ᠬᠠᠤᠯᠢ ᠪᠡᠶ᠎ᠡ ᠶᠢᠨ ᠳᠡᠷᠭᠡᠳᠡ ᠠᠮᠢᠳᠤᠷᠠᠯ ᠢ ᠭᠡᠷᠡᠯᠲᠦᠭᠦᠯᠦᠨᠡᠮ ︱ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠤᠷᠢᠶ᠎ᠠ ᠪᠣᠯᠤᠨ ᠬᠣᠲᠠ ᠶ᠋ᠢᠨ ᠬᠠᠤᠯᠢ ᠴᠠᠭᠠᠵᠠ ᠶ᠋ᠢᠨ ᠲᠣᠪᠴᠢᠶ᠎ᠠ ᠢᠷᠭᠡᠨ ᠦ᠌ ᠬᠠᠤᠯᠢ 
2023.05.29 ᠲᠣᠰ ᠥᠷᠲᠡᠭᠡᠨ᠎ᠦ ᠨᠠᠢᠷᠠᠭᠤᠯᠤᠭᠴᠢ

   2023 ᠣᠨ ᠤ᠋ 5 ᠰᠠᠷ᠎ᠠ ᠨᠢ ᠮᠠᠨ ᠤ᠋ ᠤᠯᠤᠰ ᠤ᠋ᠨ ᠭᠤᠷᠪᠠᠳᠤᠭᠠᠷ 《ᠢᠷᠭᠡᠨ ᠦ᠌ ᠬᠠᠤᠯᠢ ᠶ᠋ᠢᠨ ᠪᠢᠴᠢᠭ᠌ ᠦ᠋ᠨ ᠤᠬᠠᠭᠤᠯᠭ᠎ᠠ ᠶ᠋ᠢᠨ ᠰᠠᠷ᠎ᠠ》 ᠪᠣᠯᠤᠨ᠎ᠠ ᠂  《ᠬᠡᠨ ᠬᠠᠤᠯᠢ ᠬᠡᠷᠡᠭᠵᠢᠭᠦᠯᠪᠡᠯ ᠬᠡᠨ ᠬᠠᠤᠯᠢ ᠲᠦᠭᠡᠮᠡᠯᠵᠢᠭᠦᠯᠬᠦ》ᠬᠠᠤᠯᠢ ᠲᠦᠭᠡᠮᠡᠯᠵᠢᠭᠦᠯᠬᠦ ᠬᠠᠷᠢᠭᠤᠴᠠᠯᠭ᠎ᠠ ᠶ᠋ᠢᠨ ᠳᠦᠷᠢᠮ ᠢ᠋ ᠤᠯᠠᠮ ᠨᠢᠭᠡ ᠠᠯᠬᠤᠮ ᠲᠤᠤᠱᠯᠠᠭᠤᠯᠤᠨ ᠨᠠᠢᠳᠠᠪᠤᠷᠢᠵᠢᠭᠤᠯᠵᠤ ᠂ ᠲᠥᠷᠥ ᠶ᠋ᠢᠨ ᠠᠵᠢᠯᠲᠠᠨ ᠤ᠋ ᠲᠦᠷᠦᠭᠦᠯᠡᠨ ᠰᠤᠷᠤᠯᠴᠠᠬᠤ ᠂ ᠤᠬᠠᠭᠤᠯᠬᠤ ᠂ ᠠᠬᠢᠭᠤᠯᠬᠤ ᠂ ᠪᠠᠲᠤᠯᠠᠬᠤ 《ᠢᠷᠭᠡᠨ ᠦ᠌ ᠬᠠᠤᠯᠢ ᠶ᠋ᠢᠨ ᠪᠢᠴᠢᠭ᠌》 ᠢ᠋ ᠬᠡᠷᠡᠭᠵᠢᠭᠦᠯᠬᠦ ᠦᠵᠡᠯ ᠤᠬᠠᠮᠰᠠᠷ ᠢ᠋ ᠳᠡᠭᠡᠭᠰᠢᠯᠡᠭᠦᠯᠬᠦ ᠶ᠋ᠢᠨ ᠲᠥᠯᠥᠭᠡ ᠂ 5 ᠰᠠᠷ᠎ᠠ ᠶ᠋ᠢᠨ 23 ᠤ᠋ ᠦᠳᠡ ᠶ᠋ᠢᠨ ᠡᠮᠦᠨ᠎ᠡ ᠂ ᠣᠷᠳᠣᠰ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠂ ᠣᠷᠳᠣᠰ ᠬᠣᠲᠠ ᠶ᠋ᠢᠨ ᠬᠠᠤᠯᠢ ᠴᠠᠭᠠᠵᠠ ᠶ᠋ᠢᠨ ᠲᠣᠪᠴᠢᠶ᠎ᠠ ᠠ᠋ᠴᠠ ᠬᠠᠮᠲᠤᠷᠠᠭᠰᠠᠨ ᠢᠷᠭᠡᠨ ᠦ᠌ ᠬᠠᠤᠯᠢ ᠶ᠋ᠢᠨ ᠪᠢᠴᠢᠭ ᠦ᠋ᠨ ᠤᠬᠠᠭᠤᠯᠭ᠎ᠠ ᠶ᠋ᠢᠨ ᠰᠠᠷ᠎ᠠ ᠳ᠋ᠤ᠌ ᠲᠢᠩᠭᠢᠮ ᠤᠨ ᠰᠢᠭᠦᠯᠲᠡ ᠶ᠋ᠢ ᠰᠤᠯᠠ ᠰᠣᠨᠣᠰᠬᠤ ᠠᠵᠢᠯᠯᠠᠭᠠᠨ ᠢ᠋ ᠥᠷᠨᠢᠭᠦᠯᠵᠦ ᠂ ᠪᠦᠬᠦ ᠬᠣᠲᠠ ᠶ᠋ᠢᠨ ᠰᠢᠭᠤᠳ ᠬᠠᠷᠢᠶ᠎ᠠ ᠰᠠᠯᠠᠭ᠎ᠠ ᠮᠥᠴᠢᠷ ᠦ᠋ᠨ 50 ᠭᠠᠷᠤᠢ ᠺᠠᠲᠷ ᠤ᠋ᠨ ᠲᠥᠯᠥᠭᠡᠯᠡᠭᠴᠢ  ᠨᠠᠷ ᠰᠤᠯᠠ ᠰᠣᠨᠣᠰᠬᠤ ᠬᠤᠷᠠᠯ ᠳ᠋ᠤ᠌ ᠣᠷᠣᠯᠴᠠᠪᠠ᠃    

  

   ᠲᠤᠰ ᠤᠳᠠᠭᠠᠨ ᠤ᠋ ᠰᠤᠯᠠ ᠰᠣᠨᠣᠰᠬᠤ ᠬᠡᠷᠡᠭ ᠨᠢ  ᠪᠠᠩᠬᠢ ᠂ ᠯᠢ ᠣᠪᠣᠭᠲᠤ ( ᠪᠤᠷᠤᠭᠤᠯᠠᠭᠰᠠᠨ ᠨᠡᠷ᠎ᠡ )ᠭᠡᠷ ᠪᠠᠢᠰᠢᠩ ᠭᠠᠵᠠᠷ ᠬᠥᠷᠥᠩᠭᠡ ᠶ᠋ᠢᠨ ᠺᠣᠮᠫᠠᠨᠢ ᠶ᠋ᠢᠨ ᠬᠣᠭᠣᠷᠣᠨᠳᠣᠬᠢ ᠮᠥᠩᠭᠥᠨ ᠭᠦᠢᠯᠭᠡᠭᠡᠨ ᠦ᠌ ᠵᠣᠭᠣᠰ ᠵᠢᠭᠡᠯᠡᠭᠰᠡᠨ ᠭᠡᠷ᠎ᠡ ᠶ᠋ᠢᠨ ᠵᠢᠭᠤᠷᠠᠯᠳᠤᠭᠠᠨ ᠤ᠋ ᠳᠡᠭᠡᠭᠰᠢ ᠵᠠᠭᠠᠯᠳᠤᠭᠰᠠᠨ ᠬᠡᠷᠡᠭ ᠪᠣᠯᠤᠨ᠎ᠠ ᠃ 2011 ᠣᠨ ᠳ᠋ᠤ᠌ ᠂ ᠯᠢ ᠣᠪᠣᠭᠲᠤ ᠨᠢᠭᠡᠨ ᠭᠡᠷ ᠪᠠᠢᠰᠢᠩ ᠭᠠᠵᠠᠷ ᠬᠥᠷᠥᠩᠭᠡ ᠶ᠋ᠢᠨ ᠺᠣᠮᠫᠠᠨᠢ ᠠ᠋ᠴᠠ ᠭᠡᠷ ᠪᠠᠢᠰᠢᠩ ᠬᠤᠳᠠᠯᠳᠤᠨ ᠠᠪᠴᠤ ᠂ ᠪᠠᠩᠬᠢ ᠲᠠᠢ ᠬᠤᠪᠢ ᠬᠥᠮᠦᠨ ᠦ᠌ ᠵᠢᠭᠡᠯᠡᠯᠭᠡ ᠶ᠋ᠢᠨ ᠭᠡᠷ᠎ᠡ ᠲᠣᠭᠲᠠᠪᠠ ᠃ ᠰᠡᠭᠦᠯᠡᠷ ᠨᠢ ᠭᠡᠷ ᠪᠠᠢᠰᠢᠩ ᠭᠠᠵᠠᠷ ᠬᠥᠷᠥᠩᠭᠡ ᠶ᠋ᠢᠨ ᠺᠣᠮᠫᠠᠨᠢ ᠲᠣᠭᠲᠠᠭᠰᠠᠨ ᠴᠠᠭ ᠲᠠᠭᠠᠨ ᠭᠡᠷ ᠪᠠᠢᠰᠢᠩ ᠢ᠋ᠶ᠋ᠠᠨ ᠲᠤᠰᠢᠶᠠᠵᠤ ᠳᠡᠢᠯᠦᠭᠰᠡᠨ ᠦᠭᠡᠢ ᠪᠣᠯᠬᠣᠷ ᠯᠢ ᠣᠪᠣᠭᠲᠤ 2019 ᠣᠨ ᠳ᠋ᠤ᠌ ᠲᠠᠸᠠᠷ ᠤ᠋ᠨ ᠭᠡᠷ ᠪᠠᠢᠰᠢᠩ ᠤ᠋ᠨ ᠬᠤᠳᠠᠯᠳᠤᠭᠠᠨ ᠤ᠋ ᠭᠡᠷ᠎ᠡ ᠶ᠋ᠢ ᠬᠦᠴᠦᠨ ᠦᠭᠡᠢ ᠪᠣᠯᠭᠠᠬᠤ ᠪᠠᠷ ᠨᠢᠭᠡᠳᠦᠭᠡᠷ ᠰᠢᠭᠦᠯᠲᠡ ᠶ᠋ᠢᠨ ᠰᠢᠭᠦᠬᠦ ᠬᠣᠷᠢᠶ᠎ᠠ ᠳ᠋ᠤ᠌ ᠵᠠᠭᠠᠯᠳᠤᠪᠠ ᠃ ᠰᠢᠭᠦᠬᠦ ᠬᠣᠷᠢᠶ᠎ᠠ ᠭᠡᠷ᠎ᠡ ᠶ᠋ᠢ ᠬᠦᠴᠦᠨ ᠦᠭᠡᠢ ᠪᠣᠯᠭᠠᠬᠤ ᠪᠠᠷ ᠲᠠᠰᠤᠯᠤᠭᠰᠠᠨ ᠤ᠋ ᠳᠠᠷᠠᠭ᠎ᠠ ᠂ ᠬᠤᠪᠢ ᠬᠥᠮᠦᠨ ᠦ᠌ ᠵᠢᠭᠡᠯᠡᠯᠭᠡ ᠶ᠋ᠢᠨ ᠭᠡᠷ᠎ᠡ ᠶ᠋ᠢ ᠬᠡᠷᠬᠢᠨ ᠰᠢᠢᠳᠪᠦᠷᠢᠯᠡᠬᠦ ᠲᠤᠬᠠᠢ ᠠᠰᠠᠭᠤᠳᠠᠯ ᠳ᠋ᠤ᠌ ᠯᠢ ᠣᠪᠣᠭᠲᠤ ᠪᠣᠯᠤᠨ ᠪᠠᠩᠬᠢ ᠲᠤᠰ ᠲᠤᠰ ᠰᠢᠭᠦᠬᠦ ᠬᠣᠷᠢᠶᠠᠨ ᠳ᠋ᠤ᠌ ᠭᠤᠶᠤᠴᠢᠯᠠᠯ ᠭᠠᠷᠭᠠᠪᠠ ᠃ ᠨᠢᠭᠡᠳᠦᠭᠡᠷ ᠰᠢᠭᠦᠯᠲᠡ ᠪᠡᠷ ᠰᠢᠭᠦᠨ ᠲᠠᠰᠤᠯᠤᠭᠰᠠᠨ ᠤ᠋ ᠳᠠᠷᠠᠭ᠎ᠠ ᠂ ᠪᠠᠩᠬᠢ ᠨᠢᠭᠡᠳᠦᠭᠡᠷ ᠰᠢᠭᠦᠯᠲᠡ ᠶ᠋ᠢᠨ ᠰᠢᠭᠦᠨ ᠲᠠᠰᠤᠯᠤᠯᠲᠠ ᠶ᠋ᠢ ᠬᠦᠯᠢᠶᠡᠬᠦ ᠦᠭᠡᠢ ᠪᠣᠯᠬᠣᠷ᠂ ᠲᠤᠰ ᠬᠣᠷᠢᠶᠠᠨ ᠳ᠋ᠤ᠌ ᠦᠷᠭᠦᠯᠵᠢᠡᠯᠡᠨ ᠳᠡᠭᠡᠭᠰᠢ ᠵᠠᠭᠠᠯᠳᠤᠯᠭ᠎ᠠ ᠬᠢᠭᠰᠡᠨ ᠪᠠᠢᠨ᠎ᠠ᠃     

    ᠲᠢᠩᠬᠢᠮ ᠤᠨ ᠰᠢᠭᠦᠯᠲᠡ ᠳᠤ  ᠂ ᠬᠠᠮᠲᠤᠷᠠᠨ ᠵᠥᠪᠯᠡᠬᠦ ᠲᠢᠩᠬᠢᠮ ᠡᠴᠡ ᠬᠡᠷᠡᠭ ᠦ᠋ᠨ ᠪᠣᠳᠠᠲᠤ ᠶᠠᠪᠤᠳᠠᠯ ᠳ᠋ᠤ᠌ ᠪᠠᠢᠴᠠᠭᠠᠯᠲᠠ ᠬᠢᠵᠦ ᠂ ᠬᠣᠶᠠᠷ ᠲᠠᠯ᠎ᠠ ᠶ᠋ᠢᠨ ᠲᠥᠯᠥᠭᠡᠯᠡᠭᠴᠢ ᠶ᠋ᠢ ᠵᠣᠬᠢᠶᠠᠨ ᠪᠠᠢᠭᠤᠯᠵᠤ ᠬᠡᠷᠡᠭ ᠦ᠋ᠨ ᠮᠠᠷᠭᠤᠯᠳᠤᠭᠠᠨ ᠤ᠋ ᠲᠥᠪᠯᠡᠷᠡᠯ ᠦ᠋ᠨ  ᠴᠡᠭ ᠤᠨ ᠲᠣᠭᠣᠷᠢᠨ ᠳ᠋ᠤ᠌ ᠰᠢᠭᠦᠬᠦ ᠲᠢᠩᠬᠢᠮ ᠦ᠋ᠨ ᠮᠠᠷᠭᠤᠯᠳᠤᠭᠠᠨ ᠢ᠋ ᠥᠷᠨᠢᠭᠦᠯᠪᠡ ᠃ 《ᠲᠢᠩᠬᠢᠮ ᠦ᠋ᠨ ᠰᠢᠭᠦᠯᠲᠡ ᠶ᠋ᠢ ᠰᠤᠯᠠ ᠰᠣᠨᠣᠰᠬᠤ + ᠰᠢᠭᠦᠭᠴᠢ ᠶ᠋ᠢᠨ ᠬᠠᠤᠯᠢ ᠴᠠᠭᠠᠵᠠ ᠶ᠋ᠢᠨ ᠲᠠᠢᠯᠪᠤᠷᠢ ᠶ᠋ᠢ ᠲᠠᠢᠯᠪᠤᠷᠢᠯᠠᠬᠤ 》 ᠠᠷᠭ᠎ᠠ ᠬᠡᠯᠪᠡᠷᠢ ᠨᠢ ᠰᠤᠯᠠ ᠰᠣᠨᠣᠰᠤᠭᠴᠢ ᠳ᠋ᠤ᠌ ᠬᠡᠷᠡᠭ ᠦ᠋ᠨ ᠰᠢᠭᠦᠨ ᠲᠠᠰᠤᠯᠤᠯᠲᠠ ᠂ ᠰᠢᠭᠦᠬᠦ ᠲᠢᠩᠬᠢᠮ ᠦ᠋ᠨ ᠮᠠᠷᠭᠤᠯᠳᠤᠭᠠᠨ ᠤ᠋ ᠪᠦᠬᠦ ᠶᠠᠪᠤᠴᠠ ᠶ᠋ᠢ ᠨᠡᠩ ᠰᠢᠭᠤᠳ ᠣᠢᠯᠠᠭᠠᠭᠤᠯᠵᠤ ᠂ ᠵᠠᠷᠭᠤ ᠶ᠋ᠢᠨ ᠲᠢᠩᠬᠢᠮ ᠦ᠋ᠨ ᠰᠢᠭᠦᠯᠲᠡ ᠪᠠ ᠬᠠᠤᠯᠢ ᠴᠠᠭᠠᠵᠠ ᠶ᠋ᠢᠨ ᠮᠡᠳᠡᠯᠭᠡ ᠶ᠋ᠢ ᠲᠦᠭᠡᠮᠡᠯᠵᠢᠭᠦᠯᠬᠦ ᠤᠬᠠᠭᠤᠯᠤᠯ ᠤ᠋ᠨ 《ᠲᠡᠭ ᠵᠠᠢ》 ᠶ᠋ᠢ ᠪᠡᠶᠡᠯᠡᠭᠦᠯᠵᠡᠢ ᠃    

   ᠲᠢᠩᠬᠢᠮ ᠦ᠋ᠨ ᠰᠢᠭᠦᠯᠲᠡ ᠳᠠᠭᠤᠰᠤᠭᠰᠠᠨ ᠤ᠋ ᠳᠠᠷᠠᠭ᠎ᠠ ᠂ ᠰᠤᠯᠠ ᠰᠣᠨᠣᠰᠤᠭᠴᠢᠳ ᠠ᠋ᠴᠠ ᠄ ᠡᠨᠡ ᠪᠣᠯ ᠨᠢᠭᠡᠨ ᠠᠮᠢᠳᠤᠯᠢᠭ 《ᠬᠠᠤᠯᠢ ᠪᠠᠷ ᠵᠠᠰᠠᠬᠤ ᠬᠢᠴᠢᠶᠡᠯ ᠦ᠋ᠨ ᠲᠠᠩᠬᠢᠮ 》 ᠪᠣᠯᠤᠨ᠎ᠠ ᠂ 《ᠢᠷᠭᠡᠨ ᠦ᠌ ᠬᠠᠤᠯᠢ ᠶ᠋ᠢᠨ ᠪᠢᠴᠢᠭ᠌ ᠦ᠋ᠨ ᠤᠬᠠᠭᠤᠯᠭ᠎ᠠ ᠶ᠋ᠢᠨ ᠰᠠᠷ᠎ᠠ》 ᠰᠢᠭᠦᠬᠦ ᠬᠣᠷᠢᠶ᠎ᠠ ᠳ᠋ᠤ᠌ ᠢᠷᠡᠵᠦ ᠢᠷᠭᠡᠨ ᠦ᠌ ᠬᠡᠷᠡᠭ ᠦ᠋ᠨ ᠲᠢᠩᠬᠢᠮ ᠦ᠋ᠨ ᠰᠢᠭᠦᠯᠲᠡ ᠶ᠋ᠢ ᠰᠤᠯᠠ ᠰᠣᠨᠣᠰᠴᠤ ᠂ ᠢᠷᠭᠡᠨ ᠦ᠌ ᠬᠠᠤᠯᠢ ᠶ᠋ᠢᠨ ᠪᠢᠴᠢᠭ᠌ ᠦ᠋ᠨ ᠵᠣᠷᠢᠭ ᠰᠠᠨᠠᠭ᠎ᠠ ᠪᠠ ᠴᠢᠬᠤᠯᠠ ᠠᠭᠤᠯᠭ᠎ᠠ ᠶ᠋ᠢ ᠨᠡᠩ ᠭᠦᠨᠵᠡᠭᠡᠢ ᠣᠢᠯᠠᠭᠠᠵᠤ ᠪᠠᠢᠨ᠎ᠠ ᠭᠡᠮᠡᠨ ᠢᠯᠡᠷᠬᠡᠢᠯᠡᠪᠡ᠃   

ᠲᠤᠰ ᠤᠳᠠᠭᠠᠨ ᠤ᠋ ᠲᠢᠩᠬᠢᠮ ᠦ᠋ᠨ ᠰᠢᠭᠦᠯᠲᠡ ᠶ᠋ᠢ ᠰᠤᠯᠠ ᠰᠣᠨᠣᠰᠬᠤ ᠠᠵᠢᠯᠯᠠᠭ᠎ᠠ ᠪᠣᠯ ᠪᠦᠬᠦ ᠬᠣᠲᠠ ᠶ᠋ᠢᠨ 《ᠢᠷᠭᠡᠨ ᠦ᠌ ᠬᠠᠤᠯᠢ ᠶ᠋ᠢᠨ ᠪᠢᠴᠢᠭ ᠦ᠋ᠨ ᠤᠬᠠᠭᠤᠯᠭ᠎ᠠ ᠶ᠋ᠢᠨ ᠰᠠᠷ᠎ᠠ》 ᠶ᠋ᠢᠨ ᠰᠢᠷᠢᠰ ᠠᠵᠢᠯᠯᠠᠭ᠎ᠠ ᠶ᠋ᠢᠨ ᠨᠢᠭᠡ ᠪᠣᠯᠤᠨ᠎ᠠ ᠂ ᠨᠡᠢᠲᠡᠯᠢᠭ ᠬᠡᠷᠡᠭ  ᠵᠢᠱ᠌ᠢᠶ᠎ᠡ ᠪᠠ  ᠰᠢᠭᠦᠭᠴᠢ ᠶᠢᠨ ᠬᠡᠷᠡᠭ ᠵᠢ ᠬᠠᠤᠯᠢ ᠪᠡᠷ ᠲᠠᠢᠯᠪᠤᠷᠢᠯᠠᠬᠤ ᠶ᠋ᠢ ᠰᠤᠯᠠ ᠰᠣᠨᠣᠰᠬᠤ ᠪᠠᠷ ᠳᠠᠮᠵᠢᠨ ᠂ ᠲᠥᠷᠥ ᠶ᠋ᠢᠨ ᠪᠠᠢᠭᠤᠯᠭ᠎ᠠ ᠶ᠋ᠢᠨ ᠠᠵᠢᠯᠲᠠᠨ ᠤ᠋ 《ᠢᠷᠭᠡᠨ ᠦ᠌ ᠬᠠᠤᠯᠢ ᠶ᠋ᠢᠨ ᠪᠢᠴᠢᠭ᠌》 ᠢ᠋ ᠬᠡᠷᠡᠭᠯᠡᠨ ᠠᠷᠠᠳ ᠲᠦᠮᠡᠨ ᠦ᠌ ᠡᠷᠬᠡ ᠠᠰᠢᠭ ᠢ᠋ ᠬᠠᠮᠠᠭᠠᠯᠠᠬᠤ ᠂ ᠵᠥᠷᠢᠴᠡᠯ ᠵᠢᠭᠤᠷᠠᠯᠳᠤᠭᠠᠨ ᠢ᠋ ᠠᠷᠢᠯᠭᠠᠬᠤ ᠂ ᠨᠡᠢᠭᠡᠮ ᠦ᠋ᠨ ᠡᠶ᠎ᠡ ᠵᠣᠬᠢᠴᠠᠯ ᠲᠣᠭᠲᠠᠭᠤᠨ ᠪᠠᠢᠳᠠᠯ ᠢ᠋ ᠠᠬᠢᠭᠤᠯᠬᠤ ᠴᠢᠳᠠᠪᠤᠷᠢ ᠪᠠ ᠬᠢᠷᠢ ᠲᠦᠪᠰᠢᠨ ᠢ᠋ ᠤᠯᠠᠮ ᠨᠢᠭᠡ ᠠᠯᠬᠤᠮ ᠳᠡᠭᠡᠭᠰᠢᠯᠡᠭᠦᠯᠵᠦ ᠂ 《ᠬᠡᠨ ᠬᠠᠤᠯᠢ ᠬᠡᠷᠡᠭᠵᠢᠭᠦᠯᠪᠡᠯ ᠬᠡᠨ ᠬᠠᠤᠯᠢ ᠲᠦᠭᠡᠮᠡᠯᠵᠢᠭᠦᠯᠬᠦ》 ᠣᠢᠯᠠᠭᠠᠭᠳᠠᠬᠤᠨ ᠤ᠋ ᠬᠠᠤᠯᠢ ᠬᠡᠷᠡᠭᠵᠢᠭᠦᠯᠬᠦ ᠪᠦᠬᠦ ᠶᠠᠪᠤᠴᠠ ᠂ ᠡᠯ᠎ᠡ ᠭᠣᠭᠴᠣᠭ᠎ᠠ ᠳ᠋ᠤ᠌ ᠠᠭᠤᠰᠤᠯᠴᠠᠭᠤᠯᠵᠤ ᠂ ᠬᠠᠮᠲᠤ ᠪᠠᠷ ᠬᠥᠳᠡᠯᠦᠯᠴᠡᠬᠦ 《ᠢᠷᠭᠡᠨ ᠦ᠌ ᠬᠠᠤᠯᠢ ᠶ᠋ᠢᠨ ᠪᠢᠴᠢᠭ᠌》 ᠦ᠋ᠨ ᠬᠠᠤᠯᠢ ᠲᠦᠭᠡᠮᠡᠯᠵᠢᠭᠦᠯᠬᠦ ᠪᠠᠢᠷᠢᠰᠢᠯ ᠢ᠋ ᠪᠣᠢ ᠪᠣᠯᠭᠠᠬᠤ ᠶ᠋ᠢ ᠠᠬᠢᠭᠤᠯᠵᠤ ᠂ 《ᠢᠷᠭᠡᠨ ᠦ᠌ ᠬᠠᠤᠯᠢ ᠶ᠋ᠢᠨ ᠪᠢᠴᠢᠭ᠌》 ᠢ᠋ ᠰᠤᠷᠤᠯᠴᠠᠵᠤ ᠤᠬᠠᠭᠤᠯᠬᠤ ᠠᠵᠢᠯ ᠢ᠋ ᠦᠷᠭᠦᠯᠵᠢᠯᠡᠨ ᠭᠦᠨᠵᠡᠭᠡᠢ ᠬᠢᠬᠦ ᠶ᠋ᠢ ᠠᠬᠢᠭᠤᠯᠤᠭᠰᠠᠨ ᠪᠠᠢᠨ᠎ᠠ ᠃ 

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )