ᠬᠠᠤᠯᠢ ᠪᠠᠷ ᠵᠠᠰᠠᠬᠤ ᠪᠣᠯ ᠤᠯᠤᠰ ᠢ᠋ᠶ᠋ᠠᠨ ᠵᠠᠰᠠᠬᠤ ᠶ᠋ᠢᠨ ᠦᠨᠳᠦᠰᠦ ᠂ ᠬᠠᠤᠯᠢ ᠲᠦᠭᠡᠮᠡᠯᠵᠢᠭᠦᠯᠬᠦ ᠶᠠᠪᠤᠳᠠᠯ ᠢ᠋ ᠪᠠᠭᠠᠴᠤᠳ ᠠ᠋ᠴᠠ ᠡᠬᠢᠯᠡᠨ ᠠᠳᠬᠤᠬᠤ ᠬᠡᠷᠡᠭᠲᠡᠢ ᠃ ᠵᠠᠯᠠᠭᠤᠴᠤᠳ ᠪᠠᠭᠠᠴᠤᠳ ᠤ᠋ᠨ ᠬᠠᠤᠯᠢ ᠴᠠᠭᠠᠵᠠ ᠶ᠋ᠢᠨ ᠤᠬᠠᠮᠰᠠᠷ ᠪᠠ ᠥᠪᠡᠷ ᠢ᠋ ᠪᠡᠨ ᠬᠠᠮᠠᠭᠠᠯᠠᠬᠤ ᠤᠬᠠᠮᠰᠠᠷ ᠢ᠋ ᠤᠯᠠᠮ ᠴᠢᠩᠭᠠᠳᠬᠠᠵᠤ ᠂ ᠵᠥᠪ ᠪᠤᠷᠤᠭᠤ ᠶ᠋ᠢ ᠢᠯᠭᠠᠨ ᠲᠠᠨᠢᠬᠤ ᠴᠢᠳᠠᠪᠤᠷᠢ ᠶ᠋ᠢ ᠳᠡᠭᠡᠭᠰᠢᠯᠡᠭᠦᠯᠦᠨ ᠂ ᠨᠡᠩ ᠣᠯᠠᠨ ᠵᠠᠯᠠᠭᠤᠴᠤᠳ ᠪᠠᠭᠠᠴᠤᠳ ᠢ᠋ ᠬᠠᠤᠯᠢ ᠴᠠᠭᠠᠵᠠ ᠶᠢ ᠠᠩᠬᠠᠷᠴᠤ ᠂ ᠬᠠᠤᠯᠢ ᠰᠤᠷᠬᠤ ᠂ ᠬᠠᠤᠯᠢ ᠮᠡᠳᠡᠬᠦ ᠂ ᠬᠠᠤᠯᠢ ᠶ᠋ᠢ ᠰᠠᠬᠢᠬᠤ ᠂ ᠬᠠᠤᠯᠢ ᠶ᠋ᠢ ᠬᠡᠷᠡᠭᠯᠡᠵᠦ ᠴᠢᠳᠠᠭᠤᠯᠬᠤ ᠶᠢᠨ ᠲᠥᠯᠥᠭᠡ ᠂ ᠣᠢᠷ᠎ᠠ ᠳ᠋ᠤ᠌ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠣᠷᠳᠣᠰ ᠬᠣᠲᠠ ᠶ᠋ᠢᠨ ᠬᠢᠶ᠎ᠡ ᠪᠠᠭᠰᠢ ᠲᠣᠭᠣᠷᠢᠭ ᠤ᠋ᠨ ᠲᠤᠷᠰᠢᠯᠲᠠ ᠶ᠋ᠢᠨ ᠳᠤᠮᠳᠠᠳᠤ ᠰᠤᠷᠭᠠᠭᠤᠯᠢ ᠶ᠋ᠢᠨ ᠳᠥᠴᠢᠨ ᠳᠣᠯᠣᠭᠠᠨ ᠰᠤᠷᠤᠭᠴᠢ ᠶ᠋ᠢ ᠵᠣᠬᠢᠶᠠᠨ ᠪᠠᠢᠭᠤᠯᠵᠤ 《 ᠳᠠᠭᠤᠷᠢᠶᠠᠮᠠᠯ ᠰᠢᠭᠦᠬᠦ ᠲᠢᠩᠬᠢᠮ 》 ᠦ᠋ᠨ ᠠᠵᠢᠯᠯᠠᠭ᠎ᠠ ᠥᠷᠨᠢᠭᠦᠯᠪᠡ ᠃
ᠠᠵᠢᠯᠯᠠᠭ᠎ᠠ ᠡᠬᠢᠯᠡᠬᠦ ᠡᠴᠡ ᠡᠮᠦᠨ᠎ᠡ ᠂ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠠᠷᠠᠳ ᠤ᠋ᠨ ᠵᠢᠷᠭᠤᠳᠤᠭᠠᠷ ᠲᠢᠩᠬᠢᠮ ᠪᠣᠯᠤᠨ ᠲᠤᠷᠰᠢᠯᠲᠠ ᠶ᠋ᠢᠨ ᠳᠤᠮᠳᠠᠳᠤ ᠰᠤᠷᠭᠠᠭᠤᠯᠢ ᠶ᠋ᠢᠨ ᠪᠠᠭᠰᠢ ᠢᠳᠡᠪᠬᠢᠲᠡᠢ ᠪᠡᠷ ᠬᠠᠷᠢᠯᠴᠠᠵᠤ ᠂ ᠬᠡᠷᠡᠭ ᠦ᠋ᠨ ᠵᠢᠱ᠌ᠢᠶ᠎ᠡ ᠶ᠋ᠢ ᠬᠠᠮᠲᠤ ᠪᠠᠷ ᠰᠣᠩᠭᠣᠵᠤ ᠂ ᠳᠠᠭᠤᠷᠢᠶᠠᠮᠠᠯ ᠰᠢᠭᠦᠬᠦ ᠲᠢᠩᠬᠢᠮ ᠦ᠋ᠨ ᠵᠦᠴᠦᠭᠡ ᠶ᠋ᠢᠨ ᠳᠡᠪᠲᠡᠷ ᠢ᠋ ᠨᠠᠷᠢᠨ ᠬᠢᠨᠠᠮᠠᠭᠠᠢ ᠨᠠᠢᠷᠠᠭᠤᠯᠤᠨ ᠪᠢᠴᠢᠪᠡ ᠃ ᠬᠡᠰᠡᠭ ᠬᠤᠭᠤᠴᠠᠭᠠᠨ ᠤ᠋ ᠨᠠᠷᠢᠨ ᠨᠢᠮᠪᠠᠢ ᠪᠣᠯᠪᠠᠰᠤᠷᠠᠯ ᠢ᠋ᠶ᠋ᠠᠷ ᠳᠠᠮᠵᠢᠨ ᠂ ᠰᠤᠷᠤᠭᠴᠢᠳ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠠᠷᠠᠳ ᠤ᠋ᠨ ᠰᠢᠭᠦᠬᠦ ᠬᠣᠷᠢᠶᠠᠨ ᠤ᠋ ᠰᠢᠭᠦᠨ ᠲᠠᠰᠤᠯᠬᠤ ᠲᠢᠩᠬᠢᠮ ᠳ᠋ᠦ᠍ ᠬᠦᠷᠴᠦ ᠂ ᠠᠬᠤᠢ ᠲᠠᠯᠠᠪᠠᠢ ᠳ᠋ᠤ᠌ ᠨᠢᠭᠡ ᠤᠳᠠᠭᠠᠨ ᠤ᠋ 《 ᠦᠨᠡᠨ ᠪᠣᠳᠠᠲᠠᠢ 》 ᠲᠢᠩᠬᠢᠮ ᠦ᠋ᠨ ᠰᠢᠭᠦᠯᠲᠡ ᠶ᠋ᠢ ᠮᠡᠳᠡᠷᠡᠵᠦ ᠬᠦᠷᠲᠡᠭᠰᠡᠨ ᠪᠠᠢᠨ᠎ᠠ᠃
ᠳᠠᠭᠤᠷᠢᠶᠠᠮᠠᠯ ᠰᠢᠭᠦᠬᠦ ᠲᠢᠩᠬᠢᠮ ᠳ᠋ᠦ᠍ ᠂ 18 ᠰᠤᠷᠤᠭᠴᠢ ᠲᠤᠰ ᠲᠤᠰ 《 ᠰᠢᠭᠦᠨ ᠲᠠᠰᠤᠯᠬᠤ ᠳᠠᠷᠤᠭ᠎ᠠ 》 《 ᠰᠢᠭᠦᠭᠴᠢ 》 《 ᠠᠯᠪᠠᠨ ᠵᠠᠭᠠᠯᠳᠤᠭᠴᠢ 》 《 ᠪᠢᠴᠢᠭᠡᠴᠢ 》 《 ᠥᠮᠥᠭᠯᠡᠭᠴᠢ 》 《 ᠵᠠᠭᠠᠯᠳᠤᠭᠳᠠᠭᠴᠢ 》 《 ᠬᠣᠣᠷᠯᠠᠭᠳᠠᠭᠴᠢ 》 《 ᠬᠠᠤᠯᠢ ᠳ᠋ᠤ᠌ ᠲᠣᠭᠲᠠᠭᠰᠠᠨ ᠣᠷᠣᠯᠠᠭᠴᠢ 》 《 ᠬᠠᠤᠯᠢ ᠶ᠋ᠢᠨ ᠴᠠᠭᠳᠠᠭ᠎ᠠ 》 ᠵᠡᠷᠭᠡ ᠳᠦᠷᠢ ᠶ᠋ᠢ ᠲᠣᠭᠯᠠᠵᠤ ᠂ ᠨᠢᠭᠡᠨ ᠥ ᠡᠷᠢᠵᠦ ᠬᠡᠷᠡᠭ ᠥᠳᠥᠭᠡᠭᠰᠡᠨ ᠤᠴᠢᠷ ᠢ᠋ ᠲᠤᠬᠠᠢ ᠶ᠋ᠢᠨ ᠲᠠᠯᠠᠪᠤᠷ ᠲᠤᠨᠢ ᠰᠢᠭᠦᠨ ᠰᠢᠢᠳᠪᠦᠷᠢᠯᠡᠪᠡ ᠃ ᠲᠥᠪ ᠴᠢᠩᠭ᠎ᠠ ᠰᠢᠭᠦᠬᠦ ᠲᠢᠩᠬᠢᠮ ᠦ᠋ᠨ ᠠᠭᠤᠷ ᠠᠮᠢᠰᠬᠤᠯ ᠳ᠋ᠤ᠌ ᠰᠤᠷᠤᠭᠴᠢᠳ ᠨᠢᠭᠡ ᠨᠢᠭᠡ ᠪᠡᠷ ᠪᠦᠬᠦ ᠰᠡᠳᠬᠢᠯ ᠢᠶᠡᠨ ᠲᠠᠯᠪᠢᠨ ᠣᠷᠣᠯᠴᠠᠵᠤ ᠂ ᠮᠠᠰᠢ ᠲᠦᠷᠭᠡᠨ ᠢ᠋ᠶ᠋ᠡᠷ ᠲᠣᠭᠯᠠᠬᠤ ᠳᠦᠷᠢ ᠢᠶᠡᠨ ᠣᠯᠤᠭᠰᠠᠨ ᠪᠠᠢᠨ᠎ᠠ ᠃
《 ᠰᠢᠭᠦᠨ ᠲᠠᠰᠤᠯᠬᠤ ᠳᠠᠷᠤᠭ᠎ᠠ 》 ᠡᠮᠬᠢ ᠵᠠᠮᠪᠠᠷᠠᠭ᠎ᠠ ᠲᠡᠢ ᠂ ᠨᠠᠮ ᠳᠤᠭᠲᠠᠭᠤᠨ ᠢᠶᠡᠷ ᠲᠢᠩᠬᠢᠮ ᠦ᠋ᠨ ᠰᠢᠭᠦᠯᠲᠡ ᠶ᠋ᠢ ᠡᠷᠬᠢᠯᠡᠵᠦ ᠂ 《 ᠵᠠᠭᠠᠯᠳᠤᠬᠤ ᠮᠠᠷᠭᠤᠯᠳᠤᠬᠤ ᠬᠣᠶᠠᠷ ᠲᠠᠯ᠎ᠠ 》 ᠶ᠋ᠢᠨ ᠭᠡᠷᠡᠴᠢ ᠭᠠᠷᠭᠠᠬᠤ ᠂ ᠲᠤᠯᠭᠠᠨ ᠭᠡᠷᠡᠴᠢᠯᠡᠬᠦ ᠂ ᠬᠤᠷᠴᠠ ᠰᠢᠷᠦᠭᠦᠨ ᠮᠠᠷᠭᠤᠯᠳᠤᠬᠤ ᠂ 《 ᠵᠠᠭᠠᠯᠳᠤᠭᠳᠠᠭᠴᠢ 》 ᠶ᠋ᠢᠨ ᠦᠨᠡᠨ ᠰᠡᠳᠬᠢᠯ ᠡᠴᠡ ᠪᠡᠨ ᠶᠠᠯ᠎ᠠ ᠪᠠᠨ ᠲᠠᠨᠢᠬᠤ ᠁ ᠰᠢᠭᠦᠯᠲᠡ ᠡᠴᠡ ᠡᠮᠦᠨᠡᠬᠢ ᠪᠡᠯᠡᠳᠬᠡᠯ ᠂ ᠰᠢᠭᠦᠬᠦ ᠲᠢᠩᠬᠢᠮ ᠦ᠋ᠨ ᠪᠠᠢᠴᠠᠭᠠᠯᠲᠠ ᠂ ᠰᠢᠭᠦᠬᠦ ᠲᠢᠩᠬᠢᠮ ᠦ᠋ᠨ ᠮᠠᠷᠭᠤᠯᠳᠤᠭᠠᠨ ᠂ ᠵᠠᠭᠠᠯᠳᠤᠭᠳᠠᠭᠴᠢ ᠶ᠋ᠢᠨ ᠬᠠᠮᠤᠭ ᠡᠴᠦᠰ ᠦ᠋ᠨ ᠲᠣᠭᠠᠴᠢᠯᠲᠠ ᠵᠡᠷᠭᠡ ᠡᠷᠡᠭᠦᠦ ᠶ᠋ᠢᠨ ᠬᠡᠷᠡᠭ ᠢ᠋ ᠰᠢᠭᠦᠬᠦ ᠪᠦᠬᠦ ᠶᠠᠪᠤᠴᠠ ᠶ᠋ᠢ ᠰᠤᠷᠤᠭᠴᠢᠳ ᠪᠦᠷᠢᠨ ᠪᠦᠲᠦᠨ ᠢ᠋ᠶ᠋ᠡᠷ ᠨᠢ ᠳᠠᠭᠤᠷᠢᠶᠠᠨ ᠲᠣᠭᠯᠠᠭᠰᠠᠨ ᠪᠠᠢᠨ᠎ᠠ ᠃
ᠲᠤᠰ ᠤᠳᠠᠭᠠᠨ ᠤ᠋ ᠠᠵᠢᠯᠯᠠᠭ᠎ᠠ ᠨᠢ ᠳᠤᠮᠳᠠᠳᠤ ᠰᠤᠷᠭᠠᠭᠤᠯᠢ ᠶ᠋ᠢᠨ ᠰᠤᠷᠤᠭᠴᠢᠳ ᠤ᠋ᠨ ᠬᠠᠮᠤᠭ ᠤ᠋ᠨ ᠦᠷᠭᠦᠯᠵᠢ ᠲᠣᠬᠢᠶᠠᠯᠳᠤᠳᠠᠭ ᠵᠤᠳᠤᠯᠴᠠᠨ ᠨᠠᠭᠠᠳᠴᠤ ᠪᠠᠢᠭᠰᠠᠨ ᠡᠴᠡ ᠪᠠᠨ ᠥ ᠡᠷᠢᠵᠦ ᠬᠡᠷᠡᠭ ᠡᠳᠦᠭᠰᠡᠨ ᠬᠡᠷᠡᠭ ᠦ᠋ᠨ ᠵᠢᠱ᠌ᠢᠶ᠎ᠡ ᠪᠣᠯᠤᠨ᠎ᠠ ᠂ ᠡᠨᠡᠬᠦ ᠵᠢᠱᠢᠶ᠎ᠡ ᠨᠢ ᠰᠤᠷᠤᠭᠴᠢ ᠤ᠋ᠨ ᠠᠮᠢᠳᠤᠷᠠᠯ ᠲᠠᠢ ᠨᠡᠩ ᠰᠠᠢᠨ ᠵᠣᠬᠢᠴᠠᠵᠤ ᠂ ᠰᠤᠷᠤᠭᠴᠢᠳ ᠲᠤ᠌ ᠪᠣᠳᠠᠲᠠᠢ ᠪᠡᠷ ᠬᠠᠤᠯᠢ ᠴᠠᠭᠠᠵᠠ ᠶ᠋ᠢᠨ ᠮᠡᠳᠡᠯᠭᠡ ᠶ᠋ᠢ ᠵᠢᠭᠠᠵᠤ ᠥᠭᠭᠦᠭᠰᠡᠨ ᠢᠶᠡᠷ ᠪᠠᠷᠠᠬᠤ ᠦᠭᠡᠢ ᠂ ᠰᠤᠷᠤᠭᠴᠢᠳ ᠲᠣᠭᠯᠠᠬᠤ ᠪᠠ ᠦᠵᠡᠬᠦ ᠳᠤᠮᠳᠠ ᠳ᠋ᠠᠭᠠᠨ ᠬᠠᠤᠯᠢ ᠴᠠᠭᠠᠵᠠ ᠶ᠋ᠢᠨ ᠲᠥᠪ ᠴᠢᠩᠭ᠎ᠠ ᠪᠠ ᠰᠢᠳᠢᠲᠦ ᠬᠦᠴᠦᠨ ᠢ᠋ ᠰᠡᠷᠡᠵᠦ ᠂ ᠪᠤᠳᠠᠳᠠᠢ ᠭᠠᠵᠠᠷ ᠳ᠋ᠤᠨᠢ ᠪᠡᠶ᠎ᠡ ᠪᠡᠷ ᠢᠶᠡᠨ ᠣᠷᠤᠯᠴᠠᠭᠰᠠᠨ ᠰᠢᠭ ᠬᠠᠤᠯᠢ ᠴᠠᠭᠠᠵᠠ ᠶ᠋ᠢᠨ ᠮᠡᠳᠡᠯᠭᠡ ᠶ᠋ᠢ ᠰᠤᠷᠤᠯᠴᠠᠵᠤ ᠂ ᠬᠠᠤᠯᠢ ᠴᠠᠭᠠᠵᠠ ᠶ᠋ᠢᠨ ᠦᠵᠡᠯᠲᠡ ᠪᠡᠨ ᠴᠢᠩᠭᠠᠳᠬᠠᠵᠤ ᠂ ᠨᠢᠭᠡ ᠤᠳᠠᠭᠠᠨ ᠤ᠋ ᠰᠢᠨ᠎ᠡ ᠶᠢ ᠡᠭᠦᠳᠬᠦ ᠬᠠᠤᠯᠢ ᠪᠠᠷ ᠵᠠᠰᠠᠬᠤ ᠬᠥᠮᠦᠵᠢᠯ ᠢ᠋ ᠬᠦᠷᠲᠡᠭᠰᠡᠨ ᠪᠠᠢᠨ᠎ᠠ ᠃
ᠦᠨᠡᠯᠡᠬᠦ 0ᠦᠨᠡᠯᠡᠯᠲᠡ᠎ᠲᠠᠢ