋ᠤ᠌᠂ ᠯᠦᠸᠧ ᠠᠪᠤᠭᠠᠢ ᠥᠪᠡᠷ ᠦ᠋ᠨ ᠬᠤᠳᠠᠯᠳᠤᠨ ᠠᠪᠤᠭᠰᠠᠨ ᠲᠡᠷᠭᠡ ᠨᠢ ᠬᠤᠳᠠᠯᠳᠤᠨ ᠠᠪᠬᠤ ᠠ᠋ᠴᠠ ᠡᠮᠦᠨ᠎ᠡ 8000 ᠭᠠᠷᠤᠢ ᠺᠢᠯᠣᠮᠧᠲ᠋ᠷ ᠠᠶᠠᠯᠠᠭᠰᠠᠨ  ᠪᠠ ᠪᠠᠰᠠ ᠨᠢᠭᠡ ᠤᠳᠠᠭᠠᠨ ᠤ ᠰᠡᠯᠪᠢᠨ ᠵᠠᠰᠠᠵᠦ ᠠᠷᠠᠳᠴᠢᠯᠠᠭᠰᠠᠨ ᠢ ᠮᠡᠳᠡᠭᠰᠡᠨ ᠪᠠᠢᠨ᠎ᠠ᠃ ᠲᠡᠭᠡᠪᠡᠯ ᠴᠣᠬᠣᠮ ᠬᠤᠳᠠᠯᠳᠤᠭᠠᠴᠢᠨ ᠤ᠋ ᠬᠠᠷᠠᠳᠠᠨ ᠵᠠᠯᠢᠯᠠᠨ  ᠮᠡᠬᠡᠯᠡᠭᠰᠡᠨ ᠶᠤᠮ ᠤᠤ ᠡᠰᠡᠬᠦᠯ᠎ᠡ ᠥᠭᠡᠷ᠎ᠡ ᠨᠢᠭᠤᠴᠠ ᠪᠠᠢᠳᠠᠯ ᠲᠠᠢ ᠶᠤᠮ ᠤᠤ ︖ ᠶᠠᠭᠠᠬᠢᠭᠠᠳ 4 ᠵᠢᠯ ᠥᠩᠭᠡᠷᠡᠭᠡᠳ ᠯᠦᠸᠧ ᠠᠪᠤᠭᠠᠢ ᠰᠠᠶᠢ ᠡᠨᠡ ᠪᠣᠳᠠᠲᠤ ᠬᠡᠷᠡᠭ ᠢ᠋ ᠣᠯᠵᠤ ᠮᠡᠳᠡᠭᠰᠡᠨ ᠪᠣᠢ ? ᠠᠰᠠᠭᠤᠯᠲᠠ  ᠪᠡᠷ ᠳᠠᠮᠵᠢᠨ᠂ ᠣᠯᠠᠨ ᠢ᠋ᠶ᠋ᠠᠷ ᠢ᠋ᠶ᠋ᠠᠨ ᠮᠢᠨᠦ ᠬᠡᠷᠡᠭ ᠢ᠋ ᠲᠠᠰᠤᠯᠬᠤ  ᠶᠢ ᠰᠣᠨᠤᠰᠤᠭᠠᠷᠠᠢ -- ᠨᠢᠭᠡ ᠮᠠᠰᠧᠷᠠᠲ᠋ᠢ ᠲᠡᠷᠭᠡᠨ ᠡᠴᠡ ᠪᠣᠯᠤᠭᠰᠠᠨ ᠭᠤᠷᠪᠠᠨ ᠲᠠᠯ᠎ᠠ ᠶ᠋ᠢᠨ ᠵᠢᠭᠤᠷᠠᠯᠳᠤᠭᠠᠨ ᠃

    2019 ᠣᠨ ᠳ᠋ᠤ᠌ ᠦᠬᠠᠢ ᠬᠣᠲᠠᠨ ᠳ᠋ᠤ᠌ ᠰᠠᠭᠤᠭ᠎ᠠ ᠯᠧᠢ ᠠᠪᠤᠭᠠᠢ ᠨᠠᠢᠵᠢ ᠪᠠᠷ ᠢ᠋ᠶ᠋ᠠᠨ ᠳᠠᠮᠵᠢᠨ ᠣᠷᠳᠣᠰ ᠲᠤ᠌ ᠰᠠᠭᠤᠭ᠎ᠠ ᠯᠦᠸᠧ ᠠᠪᠤᠭᠠᠢ ᠲᠠᠢ ᠲᠠᠨᠢᠯᠴᠠᠵᠠᠢ ᠂ ᠲᠡᠳᠡ ᠬᠣᠶᠠᠭᠤᠯᠠ ᠶ᠋ᠢᠨ ᠬᠠᠷᠢᠴᠠᠭ᠎ᠠ ᠡᠶ᠎ᠡ ᠨᠠᠢᠷᠲᠠᠢ ᠪᠠᠢᠵᠤ ᠂ 9 ᠰᠠᠷ᠎ᠠ ᠶ᠋ᠢᠨ 15 ᠤ᠋ ᠡᠳᠦᠷ ᠂ ᠯᠧᠢ ᠠᠪᠤᠭᠠᠢ ᠯᠦᠸᠧ ᠠᠪᠤᠭᠠᠢ  ᠡᠴᠡ ᠮᠠᠰᠧᠷᠠᠲ᠋ᠢ ᠶ᠋ᠢᠨ ᠶᠡᠷᠦᠩᠬᠡᠢ ᠵᠠᠬᠢᠷᠤᠯ ᠤ᠋ᠨ ᠰᠠᠭᠤᠳᠠᠯ ᠤᠨ ᠮᠠᠰᠢᠨ ᠢ ᠬᠤᠳᠠᠯᠳᠤᠨ ᠠᠪᠴᠤ ᠂ 《 ᠭᠠᠷ ᠳᠠᠮᠵᠢᠭᠰᠠᠨ ᠮᠠᠰᠢᠨ ᠲᠡᠷᠭᠡ ᠬᠤᠳᠠᠯᠳᠤᠬᠤ ᠭᠡᠷ᠎ᠡ 》ᠳ᠋ᠦ᠍ ᠭᠠᠷ ᠤ᠋ᠨ ᠦᠰᠦᠭ ᠵᠢᠷᠤᠵᠤ ᠂ ᠮᠠᠰᠢᠨ ᠲᠡᠷᠭᠡᠨ ᠦ᠌ ᠦᠨ᠎ᠡ ᠶ᠋ᠢᠨ ᠵᠣᠭᠣᠰ ᠨᠢ 100 ᠲᠦᠮᠡᠨ ᠲᠥᠭᠥᠷᠢᠭ ᠭᠡᠵᠦ ᠪᠣᠯᠵᠣᠭᠰᠠᠨ ᠪᠠᠢᠨ᠎ᠠ ᠃ ᠭᠡᠷ᠎ᠡ ᠳ᠋ᠦ᠍ ᠪᠠᠰᠠ ᠣᠨᠴᠠᠭᠠᠢᠯᠠᠨ ᠪᠣᠯᠵᠣᠨ ᠲᠣᠭᠲᠠᠭᠰᠠᠨ ᠨᠢ ᠂ ᠬᠡᠷᠪᠡ ᠬᠤᠳᠠᠯᠳᠤᠨ ᠠᠪᠬᠤ ᠲᠠᠯ᠎ᠠ ᠨᠢ ᠮᠠᠰᠢᠨ ᠲᠡᠷᠭᠡᠨ ᠦ᠌ ᠰᠤᠷᠠᠭ ᠵᠠᠩᠭᠢ ᠦᠨᠡᠨ ᠪᠣᠳᠠᠲᠠᠢ ᠪᠢᠰᠢ ( ᠬᠤᠳᠠᠯᠳᠤᠬᠤ ᠲᠠᠯ᠎ᠠ ᠶ᠋ᠢᠨ ᠬᠤᠳᠠᠯᠳᠤᠨ ᠠᠪᠤᠭᠰᠠᠨ ᠮᠠᠰᠢᠨ ᠰᠢᠨ᠎ᠡ ᠪᠤᠰᠤ ᠲᠡᠷᠭᠡ ᠪᠠᠭᠲᠠᠨ᠎ᠠ ) ᠪᠠᠢᠬᠤ ᠶ᠋ᠢ ᠮᠡᠳᠡᠪᠡᠯ ᠂ ᠬᠤᠳᠠᠯᠳᠤᠭᠴᠢ ᠨᠢ ᠪᠠᠷᠢᠴᠠᠭᠠᠨ ᠤ᠋ ᠵᠣᠭᠣᠰ ᠢ᠋ᠶ᠋ᠠᠨ ᠬᠣᠶᠠᠷ ᠳᠠᠬᠢᠨ ᠢ᠋ᠶ᠋ᠠᠷ ᠪᠤᠴᠠᠭᠠᠵᠤ ᠂ ᠨᠥᠭᠥᠭᠡ ᠡᠲᠡᠭᠡᠳ ᠦ᠋ᠨ ᠢ᠋ᠶ᠋ᠡᠨ ᠬᠣᠬᠢᠷᠠᠯ ᠢ᠋ ᠲᠥᠯᠥᠨ᠎ᠡ ᠃ 9 ᠰᠠᠷ᠎ᠠ ᠶ᠋ᠢᠨ 21 ᠦ᠌ ᠡᠳᠦᠷ ᠂ ᠯᠧᠢ ᠠᠪᠤᠭᠠᠢ ᠯᠦᠸᠧ ᠠᠪᠤᠭᠠᠢ  ᠳᠦ 263000 ᠲᠥᠭᠥᠷᠢᠭ ᠦ᠋ᠨ ᠲᠡᠷᠭᠡᠨ ᠰᠦᠢᠳᠬᠡᠯ ᠢ ᠳᠤᠰᠢᠶᠠᠵᠦ ᠂ ᠡᠭᠦᠨ ᠳ᠋ᠦ᠍ 200000 ᠲᠥᠭᠥᠷᠢᠭ ᠦ᠋ᠨ ᠪᠠᠷᠢᠴᠠᠭᠠᠨ ᠤ ᠮᠥᠩᠭᠦ ᠪᠠᠭᠲᠠᠵᠦ ᠂ 63000 ᠲᠥᠭᠥᠷᠢᠭ ᠨᠢ ᠲᠡᠷᠭᠡ ᠬᠤᠳᠠᠯᠳᠤᠨ ᠠᠪᠬᠤ ᠮᠥᠩᠭᠥ  ᠪᠣᠯᠤᠨ᠎ᠠ ᠃ 9 ᠰᠠᠷ᠎ᠠ ᠶ᠋ᠢᠨ 24 ᠦ᠌ ᠡᠳᠦᠷ ᠂ ᠯᠧᠢ ᠠᠪᠤᠭᠠᠢ ᠮᠠ  ᠢ ᠰᠦᠯᠵᠢᠶᠡᠨ ᠳᠡᠭᠡᠷ᠎ᠡ ᠡᠴᠡ ᠪᠠᠢᠴᠠᠭᠠᠨ ᠯᠠᠪᠯᠠᠭᠰᠠᠨ ᠤ᠋ ᠳᠠᠷᠠᠭ᠎ᠠ ᠂ ᠡᠨᠡᠬᠦ ᠲᠡᠷᠭᠡ ᠶ᠋ᠢ 2015 ᠣᠨ ᠤ᠋ 9 ᠰᠠᠷ᠎ᠠ ᠶ᠋ᠢᠨ 6 ᠤ᠋ ᠡᠳᠦᠷ ᠨᠢᠭᠡᠨᠲᠡ ᠰᠡᠯᠪᠢᠨ ᠵᠠᠰᠠᠵᠤ ᠂ ᠠᠶᠠᠯᠠᠭᠰᠠᠨ ᠵᠠᠮ ᠤ᠋ᠨ  ᠤᠷᠲᠦ ᠨᠢ 8543 ᠺᠢᠯᠣᠮᠧᠲ᠋ᠷ ᠪᠠᠢᠬᠤ ᠶ᠋ᠢ ᠣᠯᠵᠤ ᠮᠡᠳᠡᠭᠰᠡᠨ ᠪᠠᠢᠨ᠎ᠠ ᠃ ᠯᠧᠢ ᠠᠪᠤᠭᠠᠢ ᠯᠦᠸᠧ ᠠᠪᠤᠭᠠᠢ ᠶᠢ ᠭᠡᠷ᠎ᠡ ᠶ᠋ᠢ ᠵᠥᠷᠢᠴᠡᠭᠰᠡᠨ ᠦᠢᠯᠡ ᠠᠵᠢᠯᠯᠠᠭ᠎ᠠ ᠲᠠᠢ ᠭᠡᠵᠦ  ᠦᠵᠡᠨ ᠂ ᠵᠠᠷᠭᠤ  ᠶᠢᠨ ᠪᠢᠴᠢᠭ᠌ ᠪᠢᠴᠢᠵᠦ ᠯᠦᠸᠧ ᠠᠪᠤᠭᠠᠢ ᠶ᠋ᠢ ᠰᠢᠭᠦᠬᠦ ᠬᠣᠷᠢᠶᠠᠨ ᠳ᠋ᠤ᠌ ᠵᠠᠭᠠᠯᠳᠤᠵᠤ ᠂ ᠪᠠᠷᠢᠴᠠᠭᠠᠨ ᠤ ᠮᠥᠩᠭᠥ  ᠶᠢᠨ ᠬᠤᠶᠠᠷ ᠳᠠᠬᠢᠨ ᠳᠠᠷᠤᠢ 40000 ᠲᠥᠭᠥᠷᠢᠭ  ᠪᠤᠴᠠᠭᠠᠵᠦ ᠂ ᠲᠡᠷᠭᠡ  ᠬᠤᠳᠠᠯᠳᠤᠨ ᠠᠪᠤᠭᠰᠠᠨ ᠮᠥᠩᠭᠦ ᠶᠢ ᠪᠤᠴᠠᠭᠠᠯᠭᠠᠬᠤ ᠶ᠋ᠢᠨ ᠬᠠᠮᠲᠤ ᠪᠤᠰᠤᠳ ᠬᠣᠬᠢᠷᠠᠯ ᠢ᠋ ᠲᠥᠯᠥᠭᠦᠯᠬᠦ ᠪᠡᠷ ᠱᠠᠭᠠᠷᠳᠠᠵᠠᠢ ᠃ ᠢᠩᠭᠢᠭᠡᠳ ᠯᠧᠢ ᠠᠪᠤᠭᠠᠢ ᠵᠠᠭᠠᠯᠳᠤᠭᠴᠢ ᠪᠣᠯᠵᠤ ᠂ ᠯᠦᠸᠧ ᠠᠪᠤᠭᠠᠢ ᠵᠠᠭᠠᠯᠳᠤᠭᠳᠠᠭᠴᠢ ᠪᠣᠯᠪᠠ ᠃

    ᠬᠡᠷᠡᠭ ᠢ᠋ ᠳᠠᠭᠠᠭᠠᠨ ᠭᠦᠢᠴᠡᠳᠬᠡᠭᠴᠢ ᠪᠣᠯᠤᠭᠰᠠᠨ ᠤ᠋ ᠬᠤᠪᠢ ᠳ᠋ᠤ᠌ ᠂ ᠪᠢ ᠡᠪᠬᠡᠮᠡᠯ ᠢ ᠦᠵᠡᠬᠦ  ᠳᠤᠮᠳᠠ ᠠᠳᠠᠯᠢ ᠨᠢᠭᠡᠨ ᠲᠡᠷᠭᠡ ᠬᠣᠶᠠᠷ ᠵᠠᠮ ᠤ᠋ᠨ ᠤᠷᠲᠤ  ᠠᠶᠠᠯᠠᠭᠰᠠᠨ ᠲᠣᠭ᠎ᠠ ᠲᠠᠢ ᠪᠠᠢᠵᠤ ᠂ ᠯᠦᠸᠧ ᠣᠪᠣᠭᠲᠤ  ᠬᠣᠣ ᠵᠢᠶᠦ᠋ᠨ ᠰᠢᠩ ᠮᠠᠰᠢᠨ ᠲᠡᠷᠭᠡ ᠪᠣᠷᠣᠯᠠᠭᠤᠯᠬᠤ ᠦᠢᠯᠡᠴᠢᠯᠡᠭᠡᠨ ᠦ᠌ ᠬᠢᠵᠠᠭᠠᠷᠲᠤ ᠺᠣᠮᠫᠠᠨᠢ ᠠ᠋ᠴᠠ ᠮᠠᠰᠢᠨ ᠲᠡᠷᠭᠡ ᠬᠤᠳᠠᠯᠳᠤᠨ ᠠᠪᠬᠤ ᠦᠶᠡᠰ ᠂ ᠲᠡᠷᠭᠡ ᠠᠪᠤᠭᠰᠠᠨ ᠳᠠᠩᠰᠠᠨ ᠳ᠋ᠤ᠌ ᠲᠤᠰ ᠲᠡᠷᠭᠡ 2015 ᠣᠨ ᠤ᠋ 10 ᠰᠠᠷ᠎ᠠ ᠶ᠋ᠢᠨ 26 ᠤ᠋ ᠡᠳᠦᠷ  ᠠᠶᠠᠯᠠᠭᠰᠠᠨ ᠵᠠᠮ ᠤ᠋ᠨ ᠤᠷᠲᠤ ᠨᠢ 61 ᠺᠢᠯᠣᠮᠧᠲ᠋ᠷ  ᠪᠠᠢᠵᠦ ᠂  ᠬᠠᠷᠢᠨ ᠮᠠ ᠢ ᠰᠦᠯᠵᠢᠶᠡᠨ ᠳᠡᠭᠡᠷ᠎ᠡ 2015 ᠣᠨ ᠤ᠋ 9 ᠰᠠᠷ᠎ᠠ ᠶ᠋ᠢᠨ 6 ᠤ᠋ ᠡᠳᠦᠷ ᠠᠶᠠᠯᠠᠭᠰᠠᠨ ᠵᠠᠮ ᠤ᠋ᠨ ᠤᠷᠲᠤ ᠨᠢ 8543 ᠺᠢᠯᠣᠮᠧᠲ᠋ᠷ ᠭᠡᠵᠦ  ᠢᠯᠡᠷᠡᠵᠠᠢ ᠃ ᠴᠣᠬᠣᠮ ᠠᠯᠢ ᠨᠢ ᠰᠠᠶᠢ ᠡᠨᠡ ᠲᠡᠷᠭᠡᠨ ᠦ᠌ ᠵᠢᠩᠬᠢᠨᠢ ᠠᠶᠠᠯᠠᠯ ᠤ᠋ᠨ ᠵᠠᠮ ᠪᠣᠯᠬᠤ ᠪᠣᠢ ?

    ᠲᠡᠭᠡᠭᠡᠳ ᠪᠢ ᠡᠳᠡᠭᠡᠷ ᠠᠰᠠᠭᠤᠯᠲᠠ ᠪᠡᠷ ᠳᠠᠮᠵᠢᠨ ᠲᠢᠩᠬᠢᠮ ᠦ᠋ᠨ ᠡᠮᠦᠨᠡᠬᠢ ᠡᠶᠡᠳᠡᠭᠦᠯᠦᠯᠭᠡ ᠶ᠋ᠢ ᠡᠷᠬᠢᠯᠡᠪᠡ ᠃ ᠡᠶᠡᠳᠡᠭᠦᠯᠬᠦ ᠦᠶ᠎ᠡ ᠳ᠋ᠦ᠍᠂ ᠵᠠᠭᠠᠯᠳᠤᠭᠴᠢ ᠵᠠᠭᠠᠯᠳᠤᠭᠳᠠᠭᠴᠢ ᠬᠣᠶᠠᠷ ᠲᠠᠯ᠎ᠠ ᠪᠠᠷ ᠢ᠋ᠶ᠋ᠠᠨ ᠪᠦᠷ ᠰᠡᠳᠬᠢᠯ ᠠᠭᠰᠤᠵᠤ ᠂  ᠵᠠᠭᠠᠯᠳᠤᠭᠴᠢ ᠨᠢ ᠵᠠᠭᠠᠯᠳᠤᠭᠳᠠᠭᠴᠢ ᠶᠢ ᠥᠪᠡᠷ ᠢ᠋ ᠪᠡᠨ ᠮᠡᠬᠡᠯᠡᠭᠰᠡᠨ ᠭᠡᠵᠦ ᠦᠵᠡᠵᠦ᠂ ᠵᠠᠭᠠᠯᠳᠤᠭᠳᠠᠭᠴᠢ ᠨᠢ  ᠵᠠᠭᠠᠯᠳᠤᠭᠴᠢ  ᠶᠢ ᠮᠡᠬᠡᠯᠡᠭᠡ ᠦᠭᠡᠢ ᠬᠠᠷᠢᠨ ᠬᠣᠣ ᠵᠢᠶᠦ᠋ᠨ ᠰᠢᠩ ᠮᠠᠰᠢᠨ ᠲᠡᠷᠭᠡ ᠪᠣᠷᠣᠯᠠᠭᠤᠯᠬᠤ ᠦᠢᠯᠡᠴᠢᠯᠡᠭᠡᠨ ᠦ᠌ ᠬᠢᠵᠠᠭᠠᠷᠲᠤ ᠺᠣᠮᠫᠠᠨᠢ  ᠮᠡᠬᠡᠯᠡᠭᠰᠡᠨ ᠭᠡᠵᠦ ᠦᠵᠡᠭᠡᠳ ᠂ ᠲᠤᠰ ᠺᠣᠮᠫᠠᠨᠢ ᠶ᠋ᠢ  ᠭᠤᠷᠪᠠᠳᠡᠬᠢ ᠬᠥᠮᠦᠨ ᠢ᠋ᠶ᠋ᠡᠷ ᠨᠡᠬᠡᠮᠵᠢᠯᠡᠨ  ᠨᠡᠮᠡᠭᠦᠯᠬᠦ ᠪᠡᠷ ᠳᠤᠷᠠᠳᠴᠠᠢ ᠃ ᠡᠨᠡ ᠦᠶ᠎ᠡ ᠳ᠋ᠦ᠍ ᠂ ᠪᠢ ᠠᠩᠬᠠᠳᠤᠭᠠᠷ ᠤᠳᠠᠭᠠᠨ ᠤ᠋ ᠵᠢᠭᠤᠷᠠᠯᠳᠤᠭᠠᠨ ᠳ᠋ᠤ᠌  ᠤᠷᠤᠵᠦ ᠂ ᠬᠡᠷᠪᠡ ᠣᠳᠣ ᠪᠠᠢᠭ᠎ᠠ ᠭᠡᠷᠡᠴᠢ ᠪᠠᠷᠢᠮᠲᠠ ᠪᠡᠷ ᠰᠢᠭᠦᠨ ᠲᠠᠰᠤᠯᠤᠯᠲᠠ ᠬᠢᠪᠡᠯ ᠂ ᠵᠠᠭᠠᠯᠳᠤᠭᠳᠠᠭᠴᠢ ᠭᠡᠷ᠎ᠡ ᠶ᠋ᠢ ᠵᠥᠷᠢᠴᠡᠭᠰᠡᠨ ᠬᠠᠷᠢᠭᠤᠴᠠᠯᠭ᠎ᠠ ᠶ᠋ᠢ ᠡᠭᠦᠷᠭᠡᠯᠡᠬᠦ ᠪᠣᠯᠤᠯᠴᠠᠭ᠎ᠠ ᠮᠠᠰᠢ ᠶᠡᠬᠡ ᠂ ᠭᠡᠪᠡᠴᠦ ᠵᠠᠭᠠᠯᠳᠤᠭᠳᠠᠭᠴᠢ ᠵᠠᠷᠭᠤ ᠬᠢᠬᠦ ᠪᠡᠨ ᠯᠠᠪ ᠵᠣᠭᠰᠣᠬᠤ ᠦᠭᠡᠢ ᠪᠠᠢᠵᠤ ᠂ ᠥᠭᠡᠷ᠎ᠡ ᠨᠢᠭᠡ ᠤᠳᠠᠭᠠᠨ ᠤ᠋ ᠵᠠᠷᠭᠤ ᠡᠭᠦᠰᠬᠡᠨ᠎ᠡ ᠃ ᠬᠡᠷᠡᠭ ᠦ᠋ᠨ ᠦᠨᠡᠨ ᠪᠠᠢᠳᠠᠯ ᠢ᠋ ᠪᠠᠢᠴᠠᠭᠠᠨ ᠲᠣᠳᠣᠯᠠᠬᠤ ᠶ᠋ᠢᠨ ᠲᠥᠯᠥᠭᠡ ᠂ ᠬᠠᠮᠲᠤᠷᠠᠨ ᠵᠥᠪᠯᠡᠬᠦ ᠲᠢᠩᠬᠢᠮ ᠡᠴᠡ ᠬᠡᠷᠡᠭ ᠦ᠋ᠨ ᠭᠠᠳᠠᠨᠠᠬᠢ ᠬᠥᠮᠦᠨ ᠬᠣᠣ ᠵᠢᠶᠦ᠋ᠨ ᠰᠢᠩ ᠮᠠᠰᠢᠨ ᠲᠡᠷᠭᠡ ᠪᠣᠷᠣᠯᠠᠭᠤᠯᠬᠤ ᠦᠢᠯᠡᠴᠢᠯᠡᠭᠡᠨ ᠦ᠌ ᠬᠢᠵᠠᠭᠠᠷᠲᠤ ᠺᠣᠮᠫᠠᠨᠢ ᠶᠢ ᠭᠤᠷᠪᠠᠳᠡᠬᠢ ᠬᠥᠮᠦᠨ ᠪᠣᠯᠭᠠᠨ ᠨᠡᠬᠡᠮᠵᠢᠯᠡᠨ ᠨᠡᠮᠡᠵᠦ ᠣᠷᠤᠭᠤᠯᠬᠤ ᠶᠢ ᠨᠢᠭᠡᠳᠦᠭᠡᠷ ᠤᠳᠠᠭᠠᠨ ᠤ ᠰᠢᠭᠦᠯᠲᠡ ᠬᠢᠬᠦ ᠳᠦ ᠰᠠᠨᠠᠯ ᠨᠢᠭᠡᠲᠡᠢ ᠵᠥᠪᠰᠢᠶᠡᠷᠡᠪᠡ ᠃ ᠲᠢᠩᠬᠢᠮ ᠦ᠋ᠨ ᠰᠢᠭᠦᠯᠲᠡ ᠳ᠋ᠦ᠍ ᠭᠤᠷᠪᠠᠨ ᠲᠠᠯ᠎ᠠ ᠶ᠋ᠢᠨ ᠭᠠᠷᠭᠠᠭᠰᠠᠨ ᠭᠡᠷᠡᠴᠢ ᠪᠠᠷᠢᠮᠲᠠ ᠳ᠋ᠤ᠌ ᠂ ᠬᠡᠷᠡᠭ ᠨᠢ ᠠᠭᠠᠵᠢᠮ ᠢ᠋ᠶ᠋ᠠᠷ ᠡᠮᠬᠢ ᠵᠢᠷᠤᠮ ᠲᠠᠢ ᠪᠣᠯᠵᠤ ᠂ ᠬᠡᠷᠡᠭ ᠲᠦ᠍ ᠬᠣᠯᠪᠣᠭᠳᠠᠭᠰᠠᠨ ᠲᠡᠷᠭᠡ  ᠨᠢ 2015 ᠣᠨ ᠤ᠋ 4 ᠰᠠᠷ᠎ᠠ ᠶ᠋ᠢᠨ 10 ᠤ᠋ ᠡᠳᠦᠷ ᠱᠠᠩᠬᠠᠢ ᠶ᠋ᠢᠨ ᠪᠣᠭᠣᠮᠲᠠ ᠪᠡᠷ ᠳᠠᠮᠵᠢᠨ ᠲᠡᠭᠡᠪᠥᠷᠢᠯᠡᠨ ᠬᠦᠷᠭᠡᠵᠦ ᠂ 4 ᠰᠠᠷ᠎ᠠ ᠶ᠋ᠢᠨ 21 ᠦ᠌ ᠡᠳᠦᠷ ᠮᠠᠰᠧᠷᠠᠲ᠋ᠢ ( ᠳᠤᠮᠳᠠᠳᠤ ᠤᠯᠤᠰ ) ᠤ᠋ᠨ ᠮᠠᠰᠢᠨ ᠲᠡᠷᠭᠡᠨ ᠦ᠌ ᠠᠷᠠᠯᠵᠢᠶᠠᠨ ᠤ᠋ ᠬᠢᠵᠠᠭᠠᠷᠲᠤ ᠺᠣᠮᠫᠠᠨᠢ ᠳᠦᠷᠢᠮ ᠶᠣᠰᠣᠭᠠᠷ ᠭᠠᠳᠠᠭᠠᠳᠤ ᠠ᠋ᠴᠠ ᠣᠷᠣᠭᠤᠯᠬᠤ ᠭᠠᠷ ᠭᠦᠢᠴᠡᠳᠬᠡᠯ ᠢ᠋ ᠭᠦᠢᠴᠡᠳᠬᠡᠵᠦ ᠂ ᠲᠤᠰ ᠬᠡᠷᠡᠭ ᠦ᠋ᠨ ᠵᠠᠭᠠᠯᠳᠤᠭᠳᠠᠭᠴᠢ ᠯᠦᠸᠧ ᠣᠪᠣᠭᠲᠤ 2015 ᠣᠨ ᠤ᠋ 10 ᠰᠠᠷ᠎ᠠ ᠶ᠋ᠢᠨ 26 ᠤ᠋ ᠡᠳᠦᠷ ᠬᠣᠣ ᠵᠢᠶᠦ᠋ᠨ ᠰᠢᠩ ᠺᠣᠮᠫᠠᠨᠢ ᠡᠴᠡ ᠲᠤᠰ ᠲᠡᠷᠭᠡ ᠶ᠋ᠢ ᠬᠤᠳᠠᠯᠳᠤᠨ ᠠᠪᠤᠭᠰᠠᠨ ᠪᠥᠭᠡᠳ ᠲᠤᠰ ᠡᠳᠦᠷ ᠳ᠋ᠤᠨᠢ ᠲᠡᠷᠭᠡ ᠠᠪᠬᠤ ᠭᠠᠷ ᠭᠦᠢᠴᠡᠳᠭᠡᠯ ᠵᠢᠴᠢ ᠲᠡᠷᠭᠡᠨ ᠮᠥᠩᠭᠦ ᠪᠡᠨ ᠥᠭᠴᠦ ᠳᠠᠭᠤᠰᠭᠠᠵᠠᠢ᠂ ᠲᠤᠬᠠᠢ ᠶ᠋ᠢᠨ ᠦᠶ᠎ᠡ ᠳ᠋ᠦ᠍ ᠲᠡᠷᠭᠡᠨ ᠤ ᠠᠶᠠᠯᠠᠯ ᠤᠨ ᠬᠦᠰᠦᠨᠦᠭᠲᠦ ᠳᠡᠭᠡᠷ᠎ᠡ 61 ᠺᠢᠯᠣᠮᠧᠲ᠋ᠷ  ᠪᠠᠢᠵᠠᠢ ᠃ ᠭᠡᠲᠡᠯ᠎ᠡ ᠮᠠ ᠢ ᠰᠦᠯᠵᠢᠶᠡᠨ ᠳᠡᠭᠡᠷ᠎ᠡ ᠢᠯᠡᠷᠡᠭᠰᠡᠨ ᠨᠢ 2015 ᠣᠨ ᠤ᠋ 9 ᠰᠠᠷ᠎ᠠ ᠶ᠋ᠢᠨ 6 ᠤ᠋ ᠡᠳᠦᠷ ᠲᠤᠰ ᠲᠡᠷᠭᠡ ᠨᠢ ᠢ ᠲᠸ ᠮᠠᠰᠢᠨ ᠲᠡᠷᠭᠡᠨ ᠦ᠌ ᠬᠤᠳᠠᠯᠳᠤᠭ᠎ᠠ ( ᠱᠠᠩᠬᠠᠢ ) ᠬᠢᠵᠠᠭᠠᠷᠲᠤ ᠺᠣᠮᠫᠠᠨᠢ ᠳᠦ ᠵᠠᠰᠠᠨ ᠠᠷᠠᠴᠢᠯᠠᠭᠰᠠᠨ ᠪᠥᠭᠡᠳ  ᠠᠶᠠᠯᠠᠭᠰᠠᠨ ᠵᠠᠮ  ᠤᠨ ᠲᠣᠭ᠎ᠠ ᠨᠢ 8543 ᠺᠢᠯᠣᠮᠧᠲ᠋ᠷ ᠪᠠᠢᠵᠠᠢ ᠂ ᠡᠨᠡᠬᠦ ᠪᠠᠢᠳᠠᠯ ᠳᠣᠣᠷ᠎ᠠ ᠭᠤᠷᠪᠠᠳᠡᠬᠢ ᠬᠥᠮᠦᠨ ᠬᠣᠣ ᠵᠢᠶᠦ᠋ᠨ ᠺᠣᠮᠫᠠᠨᠢ  ᠡᠴᠡ ᠮᠠᠰᠧᠷᠠᠲ᠋ᠢ ᠺᠣᠮᠫᠠᠨᠢ ᠶ᠋ᠢᠨ ᠪᠠᠢᠳᠠᠯ ᠤ᠋ᠨ ᠲᠣᠳᠣᠷᠬᠠᠢᠯᠠᠯᠲᠠ ᠭᠠᠷᠭᠠᠵᠦ ᠂ ᠬᠡᠷᠡᠭ ᠲᠦ᠍ ᠬᠣᠯᠪᠣᠭᠳᠠᠭᠰᠠᠨ ᠲᠡᠷᠭᠡ ᠨᠢ ᠱᠠᠩᠬᠠᠢ ᠶ᠋ᠢᠨ ᠡᠵᠡᠩᠨᠡᠨ ᠪᠣᠷᠣᠯᠠᠭᠤᠯᠬᠤ ᠢ ᠲᠸ ᠬᠤᠳᠠᠯᠳᠤᠭᠠᠨ ᠤ᠋ ᠺᠣᠮᠫᠠᠨᠢ ᠨᠢ 2015 ᠣᠨ ᠤ᠋ 9 ᠰᠠᠷ᠎ᠠ ᠶ᠋ᠢᠨ 6 ᠤ᠋ ᠡᠳᠦᠷ ᠪᠤᠷᠤᠭᠤ ᠣᠷᠣᠭᠤᠯᠤᠭᠰᠠᠨ ᠲᠡᠷᠭᠡᠨ ᠵᠢᠶᠠᠽᠠ ᠶ᠋ᠢᠨ ᠨᠣᠮᠧᠷ ᠪᠣᠯᠤᠨ  ᠠᠶᠠᠯᠠᠭᠰᠠᠨ  ᠵᠠᠮ ᠤᠨ  ᠤᠷᠲᠦ ᠨᠢ ᠂ ᠳᠠᠷᠤᠢ  ᠣᠨᠳᠣᠣ ᠲᠡᠷᠭᠡᠨ ᠦ᠌ ᠵᠢᠶᠠᠰᠠ ᠶ᠋ᠢᠨ ᠨᠣᠮᠧᠷ ᠪᠣᠯᠤᠨ ᠠᠶᠠᠯᠠᠭᠰᠠᠨ  ᠵᠠᠮ ᠤᠨ  ᠤᠷᠲᠦ  ᠶ᠋ᠢ ᠲᠤᠰ ᠬᠡᠷᠡᠭ ᠲᠦ᠍ ᠬᠣᠯᠪᠣᠭᠳᠠᠭᠰᠠᠨ ᠲᠡᠷᠭᠡ ᠶ᠋ᠢᠨ ᠲᠡᠷᠭᠡᠨ ᠵᠢᠶᠠᠰᠠᠨ ᠨᠣᠮᠧᠷ ᠪᠣᠯᠤᠨ ᠠᠶᠠᠯᠠᠭᠰᠠᠨ  ᠵᠠᠮ ᠤᠨ  ᠤᠷᠲᠦ ᠪᠡᠷ ᠪᠤᠷᠤᠭᠤ ᠪᠢᠴᠢᠵᠦ ᠭᠠᠷᠭᠠᠭᠰᠠᠨ ᠡᠴᠡ ᠪᠣᠯᠤᠭᠰᠠᠨ ᠭᠡᠵᠦ ᠲᠣᠳᠣᠷᠬᠠᠢᠯᠠᠭᠰᠠᠨ ᠪᠣᠯᠪᠠᠴᠤ ᠂ ᠵᠠᠭᠠᠯᠳᠤᠭᠴᠢ ᠵᠠᠭᠠᠯᠳᠤᠭᠳᠠᠭᠴᠢ ᠬᠣᠶᠠᠷ ᠡᠲᠡᠭᠡᠳ ᠢ᠋ᠶ᠋ᠡᠷ ᠢ᠋ᠶ᠋ᠡᠨ ᠴᠥᠮ ᠮᠡᠳᠡᠷᠡᠬᠦ ᠦᠭᠡᠢ  ᠮᠥᠷᠲᠡᠭᠡᠨ  ᠡᠨᠡᠬᠦ  ᠲᠣᠳᠤᠷᠬᠠᠢᠯᠠᠭᠰᠠᠨ ᠪᠢᠴᠢᠭ᠌ ᠨᠢ ᠵᠠᠭᠠᠯᠳᠤᠭᠴᠢ ᠪᠣᠯᠤᠨ ᠵᠠᠭᠠᠯᠳᠤᠭᠳᠠᠭᠴᠢ ᠶᠢ ᠢᠲᠡᠭᠡᠭᠦᠯᠬᠦ ᠬᠦᠴᠦᠨ ᠦᠭᠡᠢ ᠂ ᠬᠣᠶᠠᠷ ᠲᠠᠯ᠎ᠠ ᠪᠠᠷ ᠢ᠋ᠶ᠋ᠠᠨ ᠮᠠᠰᠧᠷᠠᠲ᠋ᠢ ᠺᠣᠮᠫᠠᠨᠢ ᠨᠢ ᠠᠰᠢᠭ ᠬᠣᠣᠷ ᠤ᠋ᠨ ᠬᠠᠷᠢᠴᠠᠭᠠᠨ ᠳᠦ ᠬᠠᠷᠢᠶᠠᠯᠠᠭᠳᠠᠵᠦ ᠂ ᠴᠢᠨᠠᠭᠰᠢᠯᠠᠪᠠᠯ ᠥᠭᠡᠷ᠎ᠡ ᠨᠢᠭᠡ ᠵᠠᠷᠭᠤ ᠶᠢᠨ ᠵᠠᠭᠠᠯᠳᠤᠭᠳᠠᠭᠴᠢ ᠪᠣᠯᠬᠤ ᠪᠣᠯᠤᠯᠴᠠᠭ᠎ᠠ ᠲᠠᠢ᠂ ᠭᠡᠷᠡᠴᠢ ᠪᠠᠷᠢᠮᠲᠠ ᠨᠢ ᠢᠲᠡᠭᠡᠭᠦᠯᠬᠦ ᠬᠦᠴᠦᠨ ᠦᠭᠡᠢ ᠭᠡᠵᠦ ᠦᠵᠡᠨ ᠂ ᠵᠠᠭᠠᠯᠳᠤᠭᠳᠠᠭᠴᠢ ᠨᠢ ᠬᠠᠩᠭᠠᠨ ᠪᠣᠷᠤᠯᠠᠭᠤᠯᠬᠤ ᠺᠣᠮᠫᠠᠨᠢ ᠶᠢ ᠠᠶᠠᠯᠠᠯ ᠤᠨ ᠵᠠᠮ ᠤᠨ ᠤᠷᠲᠦ ᠶᠢ ᠥᠭᠡᠷᠡᠴᠢᠯᠡᠵᠦ ᠳᠠᠬᠢᠨ ᠲᠡᠭᠦᠨ ᠳᠦ ᠪᠣᠷᠤᠯᠠᠭᠤᠯᠤᠨ ᠬᠤᠳᠠᠯᠳᠤᠯ᠎ᠠ ᠭᠡᠵᠦ ᠪᠠᠷᠢᠮᠲᠠᠯᠠᠨ ᠦᠵᠡᠭᠰᠡᠨ ᠪᠠᠢᠨ᠎ᠠ  ᠃ ᠬᠡᠷᠪᠡ ᠲᠡᠷᠭᠡᠨ ᠵᠢᠶᠠᠰᠠ ᠶ᠋ᠢᠨ ᠨᠣᠮᠧᠷ ᠢ᠋ ᠪᠤᠷᠤᠭᠤ ᠪᠢᠴᠢᠵᠦ ᠣᠷᠤᠭᠤᠯᠤᠭᠰᠠᠨ ᠪᠤᠯ ᠂ ᠯᠠᠪ ᠥᠭᠡᠷ᠎ᠡ ᠨᠢᠭᠡ ᠲᠡᠷᠭᠡ 2015 ᠣᠨ ᠤ᠋ 9 ᠰᠠᠷ᠎ᠠ ᠶ᠋ᠢᠨ 6 ᠤ᠋ ᠡᠳᠦᠷ ᠠᠷᠠᠴᠢᠯᠠᠨ ᠬᠠᠮᠠᠭᠠᠯᠠᠵᠤ ᠥᠩᠭᠡᠷᠡᠭᠰᠡᠨ ᠪᠠᠢᠪᠠᠯ ᠲᠠᠭᠠᠷᠠᠨ᠎ᠠ ᠂ ᠲᠡᠭᠡᠪᠡᠯ ᠡᠨᠡ ᠲᠡᠷᠭᠡ ᠦᠨᠡᠬᠡᠷ ᠪᠠᠢᠨ᠎ᠠ ᠤᠤ︖ ᠵᠠᠭᠠᠯᠳᠤᠭᠴᠢ ᠵᠠᠭᠠᠯᠳᠤᠭᠳᠠᠭᠴᠢ ᠬᠣᠶᠠᠷ ᠲᠠᠯ᠎ᠠ ᠪᠠᠷ ᠢ᠋ᠶ᠋ᠠᠨ ᠠᠰᠠᠭᠤᠯᠲᠠ ᠳᠤᠷᠠᠳᠴᠦ᠂ ᠪᠢ  ᠳᠣᠲᠤᠷ᠎ᠠ ᠪᠡᠨ ᠬᠡᠳᠦᠢᠪᠡᠷ 70 %  ᠪᠠᠲᠤᠯᠠᠭ᠎ᠠ ᠲᠠᠢ ᠪᠣᠯᠪᠠᠴᠤ ᠂ ᠶᠡᠷᠦᠨᠢ  ᠪᠠᠰᠠ30 % ᠶ᠋ᠢ  ᠨᠠᠢᠳᠠᠪᠤᠷᠢ ᠦᠭᠡᠢ ᠭᠡᠵᠦ ᠦᠵᠡᠵᠦ  ᠪᠠᠢᠯ᠎ᠠ ᠂ ᠡᠨᠡ ᠬᠡᠷᠡᠭ ᠢ᠋ ᠮᠥᠨ ᠯᠡ ᠯᠠᠪᠳᠠᠭᠤᠨ ᠪᠠᠳᠤᠲᠠᠢ ᠰᠢᠭᠦᠨ ᠲᠠᠰᠤᠯᠤᠭᠰᠠᠨ ᠦᠭᠡᠢ ᠂ ᠶᠠᠭᠠᠬᠢᠪᠠᠯ ᠵᠣᠬᠢᠬᠤ ᠪᠣᠢ ︖ ᠪᠢ ᠪᠠᠰᠠ ᠨᠢᠭᠡ ᠤᠳᠠᠭᠠᠨ ᠤ᠋  ᠪᠤᠳᠤᠯᠭᠠᠱᠢᠷᠠᠯ ᠳ᠋ᠦ  ᠤᠴᠠᠷᠠᠵᠠᠢ ᠂  ᠲᠤᠰ ᠬᠡᠷᠡᠭ ᠲᠦ᠍ ᠪᠠᠰᠠ ᠬᠣᠶᠠᠷ ᠬᠡᠷᠡᠭ ᠦ᠋ᠨ ᠭᠠᠳᠠᠨᠠᠬᠢ ᠬᠥᠮᠦᠨ ᠮᠠᠰᠧᠷᠠᠲ᠋ᠢ ᠪᠣᠯᠤᠨ ᠢ ᠲ᠋ᠧ ᠬᠣᠯᠪᠣᠭᠳᠠᠵᠤ ᠪᠠᠢᠨ᠎ᠠ ᠃ ᠬᠡᠷᠪᠡ ᠤᠯᠠᠮ ᠨᠢᠭᠡ ᠠᠯᠬᠤᠮ ᠪᠠᠢᠴᠠᠭᠠᠨ ᠲᠣᠳᠣᠯᠠᠬᠤ ᠦᠭᠡᠢ ᠪᠣᠯ ᠂ 30 % ᠤᠨ ᠪᠤᠯᠤᠮᠵᠢᠲᠦ ᠴᠢᠨᠠᠷ ᠪᠠᠢᠬᠤ ᠦᠭᠡᠢ ᠪᠢᠰᠢ ᠂ ᠡᠢᠮᠦ ᠡᠴᠡ ᠂ ᠬᠣᠣ ᠵᠢᠶᠦ᠋ᠨ ᠰᠢᠩ ᠺᠣᠮᠫᠠᠨᠢ ᠶ᠋ᠢᠨ ᠭᠡᠷᠡᠴᠢ ᠪᠠᠷᠢᠮᠲᠠ ᠪᠡᠨ ᠨᠥᠬᠦᠨ ᠴᠢᠩᠭᠠᠳᠭᠠᠬᠤ ᠶᠢ ᠵᠠᠷᠯᠠᠵᠦ ᠂ ᠬᠣᠶᠠᠳᠤᠭᠠᠷ ᠤᠳᠠᠭᠠᠨ ᠤ ᠰᠢᠭᠦᠯᠲᠡ ᠬᠢᠵᠠᠢ ᠃ ᠲᠢᠩᠬᠢᠮ ᠦ᠋ᠨ ᠰᠢᠭᠦᠯᠲᠡ ᠳ᠋ᠦ᠍ ᠬᠡᠷᠡᠭ ᠦ᠋ᠨ ᠪᠠᠢᠳᠠᠯ ᠨᠢ ᠠᠭᠠᠵᠢᠮ ᠢ᠋ᠶ᠋ᠠᠷ ᠢᠯᠡ ᠲᠣᠳᠣ ᠪᠣᠯᠵᠤ᠂ ᠬᠣᠣ ᠵᠢᠶᠦ᠋ᠨ ᠰᠢᠩ ᠺᠣᠮᠫᠠᠨᠢ  ᠨᠢ ᠲᠡᠷᠭᠡᠨ ᠦ᠌ ᠵᠢᠶᠠᠰᠠ ᠶ᠋ᠢᠨ ᠨᠣᠮᠧᠷ ᠢ ᠨᠥᠭᠦᠭᠡ ᠨᠢᠭᠡ ᠲᠡᠷᠭᠡ ᠶ᠋ᠢ  ᠪᠤᠷᠤᠭᠤ  ᠪᠢᠴᠢᠵᠦ ᠣᠷᠤᠭᠤᠯᠤᠭᠰᠠᠨ ᠨᠥᠭᠦᠭᠡ ᠲᠡᠷᠭᠡᠨ ᠤ ᠠᠷᠠᠴᠢᠯᠠᠨ ᠬᠠᠮᠠᠭᠠᠯᠠᠭᠰᠠᠨ ᠲᠡᠮᠳᠡᠭᠯᠡᠯ ᠢ ᠭᠠᠷᠭᠠᠵᠦ ᠂ 2015 ᠣᠨ ᠤ᠋ 9 ᠰᠠᠷ᠎ᠠ ᠶ᠋ᠢᠨ 6 ᠤ᠋ ᠡᠳᠦᠷ ᠂ ᠨᠢᠭᠡᠨ ᠰᠦ F ᠮᠠᠰᠧᠷᠠᠲ᠋ᠢ ᠶᠡᠷᠦᠩᠬᠡᠢ ᠵᠠᠬᠢᠷᠤᠯ ᠤ᠋ᠨ ᠰᠠᠭᠤᠳᠠᠯ ᠤᠨ ᠮᠠᠰᠢᠨ ᠢ ᠢ ᠲᠧ ᠺᠣᠮᠫᠠᠨᠢ ᠳ᠋ᠤ᠌ ᠠᠷᠠᠴᠢᠯᠠᠨ ᠬᠠᠮᠠᠭᠠᠯᠠᠵᠤ᠂ ᠫᠷᠥᠭᠷᠠᠮᠴᠢ ᠶᠢᠨ ᠠᠵᠢᠯᠲᠠᠨ ᠲᠡᠷᠭᠡᠨ ᠨᠣᠮᠧᠷ ᠢ ᠪᠤᠷᠤᠭᠤ  ᠲᠡᠮᠳᠡᠭᠯᠡᠭᠰᠡᠨ ᠪᠠᠢᠨ᠎ᠠ᠂ ᠡᠭᠦᠨ ᠤ ᠳᠠᠭᠠᠦ ᠵᠠᠰᠠᠪᠤᠷᠢ ᠤᠷᠤᠭᠤᠯᠵᠦ᠂ ᠳᠠᠷᠠᠭ᠎ᠠ ᠨᠢ ᠬᠡᠳᠦ ᠤᠳᠠᠭ᠎ᠠ ᠬᠡᠷᠡᠭ ᠡᠴᠡ ᠭᠠᠳᠠᠨᠠᠬᠢ ᠲᠡᠷᠭᠡ ᠶᠢᠨ ᠵᠥᠪ ᠣᠨᠤᠪᠴᠢᠲᠠᠢ ᠳᠡᠷᠭᠡᠨ ᠨᠤᠮᠸᠷ ᠤᠨ ᠠᠷᠠᠴᠢᠯᠠᠨ ᠬᠠᠮᠠᠭᠠᠯᠠᠭᠰᠠᠨ ᠳᠡᠮᠳᠡᠭᠯᠡᠯ ᠵᠢᠴᠢ ᠲᠤᠰ ᠤᠳᠠᠭᠠᠨ ᠤ ᠠᠷᠠᠴᠢᠯᠠᠨ ᠵᠠᠰᠠᠭᠰᠠᠨ ᠬᠠᠭᠤᠳᠠᠰᠤᠨ  ᠳ᠋ᠤ᠌ ᠭᠠᠷ ᠤ᠋ᠨ ᠦᠰᠦᠭ ᠵᠢᠷᠤᠭᠰᠠᠨ ᠨᠢ ᠪᠦᠷ 1 ᠬᠥᠮᠦᠨ ᠪᠣᠯᠤᠨ᠎ᠠ ᠂ ᠪᠢ 30 %  ᠶᠢᠨ ᠲᠤᠭᠲᠠᠪᠥᠷᠢ ᠦᠭᠡᠢ ᠴᠢᠨᠠᠷ ᠢ ᠪᠦᠷᠢᠮᠦᠰᠦᠨ ᠠᠷᠢᠯᠭᠠᠵᠦ ᠂ ᠲᠤᠰ ᠬᠡᠷᠡᠭ ᠲᠦ᠍ ᠰᠢᠭᠦᠨ ᠲᠠᠰᠤᠯᠤᠯᠲᠠ ᠬᠢᠵᠦ ᠂ ᠤᠤᠯ ᠵᠠᠷᠭᠤ ᠶ᠋ᠢᠨ ᠭᠤᠶᠤᠴᠢᠯᠠᠯ ᠢ᠋ ᠨᠢᠴᠤᠭᠠᠭᠰᠠᠨ ᠤ᠋ ᠳᠠᠷᠠᠭ᠎ᠠ ᠂ ᠰᠢᠭᠦᠨ ᠲᠠᠰᠤᠯᠤᠭᠰᠠᠨ ᠤ᠋ ᠳᠠᠷᠠᠭᠠᠬᠢ ᠠᠰᠠᠭᠤᠯᠲᠠ ᠶᠢ ᠬᠠᠷᠢᠭᠤᠯᠤᠨ ᠥᠭᠴᠠᠢ ᠂ ᠡᠨᠳᠡ ᠬᠦᠷᠲᠡᠯ᠎ᠡ ᠲᠤᠰ ᠬᠡᠷᠡᠭ ᠢ ᠳᠠᠭᠤᠰᠭᠠᠭᠰᠠᠨ ᠳᠦ ᠬᠤᠶᠠᠷ ᠡᠳᠡᠭᠡᠳ ᠢᠶᠡᠷ ᠢᠶᠡᠨ ᠪᠦᠷ ᠬᠠᠨᠤᠮᠵᠢᠲᠠᠢ ᠪᠠᠢᠵᠦ᠂ ᠳᠡᠭᠡᠭᠰᠢ ᠵᠠᠭᠠᠯᠳᠤᠭᠰᠠᠨ ᠦᠭᠡᠢ᠃

     ᠲᠤᠰ ᠬᠡᠷᠡᠭ ᠨᠢ ᠲᠡᠢᠮᠦ ᠪᠤᠳᠤᠯᠢᠶᠠᠨᠲᠠᠢ ᠪᠢᠰᠢ ᠂ ᠭᠡᠪᠡᠴᠦ ᠪᠢ ᠲᠤᠩ ᠤᠯᠠᠨ ᠶᠠᠭᠤᠮ᠎ᠠ ᠰᠡᠳᠭᠢᠨ ᠪᠣᠳᠤᠭᠤᠯᠤᠭᠰᠠᠨ ᠪᠠᠢᠨ᠎ᠠ᠂ ᠬᠡᠷᠪᠡ ᠳᠣᠣᠷᠠᠬᠢ ᠬᠡᠳᠦᠨ ᠵᠠᠩᠭᠢᠯᠠᠭ᠎ᠠ  ᠶᠢ ᠵᠣᠬᠢᠰ ᠦᠭᠡᠢ ᠡᠵᠡᠮᠳᠡᠪᠡᠯ ᠬᠡᠷᠡᠭ ᠪᠤᠳᠤᠯᠢᠶᠠᠨᠲᠠᠢ ᠪᠣᠯᠵᠤ ᠬᠤᠪᠢᠷᠠᠨ᠎ᠠ ᠃ 1. ᠨᠢᠭᠡᠳᠦᠭᠡᠷ ᠤᠳᠠᠭ᠎ᠠ ᠰᠢᠭᠦᠯᠲᠡ ᠡᠬᠢᠯᠡᠬᠦ ᠦᠶ᠎ᠡ ᠳ᠋ᠦ᠍ ᠬᠣᠶᠠᠷ ᠲᠠᠯ᠎ᠠ ᠶ᠋ᠢᠨ ᠭᠡᠷᠡᠴᠢ ᠪᠠᠷᠢᠮᠲᠠ ᠶ᠋ᠢ ᠮᠠᠭᠠᠳᠯᠠᠬᠤ ᠳ᠋ᠤ᠌ ᠂ ᠬᠡᠳᠦᠢᠪᠡᠷ ᠪᠢ ᠮᠠᠰᠧᠷᠠᠲ᠋ᠢ ᠺᠣᠮᠫᠠᠨᠢ ᠶ᠋ᠢᠨ ᠭᠠᠷᠭᠠᠭᠰᠠᠨ ᠭᠡᠷᠡᠴᠢ ᠳ᠋ᠦ᠍ 70 %  ᠶᠢᠨ ᠪᠠᠲᠤᠲᠠᠢ ᠢᠲᠡᠭᠡᠯ ᠪᠠᠢᠪᠠᠴᠤ ᠂ ᠬᠣᠶᠠᠷ ᠲᠠᠯ᠎ᠠ ᠶ᠋ᠢᠨ ᠲᠤᠬᠠᠢ ᠶ᠋ᠢᠨ ᠬᠥᠮᠦᠨ  70 %  ᠶᠢᠨ ᠢᠲᠡᠭᠡᠯ ᠦᠭᠡᠢ ᠪᠠᠢᠯ᠎ᠠ ᠂ ᠬᠡᠷᠪᠡ ᠰᠢᠭᠦᠯᠲᠡ ᠡᠬᠢᠯᠡᠭᠰᠡᠨ ᠦ᠌ ᠳᠠᠷᠠᠭ᠎ᠠ ᠳᠠᠷᠤᠢᠬᠠᠨ ᠳᠠᠰᠤᠯᠠᠯᠲᠠ ᠬᠢᠬᠦ ᠳ᠋ᠦ᠍ ᠬᠦᠷᠪᠡᠯ ᠂ ᠬᠣᠶᠠᠷ ᠲᠠᠯ᠎ᠠ ᠶ᠋ᠢᠨ ᠲᠤᠬᠠᠢ ᠶ᠋ᠢᠨ ᠬᠥᠮᠦᠨ ᠪᠦᠷ ᠬᠦᠯᠢᠶᠡᠨ ᠠᠪᠬᠤ ᠦᠭᠡᠢ ᠶᠤᠮ᠃ 2 ᠂  ᠭᠤᠷᠪᠠᠳᠡᠬᠢ ᠡᠲᠡᠭᠡᠳ ᠪᠣᠯᠬᠤ ᠬᠣᠣ ᠵᠢᠶᠦ᠋ᠨ  ᠰᠢᠩ ᠺᠣᠮᠫᠠᠨᠢ ᠲᠤᠰ ᠬᠡᠷᠡᠭ ᠳᠤᠮᠳᠠ ᠴᠢᠬᠤᠯᠠ ᠬᠣᠯᠪᠤᠭᠳᠠᠯ ᠲᠠᠢ ᠪᠠᠢᠵᠦ᠂ ᠬᠡᠷᠪᠡ ᠨᠡᠬᠡᠮᠵᠢᠯᠡᠨ ᠨᠡᠮᠡᠬᠦ ᠦᠭᠡᠢ ᠪᠣᠯ ᠂  ᠦᠷᠭᠦᠯᠵᠢᠯᠡᠭᠰᠡᠨ ᠬᠡᠯᠬᠢᠶ᠎ᠡ ᠬᠡᠷᠡᠭ ᠪᠤᠯᠵᠦ᠂ ᠵᠠᠷᠭᠤᠯᠳᠤᠭᠠᠳ ᠪᠠᠷᠠᠬᠤ ᠦᠭᠡᠢ ᠮᠠᠭᠠᠳ᠃ 3. ᠰᠢᠭᠦᠨ ᠲᠠᠰᠤᠯᠤᠭᠰᠠᠨ ᠤ᠋ ᠳᠠᠷᠠᠭᠠᠬᠢ ᠮᠠᠳᠠᠭ ᠲᠠᠢ ᠠᠰᠠᠭᠤᠳᠠᠯ ᠳ᠋ᠤ᠌ ᠬᠠᠷᠢᠭᠤᠯᠲᠠ ᠥᠭᠬᠦ ᠭᠣᠭᠴᠣᠭ᠎ᠠ ᠨᠢ ᠲᠤᠬᠠᠢ ᠶ᠋ᠢᠨ ᠬᠥᠮᠦᠨ ᠦ᠌ ᠬᠠᠤᠯᠢ ᠴᠠᠭᠠᠵᠠ ᠶ᠋ᠢᠨ ᠲᠠᠯ᠎ᠠ ᠶ᠋ᠢᠨ ᠡᠷᠡᠭᠡᠯᠵᠡᠯ ᠢ᠋ ᠬᠠᠷᠢᠭᠤᠯᠬᠤ ᠶ᠋ᠢᠨ ᠬᠠᠮᠲᠤ ᠪᠠᠰᠠ ᠬᠣᠶᠠᠷ ᠲᠠᠯ᠎ᠠ ᠶ᠋ᠢᠨ ᠲᠤᠬᠠᠢ ᠶ᠋ᠢᠨ ᠬᠥᠮᠦᠨ ᠦ᠌ ᠬᠠᠢᠷ᠎ᠠ ᠰᠡᠳᠬᠢᠯᠭᠡ ᠶ᠋ᠢ ᠰᠡᠷᠭᠦᠭᠡᠨ ᠂ ᠭᠤᠷᠪᠠᠨ ᠲᠠᠯ᠎ᠠ ᠶ᠋ᠢᠨ ᠲᠤᠬᠠᠢ ᠶ᠋ᠢᠨ ᠬᠥᠮᠦᠨ ᠦ᠌ ᠬᠠᠷᠢᠯᠴᠠᠨ ᠢᠲᠡᠭᠡᠯ ᠢ᠋ ᠳᠠᠬᠢᠨ ᠣᠯᠭᠤᠬᠤ ᠪᠣᠯᠤᠨ᠎ᠠ᠃

    ᠨᠠᠮ ᠤ᠋ᠨ ᠪᠠᠢᠭᠤᠯᠤᠯᠲᠠ ᠪᠠᠷ ᠵᠢᠯᠣᠭᠣᠳᠤᠮᠵᠢ ᠪᠣᠯᠭᠠᠬᠤ ᠪᠠ ᠰᠢᠭᠦᠨ ᠲᠠᠰᠤᠯᠬᠤ ᠭᠦᠢᠴᠡᠳᠬᠡᠬᠦ ᠠᠵᠢᠯ ᠢ᠋ ᠬᠠᠷᠢᠯᠴᠠᠨ ᠤᠶᠠᠯᠳᠤᠭᠤᠯᠤᠨ ᠠᠬᠢᠭᠤᠯᠬᠤ ᠪᠣᠯ ᠮᠠᠨ ᠤ᠋ ᠦᠷᠭᠦᠯᠵᠢ  ᠬᠥᠭᠡᠭᠡᠴᠡᠯᠳᠦᠬᠦ ᠴᠢᠭᠯᠡᠯ ᠪᠣᠯᠤᠨ᠎ᠠ ᠃ ᠨᠠᠮ ᠤ᠋ᠨ ᠬᠠᠷᠢᠴᠠᠯᠠᠰᠢᠭᠦᠢ ᠤᠳᠤᠷᠢᠳᠤᠯᠭ᠎ᠠ ᠶ᠋ᠢ ᠪᠠᠷᠢᠮᠲᠠᠯᠠᠬᠤ ᠪᠣᠯ ᠠᠷᠠᠳ ᠤ᠋ᠨ ᠬᠠᠤᠯᠢ ᠴᠠᠭᠠᠵᠠ ᠶ᠋ᠢᠨ ᠰᠦᠭ ᠰᠦᠨᠡᠰᠦ ᠮᠥᠨ ᠂ ᠶᠡᠷᠦᠩᠬᠡᠢ ᠱᠦᠵᠢ ᠰᠢ ᠵᠢᠨ ᠫᠢᠩ ᠦ᠋ᠨ  ᠬᠡᠯᠡᠭᠰᠡᠨ ᠢᠶᠡᠷ ᠄ 《ᠠᠷᠠᠳ ᠲᠦᠮᠡᠨ ᠳᠦ ᠬᠠᠤᠯᠢ ᠴᠠᠭᠠᠵᠠ ᠶ᠋ᠢᠨ ᠬᠡᠷᠡᠭ ᠪᠣᠯᠭᠠᠨ ᠳ᠋ᠦ᠍ ᠲᠥᠪ ᠭᠣᠣᠯᠴᠢ ᠰᠢᠳᠤᠷᠭᠤ ᠶᠣᠰᠣ ᠶ᠋ᠢ ᠮᠡᠳᠡᠷᠡᠭᠦᠯᠬᠦ ᠪᠡᠷ ᠴᠢᠷᠮᠠᠢᠬᠤ ᠬᠡᠷᠡᠭᠲᠡᠢ 》 ᠂ ᠠᠷᠠᠳ ᠤ᠋ᠨ ᠰᠢᠭᠦᠬᠦ ᠬᠣᠷᠢᠶ᠎ᠠ ᠨᠢ ᠬᠠᠤᠯᠢ ᠪᠠᠷᠢᠬᠤ ᠪᠠᠢᠭᠤᠯᠭ᠎ᠠ ᠶ᠋ᠢᠨ ᠬᠤᠪᠢ ᠳ᠋ᠤ᠌ ᠨᠡᠩ ᠢᠯᠡᠭᠦᠦ ᠠᠷᠠᠳ ᠲᠦᠮᠡᠨ ᠦ᠌ ᠵᠣᠭᠰᠣᠯᠲᠠ ᠪᠡᠨ ᠪᠠᠳᠤᠳᠬᠠᠬᠤ ᠬᠡᠷᠡᠭᠲᠡᠢ  ᠃ ᠣᠢᠷ᠎ᠠ ᠶ᠋ᠢᠨ ᠵᠢᠯ ᠡᠴᠡ ᠨᠡᠰᠢ ᠂ ᠬᠢᠶ᠎ᠡ ᠪᠠᠭᠰᠢ ᠲᠣᠭᠣᠷᠢᠭ ᠤ᠋ᠨ ᠰᠢᠭᠦᠬᠦ ᠬᠣᠷᠢᠶ᠎ᠠ ᠨᠠᠮ ᠤ᠋ᠨ ᠪᠠᠢᠭᠤᠯᠤᠯᠲᠠ ᠶᠢᠨ ᠳᠠᠭᠠᠭᠤᠯᠤᠯᠭ᠎ᠠ ᠳᠣᠣᠷ᠎ᠠ ᠬᠢᠨᠠᠨ ᠭᠦᠢᠴᠡᠳᠬᠡᠬᠦ ᠠᠵᠢᠯ ᠢ᠋ ᠥᠨᠳᠥᠷ ᠴᠢᠨᠠᠷ ᠴᠢᠨᠰᠠᠭ᠎ᠠ ᠲᠠᠢ ᠬᠥᠭᠵᠢᠭᠦᠯᠵᠦ ᠂ ᠳᠤᠤᠭᠠᠷᠪᠠᠯ ᠳᠠᠭᠤ ᠨᠢᠭᠡᠲᠡᠢ᠂ ᠳᠤᠭᠳᠤᠷᠪᠠᠯ ᠬᠦᠴᠦ ᠨᠢᠭᠡᠲᠡᠢ᠂ ᠡᠷᠡᠯᠬᠡᠭᠯᠡᠨ ᠤᠷᠤᠭᠰᠢᠯᠠᠵᠤ ᠂ ᠲᠥᠪ ᠭᠣᠣᠯᠴᠢ ᠰᠢᠳᠤᠷᠭᠤ ᠶᠣᠰᠣᠨ ᠤ᠋ ᠥᠷᠲᠡᠭ ᠦ᠋ᠨ ᠬᠥᠭᠡᠭᠡᠴᠡᠯᠳᠦᠯ ᠢ᠋ ᠭᠡᠷᠡᠴᠢ ᠪᠠᠷᠢᠮᠲᠠ ᠨᠢᠭᠡ ᠪᠦᠷᠢ ᠶ᠋ᠢᠨ ᠨᠠᠷᠢᠨ ᠨᠢᠮᠪᠠᠢ ᠡᠮᠬᠢᠯᠡᠨ ᠲᠢᠭᠯᠡᠬᠦ ᠳᠡᠭᠡᠷ᠎ᠡ ᠢᠯᠡᠷᠡᠵᠦ ᠂ ᠪᠣᠳᠠᠲᠤ ᠶᠠᠪᠤᠳᠠᠯ ᠨᠢᠭᠡ ᠪᠦᠷᠢ ᠶ᠋ᠢ ᠳᠡᠰ ᠳᠡᠰ ᠢ᠋ᠶ᠋ᠡᠷ ᠪᠠᠢᠴᠠᠭᠠᠨ ᠲᠣᠳᠣᠯᠠᠵᠤ ᠂ ᠰᠢᠭᠦᠬᠦ ᠭᠣᠭᠴᠣᠭ᠎ᠠ ᠨᠢᠭᠡ ᠪᠦᠷᠢ ᠶ᠋ᠢ ᠣᠨᠣᠪᠴᠢᠲᠠᠢ ᠡᠵᠡᠮᠳᠡᠨ ᠂ ᠠᠷᠠᠳ ᠤ᠋ᠨ ᠲᠥᠯᠥᠭᠡ ᠭᠡᠬᠦ ᠰᠡᠳᠬᠢᠯᠭᠡ ᠨᠢᠭᠡ ᠪᠦᠷᠢ ᠶᠢ ᠠᠮᠢᠳᠤᠯᠢᠭ ᠲᠠᠢᠪᠥᠷᠢᠯᠠᠯᠲᠠ ᠬᠢᠭᠰᠡᠨ ᠪᠠᠢᠨ᠎ᠠ ᠃

    ᠬᠠᠮᠤᠭ ᠤ᠋ᠨ ᠰᠡᠭᠦᠯ ᠳ᠋ᠦ᠍ ᠽᠧᠦ ᠪᠢ ᠬᠤᠸᠠ ᠶ᠋ᠢᠨ ᠦᠭᠡ  ᠶᠢ ᠣᠯᠠᠨ ᠲᠠᠢ ᠬᠠᠮᠲᠤ  ᠬᠤᠪᠢᠶᠠᠯᠴᠠᠶ᠎ᠠ ᠄ 《 ᠮᠠᠨ ᠤ᠋ ᠣᠷᠣᠰᠢᠵᠤ ᠪᠠᠢᠭᠰᠠᠨ ᠠ᠋ᠴᠠ ᠡᠨᠡ ᠳᠡᠯᠡᠬᠡᠢ ᠨᠡᠩ ᠰᠠᠢᠨ ᠰᠠᠢᠬᠠᠨ ᠪᠣᠯᠵᠤ ᠴᠢᠳᠠᠨ᠎ᠠ 》᠃ ᠬᠠᠤᠯᠢ ᠪᠠᠷ ᠵᠠᠰᠠᠬᠤ ᠣᠷᠣᠨ ᠬᠡᠪᠴᠢᠶ᠎ᠡ ᠴᠦ ᠡᠴᠦᠰ ᠳ᠋ᠡᠭᠡᠨ ᠪᠠᠰᠠ ᠪᠢᠳᠡᠨ ᠦ᠌ ᠪᠠᠲᠤ ᠰᠠᠬᠢᠭᠰᠠᠨ ᠠ᠋ᠴᠠ ᠪᠣᠯᠵᠤ ᠤᠯᠠᠮ ᠡᠩᠬᠡ ᠲᠠᠢᠪᠤᠩ ᠪᠣᠯᠬᠤ ᠶᠤᠮ ᠭᠡᠳᠡᠭ ᠢ᠋  ᠪᠢ ᠢᠲᠡᠭᠡᠨ᠎ᠡ︕

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )