ᠵᠠᠭᠤᠨ ᠵᠢᠯ ᠦ᠋ᠨ ᠵᠠᠯᠠᠭᠤ ᠰᠡᠳᠬᠢᠯ ᠨᠠᠮ ᠢ᠋ᠶ᠋ᠠᠨ ᠳᠠᠭᠠᠵᠤ᠂ ᠰᠢᠨ᠎ᠡ ᠴᠠᠭ ᠦᠶ᠎ᠡ ᠳ᠋ᠦ᠍ ᠭᠠᠪᠢᠶ᠎ᠠ ᠪᠠᠢᠭᠤᠯᠬᠤ ᠪᠠᠷ ᠵᠣᠷᠢᠭ ᠬᠥᠪᠴᠢᠯᠡᠶ᠎ᠡ - ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠠ᠋ᠴᠠ ᠭᠣᠣᠯ ᠰᠡᠳᠦᠪᠲᠦ ᠨᠠᠮ ᠤ᠋ᠨ ᠡᠳᠦᠷ᠂ ᠡᠪᠯᠡᠯ ᠦ᠋ᠨ ᠡᠳᠦᠷ ᠵᠢᠴᠢ ᠵᠠᠯᠠᠭᠤᠴᠤᠳ ᠤ᠋ᠨ ᠣᠨᠣᠯ ᠰᠤᠷᠤᠯᠴᠠᠬᠤ ᠳᠤᠭᠤᠢᠯᠠᠩ ᠤ᠋ᠨ ᠲᠥᠪᠯᠡᠷ
2023.05.22 ᠲᠣᠰ ᠥᠷᠲᠡᠭᠡᠨ᠎ᠦ ᠨᠠᠢᠷᠠᠭᠤᠯᠤᠭᠴᠢ

    ᠡᠪ ᠬᠠᠮᠲᠤ ᠵᠠᠯᠠᠭᠤᠴᠤᠳ ᠤ᠋ᠨ ᠡᠪᠯᠡᠯ ᠪᠠᠢᠭᠤᠯᠤᠭᠳᠠᠭᠰᠠᠨ 101 ᠵᠢᠯ ᠦ᠋ᠨ ᠣᠢ ᠶ᠋ᠢ ᠪᠡᠯᠭᠡᠯᠡᠵᠦ ᠂ ᠰᠢ ᠵᠢᠨ ᠫᠢᠩ ᠦ᠋ᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠶ᠋ᠢ ᠭᠦᠨᠵᠡᠭᠡᠢ ᠰᠤᠷᠤᠯᠴᠠᠨ ᠤᠬᠠᠭᠤᠯᠤᠨ ᠲᠤᠤᠱᠯᠠᠭᠤᠯᠵᠤ ᠂ ᠥᠷᠭᠡᠨ ᠣᠯᠠᠨ ᠵᠠᠯᠠᠭᠤ ᠺᠠᠳ᠋ᠷ ᠴᠠᠭᠳᠠᠭ᠎ᠠ ᠶ᠋ᠢᠨ ᠲᠠᠪᠤᠨ ᠰᠠᠷ᠎ᠠ ᠶ᠋ᠢᠨ ᠳᠥᠷᠪᠡᠨ ᠦ ᠬᠥᠳᠡᠯᠭᠡᠭᠡᠨ ᠦ ᠵᠣᠷᠢᠭ ᠰᠠᠨᠠᠭ᠎ᠠ ᠶ᠋ᠢ ᠤᠯᠠᠮᠵᠢᠯᠠᠨ ᠪᠠᠳᠠᠷᠠᠭᠤᠯᠬᠤ ᠶ᠋ᠢ ᠬᠥᠲᠥᠯᠦᠨ ᠵᠢᠯᠣᠭᠣᠳᠬᠤ ᠶ᠋ᠢᠨ ᠲᠥᠯᠥᠭᠡ ᠂ 5 ᠰᠠᠷ᠎ᠠ ᠶ᠋ᠢᠨ 6 ᠤ᠋ ᠡᠳᠦᠷ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ 《ᠵᠠᠭᠤᠨ ᠵᠢᠯ ᠦ᠋ᠨ ᠵᠠᠯᠠᠭᠤ ᠰᠡᠳᠬᠢᠯ ᠨᠠᠮ ᠢ᠋ᠶ᠋ᠠᠨ ᠳᠠᠭᠠᠵᠤ᠂ ᠰᠢᠨ᠎ᠡ ᠴᠠᠭ ᠦᠶ᠎ᠡ ᠳ᠋ᠦ᠍ ᠭᠠᠪᠢᠶ᠎ᠠ ᠪᠠᠢᠭᠤᠯᠬᠤ ᠪᠠᠷ ᠵᠣᠷᠢᠭ ᠬᠥᠪᠴᠢᠯᠡᠶ᠎ᠡ》ᠭᠡᠬᠦ ᠭᠣᠣᠯ ᠰᠡᠳᠦᠪᠲᠦ ᠨᠠᠮ ᠤ᠋ᠨ ᠡᠳᠦᠷ᠂ ᠡᠪᠯᠡᠯ ᠦ᠋ᠨ ᠡᠳᠦᠷ ᠵᠢᠴᠢ ᠵᠠᠯᠠᠭᠤᠴᠤᠳ ᠤ᠋ᠨ ᠣᠨᠣᠯ ᠰᠤᠷᠤᠯᠴᠠᠬᠤ ᠳᠤᠭᠤᠢᠯᠠᠩ ᠤ᠋ᠨ ᠲᠥᠪᠯᠡᠷᠡᠭᠦᠯᠦᠨ ᠰᠤᠷᠤᠯᠴᠠᠬᠤ ᠠᠵᠢᠯᠯᠠᠭ᠎ᠠ ᠥᠷᠨᠢᠭᠦᠯᠪᠡ ᠃ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠪᠦᠷᠢᠯᠳᠦᠬᠦᠨ ᠂ ᠤᠯᠤᠰ ᠲᠥᠷᠥ ᠶ᠋ᠢᠨ ᠬᠡᠯᠲᠡᠰ ᠦ᠋ᠨ ᠡᠷᠬᠢᠯᠡᠭᠴᠢ ᠨᠢᠦ ᠬᠠᠢ ᠯᠢᠶᠠᠩ ᠨᠥᠬᠥᠷ ᠡᠩ ᠦ᠋ᠨ ᠨᠠᠮ ᠤ᠋ᠨ ᠭᠡᠰᠢᠭᠦᠨ ᠦ ᠬᠤᠪᠢ ᠪᠠᠷ ᠲᠤᠰ ᠤᠳᠠᠭᠠᠨ ᠤ᠋ ᠠᠵᠢᠯᠯᠠᠭ᠎ᠠ ᠳ᠋ᠤ᠌ ᠣᠷᠣᠯᠴᠠᠪᠠ ᠃

 

 

 

    ᠬᠥᠳᠡᠯᠭᠡᠭᠡᠨ ᠦ᠌ ᠳᠤᠮᠳᠠ ᠂ ᠵᠠᠯᠠᠭᠤᠴᠤᠳ ᠤ᠋ᠨ ᠣᠨᠣᠯ ᠰᠤᠷᠤᠯᠴᠠᠬᠤ ᠪᠠᠭ᠎ᠠ ᠳᠤᠭᠤᠢᠯᠠᠩ ᠤ᠋ᠨ ᠵᠠᠯᠠᠭᠤ ᠺᠠᠳ᠋ᠷ ᠴᠠᠭᠳᠠᠭ᠎ᠠ ᠨᠠᠷ ᠲᠤᠰᠬᠠᠢ ᠰᠡᠳᠦᠪᠲᠦ ᠫᠷᠤᠭ᠌ᠷᠠᠮ 《 ᠦᠯᠢᠭᠡᠷ ᠳᠠᠭᠤᠷᠢᠶᠠᠯ 7 》 ᠪᠠ ᠲᠠᠪᠤᠨ ᠰᠠᠷ᠎ᠠ ᠶ᠋ᠢᠨ ᠳᠥᠷᠪᠡᠨ ᠦ ᠵᠠᠯᠠᠭᠤᠴᠤᠳ ᠤ᠋ᠨ ᠪᠠᠶᠠᠷ ᠤ᠋ᠨ ᠪᠠᠷᠢᠮᠲᠠᠲᠤ ᠺᠢᠨᠣ᠋ 《 ᠵᠠᠯᠠᠭᠤ ᠨᠠᠰᠤᠨ ᠤ᠋ ᠳᠤᠮᠳᠠᠳᠤ ᠤᠯᠤᠰ 》 ᠢ᠋ ᠲᠥᠪᠯᠡᠷᠡᠭᠦᠯᠦᠨ ᠦᠵᠡᠭᠦᠯᠵᠦ ᠂ ᠳᠦᠷᠰᠦ ᠸᠢᠳᠢᠣ᠋ ᠪᠠᠷ ᠳᠠᠮᠵᠢᠨ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠲᠥᠯᠥᠭᠡᠯᠡᠭᠴᠢ ᠶ᠋ᠢᠨ ᠨᠡᠢᠲᠡᠯᠢᠭ ᠦᠢᠯᠡ ᠠᠵᠢᠯᠯᠠᠭ᠎ᠠ ᠶ᠋ᠢ ᠳᠡᠯᠭᠡᠨ ᠦᠵᠡᠭᠦᠯᠬᠦ ᠪᠠ ᠠᠳᠠᠯᠢ ᠪᠤᠰᠤ ᠠᠵᠢᠯ ᠲᠥᠷᠥᠯ ᠦ᠋ᠨ ᠵᠠᠯᠠᠭᠤᠴᠤᠳ ᠤ᠋ᠨ ᠦᠯᠢᠭᠡᠷ ᠢ᠋ ᠬᠦᠦᠷᠨᠢᠨ ᠥᠭᠦᠯᠡᠬᠦ ᠪᠡᠷ ᠳᠠᠮᠵᠢᠨ ᠂ ᠮᠠᠱᠢ ᠣᠯᠠᠨ ᠡᠷᠬᠢᠮ ᠨᠠᠨᠳᠢᠨ ᠨᠠᠷᠢᠨ ᠪᠣᠳᠠᠲᠠᠢ ᠣᠢᠷ᠎ᠠ ᠦᠶ᠎ᠡ ᠶ᠋ᠢᠨ ᠲᠡᠦᠬᠡ ᠶ᠋ᠢᠨ ᠮᠠᠲ᠋ᠧᠷᠢᠶᠠᠯ ᠲᠠᠢ ᠤᠶᠠᠯᠳᠤᠭᠤᠯᠵᠤ ᠂ ᠣᠳᠣ ᠦᠶ᠎ᠡ ᠪᠠ ᠲᠡᠦᠬᠡ ᠶ᠋ᠢᠨ ᠰᠣᠯᠪᠢᠴᠠᠭᠰᠠᠨ ᠬᠡᠯᠪᠡᠷᠢ ᠪᠡᠷ ᠳᠤᠮᠳᠠᠳᠤ ᠤᠯᠤᠰ ᠤ᠋ᠨ ᠡᠪ ᠬᠠᠮᠲᠤᠴᠤᠳ ᠪᠠ ᠵᠠᠯᠠᠭᠤᠴᠤᠳ ᠤ᠋ᠨ ᠢᠲᠡᠭᠡᠯ ᠵᠣᠷᠢᠭ ᠢ᠋ᠶ᠋ᠠᠨ ᠪᠠᠲᠤᠳᠬᠠᠨ ᠂ ᠵᠣᠷᠢᠯᠲᠠ ᠪᠠᠨ ᠦᠢᠯᠡᠳᠦᠯᠭᠡᠵᠢᠭᠦᠯᠵᠦ ᠂ ᠡᠷᠡᠯᠬᠡᠭᠯᠡᠨ ᠲᠡᠮᠡᠴᠡᠵᠦ ᠬᠤᠪᠢ ᠨᠡᠮᠡᠷᠢ ᠦᠵᠡᠭᠦᠯᠬᠦ ᠵᠢᠴᠢ ᠠᠷᠢᠭᠤᠨ ᠴᠢᠬᠡᠴᠢ ᠪᠡᠷ ᠨᠡᠢᠲᠡ ᠶ᠋ᠢᠨ ᠲᠥᠯᠥᠭᠡ ᠵᠢᠳᠬᠦᠬᠦ ᠡᠷᠬᠢᠮ ᠳᠡᠭᠡᠳᠦ ᠵᠠᠩ ᠴᠢᠨᠠᠷ ᠪᠣᠯᠤᠨ ᠣᠶᠤᠨ ᠰᠠᠨᠠᠭᠠᠨ ᠤ᠋ ᠬᠡᠪ ᠰᠤᠷᠲᠠᠯ ᠢ᠋ ᠦᠵᠡᠭᠦᠯᠵᠦ᠂ ᠵᠠᠯᠠᠭᠤ ᠺᠠᠳ᠋ᠷ ᠴᠠᠭᠳᠠᠭ᠎ᠠ ᠳ᠋ᠤ᠌ ᠤᠷᠢ ᠵᠠᠯᠠᠭᠤ ᠨᠠᠰᠤᠨ ᠤ᠋ ᠬᠠᠯᠠᠭᠤᠨ ᠴᠢᠰᠤ ᠪᠠᠨ ᠮᠡᠳᠡᠷᠡᠭᠦᠯᠬᠦ ᠶ᠋ᠢᠨ ᠬᠠᠮᠲᠤ ᠰᠢᠨ᠎ᠡ ᠳᠤᠮᠳᠠᠳᠤ ᠤᠯᠤᠰ ᠤ᠋ᠨ ᠳᠡᠯ ᠭᠠᠷᠤᠢ ᠵᠢᠯ ᠦ᠋ᠨ ᠬᠥᠭᠵᠢᠯᠲᠡ ᠶ᠋ᠢᠨ ᠶᠠᠪᠤᠴᠠ ᠳ᠋ᠠᠬᠢ ᠬᠠᠲᠠᠭᠤ ᠪᠡᠷᠬᠡ ᠪᠠ ᠠᠭᠤᠤ ᠶᠡᠬᠡ ᠥᠩᠭᠡᠷᠡᠯᠲᠡ ᠶ᠋ᠢ ᠨᠡᠩ ᠭᠦᠨᠵᠡᠭᠡᠢ ᠮᠡᠳᠡᠷᠡᠭᠦᠯᠦᠭᠰᠡᠨ ᠪᠠᠢᠨ᠎ᠠ ᠃
    ᠲᠥᠪᠯᠡᠷᠡᠭᠦᠯᠦᠨ ᠰᠤᠷᠤᠯᠴᠠᠭᠰᠠᠨ ᠤ᠋ ᠳᠠᠷᠠᠭ᠎ᠠ ᠂ ᠣᠯᠠᠨ ᠢ᠋ᠶ᠋ᠠᠷ ᠢ᠋ᠶ᠋ᠠᠨ ᠳᠤᠭᠤᠢᠯᠠᠩ ᠬᠤᠪᠢᠶᠠᠨ ᠳᠤᠷ᠎ᠠ ᠰᠣᠨᠢᠷᠬᠠᠯ ᠢ᠋ᠶ᠋ᠠᠨ ᠥᠷᠭᠡᠳᠬᠡᠬᠦ ᠬᠥᠳᠡᠯᠭᠡᠭᠡᠨ ᠪᠠ ᠬᠤᠪᠢᠰᠬᠠᠯ ᠤ᠋ᠨ ᠰᠡᠳᠦᠪᠲᠦ 《 ᠵᠦᠴᠦᠭᠡ ᠶ᠋ᠢᠨ ᠳᠡᠪᠲᠡᠷ ᠦ᠋ᠨ ᠳᠠᠭᠠᠷᠢᠯᠲᠠ 》 ᠵᠡᠷᠭᠡ ᠣᠶᠤᠨ ᠤᠬᠠᠭᠠᠨ ᠤ᠋ ᠰᠢᠷᠡᠭᠡᠨ ᠦ ᠲᠣᠭᠯᠠᠭᠠᠮ ᠬᠢᠵᠦ ᠂ ᠬᠥᠳᠡᠯᠭᠡᠭᠡᠨ ᠨᠢ ᠤᠷᠢ ᠵᠠᠯᠠᠭᠤ ᠨᠠᠰᠤᠨ ᠤ᠋ ᠠᠮᠢᠵᠢᠷᠠᠯ ᠤ᠋ᠨ ᠬᠦᠴᠦᠨ ᠢ᠋ᠶ᠋ᠡᠨ ᠪᠠᠳᠠᠷᠠᠭᠤᠯᠬᠤ ᠪᠠ ᠬᠤᠪᠢᠰᠬᠠᠯ ᠤ᠋ᠨ ᠣᠨ ᠰᠠᠷ᠎ᠠ ᠶ᠋ᠢ ᠡᠷᠭᠢᠴᠡᠭᠦᠯᠬᠦᠨ᠂  ᠪᠦᠬᠦᠢᠯᠡ ᠬᠥᠳᠡᠯᠭᠡᠭᠡᠨ ᠦ᠌ ᠲᠠᠯᠠᠪᠤᠷ ᠢ᠋ ᠥᠨᠳᠥᠷ ᠲᠦᠯᠬᠢᠭᠡᠨ ᠳ᠋ᠦ᠍ ᠲᠦᠯᠬᠢᠨ ᠣᠷᠣᠭᠤᠯᠤᠭᠰᠠᠨ ᠪᠠᠢᠨ᠎ᠠ ᠃
    ᠲᠤᠰ ᠤᠳᠠᠭᠠᠨ ᠤ᠋ ᠠᠵᠢᠯᠯᠠᠭ᠎ᠠ ᠨᠢ ᠲᠥᠪᠯᠡᠷᠡᠭᠦᠯᠦᠨ ᠺᠢᠨᠣ᠋ ᠦᠵᠡᠨ ᠰᠤᠷᠤᠯᠴᠠᠬᠤ ᠂ ᠳᠤᠷ᠎ᠠ ᠰᠣᠨᠢᠷᠬᠠᠯᠲᠤ ᠥᠷᠭᠡᠳᠬᠡᠬᠦ ᠬᠥᠳᠡᠯᠭᠡᠭᠡᠨ ᠪᠠ ᠰᠢᠨ᠎ᠡ ᠶ᠋ᠢ ᠡᠭᠦᠳᠬᠦ ᠣᠶᠤᠨ ᠤᠬᠠᠭᠠᠨ ᠤ᠋ ᠰᠢᠷᠡᠭᠡᠨ ᠦ᠌ ᠲᠣᠭᠯᠠᠭᠠᠮ ᠵᠡᠷᠭᠡ ᠬᠥᠳᠡᠯᠭᠡᠭᠡᠨ ᠦ᠌ ᠬᠡᠯᠪᠡᠷᠢ ᠪᠡᠷ ᠠᠴᠢᠶᠠᠯᠠᠪᠤᠷᠢ ᠪᠣᠯᠭᠠᠨ ᠂ ᠵᠠᠯᠠᠭᠤᠴᠤᠳ ᠤ᠋ᠨ ᠣᠨᠣᠯ ᠤ᠋ᠨ ᠰᠤᠷᠤᠯᠴᠠᠯᠭ᠎ᠠ ᠪᠠ ᠭᠣᠣᠯ ᠰᠡᠳᠦᠪᠲᠦ ᠨᠠᠮ ᠤ᠋ᠨ ᠡᠳᠦᠷ ᠪᠦᠯᠬᠦᠮ ᠦ᠋ᠨ ᠡᠳᠦᠷ ᠦ᠋ᠨ ᠠᠵᠢᠯᠯᠠᠭ᠎ᠠ ᠶ᠋ᠢᠨ ᠬᠡᠯᠪᠡᠷᠢ ᠶ᠋ᠢ ᠬᠠᠢᠨ ᠰᠦᠪᠡᠭᠴᠢᠯᠡᠵᠦ ᠂ ᠳᠤᠮᠳᠠᠳᠤ ᠤᠯᠤᠰ ᠤ᠋ᠨ ᠡᠪ ᠬᠠᠮᠲᠤ ᠨᠠᠮ ᠂ ᠡᠪ ᠬᠠᠮᠲᠤ ᠵᠠᠯᠠᠭᠤᠴᠤᠳ ᠤ᠋ᠨ ᠡᠪᠯᠡᠯ ᠦ᠋ᠨ ᠵᠠᠭᠤᠨ ᠵᠢᠯ ᠦ᠋ᠨ ᠲᠡᠦᠬᠡ ᠶ᠋ᠢᠨ ᠬᠠᠲᠠᠭᠤ ᠪᠡᠷᠬᠡ ᠪᠠ ᠢᠷᠠᠭᠤ ᠠᠯᠳᠠᠷ ᠢ᠋ ᠭᠦᠨᠵᠡᠭᠡᠢ ᠣᠢᠯᠭᠠᠭᠤᠯᠤᠭᠰᠠᠨ ᠢ᠋ᠶ᠋ᠠᠷ ᠪᠠᠷᠠᠬᠤ ᠦᠭᠡᠢ ᠂ ᠥᠷᠭᠡᠨ ᠣᠯᠠᠨ ᠵᠠᠯᠠᠭᠤ ᠺᠠᠳ᠋ᠷ ᠴᠠᠭᠳᠠᠭ᠎ᠠ ᠶ᠋ᠢ ᠬᠥᠮᠦᠵᠢᠭᠦᠯᠦᠨ ᠵᠢᠯᠣᠭᠣᠳᠴᠤ 《 ᠬᠣᠶᠠᠷ ᠢ᠋ ᠲᠣᠭᠲᠠᠭᠠᠬᠤ 》 ᠶ᠋ᠢ ᠡᠷᠡᠰ ᠬᠦᠷᠢᠶᠡᠯᠡᠨ ᠂ 《 ᠬᠣᠶᠠᠷ ᠢ᠋ ᠬᠠᠮᠠᠭᠠᠯᠠᠬᠤ 》 ᠶ᠋ᠢ ᠡᠷᠡᠰ ᠪᠡᠶᠡᠯᠡᠭᠦᠯᠵᠦ ᠂ ᠨᠠᠮ ᠤ᠋ᠨ ᠦᠭᠡ ᠶ᠋ᠢ ᠭᠤᠢᠪᠢᠰᠢ ᠦᠭᠡᠢ ᠰᠣᠨᠣᠰᠬᠤ ᠂ ᠨᠠᠮ ᠢ᠋ᠶ᠋ᠠᠨ ᠳᠠᠭᠠᠵᠤ ᠶᠠᠪᠤᠬᠤ ᠂ ᠥᠷᠭᠡᠨ ᠣᠯᠠᠨ ᠺᠠᠳ᠋ᠷ ᠴᠠᠭᠳᠠᠭ᠎ᠠ ᠨᠠᠷ ᠤ᠋ᠨ ᠬᠦᠴᠦᠯᠡᠨ ᠴᠢᠷᠮᠠᠢᠬᠤ ᠣᠶᠤᠨ ᠰᠠᠨᠠᠭᠠᠨ ᠤ᠋ ᠳᠦᠷᠰᠦ ᠪᠠᠢᠳᠠᠯ ᠢ᠋ᠶ᠋ᠠᠷ 《 ᠰᠢᠨ᠎ᠡ ᠵᠠᠯᠠᠭᠤᠴᠤᠳ 》 ᠲᠤ᠌ ᠬᠠᠷᠢᠶᠠᠯᠠᠭᠳᠠᠬᠤ 《 ᠰᠢᠯᠭᠠᠯᠲᠠ ᠶ᠋ᠢᠨ ᠵᠠᠮ ᠢ᠋ᠶ᠋ᠠᠷ ᠵᠠᠮᠨᠠᠨ ᠶᠠᠪᠤᠬᠤ 》 ᠶ᠋ᠢ ᠰᠠᠢᠲᠤᠷ ᠵᠠᠮᠨᠠᠵᠤ ᠂ ᠰᠢᠭᠦᠬᠦ ᠬᠣᠷᠢᠶᠠᠨ ᠤ᠋ ᠵᠠᠯᠠᠭᠤ ᠺᠠᠳ᠋ᠷ ᠴᠠᠭᠳᠠᠭ᠎ᠠ ᠶ᠋ᠢᠨ ᠪᠦᠯᠬᠦᠮᠳᠡᠨ ᠬᠠᠮᠵᠢᠯᠴᠠᠬᠤ ᠠᠵᠢᠯ ᠤ᠋ᠨ ᠰᠤᠷᠲᠠᠯ ᠢ᠋ ᠲᠠᠰᠤᠷᠠᠯᠲᠠ ᠦᠭᠡᠢ ᠢᠯᠡᠷᠡᠭᠦᠯᠦᠨ ᠂ ᠣᠷᠳᠣᠰ ᠬᠣᠲᠠ ᠶ᠋ᠢᠨ ᠰᠢᠭᠦᠬᠦ ᠬᠣᠷᠢᠶᠠᠨ ᠤ᠋ ᠥᠨᠳᠥᠷ ᠴᠢᠨᠠᠷ ᠴᠢᠨᠰᠠᠭ᠎ᠠ ᠲᠠᠢ ᠬᠥᠭᠵᠢᠯᠲᠡ ᠳ᠋ᠦ᠍ ᠵᠠᠯᠠᠭᠤ ᠬᠦᠴᠦᠨ ᠨᠡᠮᠡᠷᠢᠯᠡᠪᠡ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )