ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠨᠢ ᠭᠤᠴᠢᠨ ᠲᠠᠪᠤᠳᠤᠭᠠᠷ ᠬᠤᠭᠤᠴᠠᠭᠠᠨ ᠤ᠋ ᠨᠠᠮ ᠤ᠋ᠨ ᠭᠡᠰᠢᠭᠦᠳ ᠦ᠋ᠨ  ᠪᠣᠯᠪᠠᠰᠤᠷᠠᠯ ᠤ᠋ᠨ ᠠᠩᠭᠢ ᠪᠠᠨ ᠡᠷᠬᠢᠯᠡᠪᠡ
2023.02.17 ᠲᠣᠰ ᠥᠷᠲᠡᠭᠡᠨ᠎ᠦ ᠨᠠᠢᠷᠠᠭᠤᠯᠤᠭᠴᠢ

   1 ᠰᠠᠷ᠎ᠠ ᠶ᠋ᠢᠨ 29 ᠦ᠌ ᠡᠳᠦᠷ ᠂ ᠲᠠᠤᠯᠠᠢ ᠵᠢᠯ ᠦ᠋ᠨ ᠴᠠᠭᠠᠨ ᠰᠠᠷ᠎ᠠ ᠶ᠋ᠢᠨ ᠠᠮᠠᠷᠠᠯᠲᠠ ᠶ᠋ᠢᠨ ᠳᠠᠷᠠᠭ᠎ᠠ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠣᠯᠠᠨ ᠵᠢᠯ ᠦ᠋ᠨ ᠤᠯᠠᠮᠵᠢᠯᠠᠯ ᠢ᠋ᠶ᠋ᠠᠨ ᠦᠷᠭᠦᠯᠵᠢᠯᠡᠭᠦᠯᠵᠦ ᠂ ᠭᠤᠴᠢᠨ ᠲᠠᠪᠤᠳᠤᠭᠠᠷ ᠬᠤᠭᠤᠴᠠᠭᠠᠨ ᠤ᠋ ᠨᠠᠮ ᠤ᠋ᠨ ᠭᠡᠰᠢᠭᠦᠨ ᠦ᠌ ᠪᠣᠯᠪᠠᠰᠤᠷᠠᠯ ᠤ᠋ᠨ ᠠᠩᠭᠢ ᠪᠠᠨ ᠡᠷᠬᠢᠯᠡᠵᠦ ᠂ ᠪᠦᠬᠦ ᠬᠣᠷᠢᠶᠠᠨ ᠤ᠋ ᠺᠠᠲ᠋ᠷ ᠴᠠᠭᠳᠠᠭ᠎ᠠ ᠶ᠋ᠢ ᠵᠣᠬᠢᠶᠠᠨ ᠪᠠᠢᠭᠤᠯᠤᠨ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠪᠠ ᠨᠠᠮ ᠤ᠋ᠨ ᠳᠦᠷᠢᠮ ᠢ᠋ ᠦᠷᠭᠦᠯᠵᠢᠯᠡᠨ ᠭᠦᠨᠵᠡᠭᠡᠢ ᠰᠤᠷᠤᠯᠴᠠᠭᠤᠯᠤᠨ ᠂ ᠥᠷᠭᠡᠨ ᠣᠯᠠᠨ ᠺᠠᠲ᠋ᠷ ᠴᠠᠭᠳᠠᠭ᠎ᠠ ᠨᠠᠷ ᠤ᠋ᠨ ᠦᠳᠲᠡᠷ ᠲᠦᠷᠭᠡᠨ ᠢ᠋ᠶ᠋ᠡᠷ ᠰᠠᠨᠠᠭ᠎ᠠ ᠰᠡᠳᠬᠢᠯ ᠢ᠋ᠶ᠋ᠡᠨ ᠬᠣᠷᠢᠶᠠᠨ ᠣᠷᠣᠨ ᠪᠠᠢᠷᠢ ᠪᠠᠨ ᠣᠷᠣᠭᠤᠯᠵᠤ ᠂ 《ᠴᠠᠭᠠᠨ ᠰᠠᠷ᠎ᠠ ᠶ᠋ᠢᠨ ᠬᠡᠪ ᠵᠠᠭᠪᠤᠷ 》 ᠢ᠋ 《 ᠠᠵᠢᠯ ᠤ᠋ᠨ ᠬᠡᠪ ᠵᠠᠭᠪᠤᠷ 》 ᠪᠣᠯᠭᠠᠨ ᠰᠣᠯᠢᠵᠤ ᠂ ᠴᠤ᠌ ᠰᠢᠨ᠎ᠡ ᠳᠦᠷᠰᠦ ᠪᠠᠢᠳᠠᠯ ᠪᠠ ᠣᠷᠭᠢᠯᠤᠮ᠎ᠠ ᠬᠠᠯᠠᠭᠤᠨ ᠰᠡᠳᠬᠢᠯᠭᠡ ᠪᠡᠷ ᠪᠦᠬᠦ ᠰᠡᠳᠬᠢᠯ ᠪᠦᠬᠦ ᠵᠣᠷᠢᠭ ᠢ᠋ᠶ᠋ᠠᠷ ᠢ᠋ᠶ᠋ᠠᠨ ᠠᠵᠢᠯᠯᠠᠵᠤ ᠡᠬᠢᠯᠡᠭᠰᠡᠨ ᠪᠠᠢᠨ᠎ᠠ ᠃

 

 

   ᠲᠤᠰ ᠤᠳᠠᠭ᠎ᠠ ᠶ᠋ᠢᠨ ᠪᠣᠯᠪᠠᠰᠤᠷᠠᠯ ᠳ᠋ᠤ᠌ ᠬᠣᠲᠠ ᠶ᠋ᠢᠨ ᠨᠠᠮ ᠤ᠋ᠨ ᠬᠣᠷᠢᠶ᠎ᠠ ᠶ᠋ᠢᠨ ᠨᠠᠮ ᠤ᠋ᠨ ᠰᠤᠷᠭᠠᠭᠤᠯᠢ ᠶ᠋ᠢᠨ ᠤᠯᠤᠰ ᠲᠥᠷᠥ ᠪᠠ ᠬᠠᠤᠯᠢ ᠴᠠᠭᠠᠵᠠ ᠵᠢᠭᠠᠨ ᠰᠤᠳᠤᠯᠬᠤ ᠬᠡᠯᠲᠡᠰ ᠦ᠋ᠨ ᠳᠡᠳ᠋ ᠡᠷᠬᠢᠯᠡᠭᠴᠢ ᠴᠢᠶᠠᠨ ᠭᠧ ᠰᠢᠶᠠᠩ ᠫᠷᠣᠹᠧᠰᠰᠣᠷ ᠢ᠋ ᠤᠷᠢᠵᠤ ᠬᠢᠴᠢᠶᠡᠯ ᠵᠢᠭᠠᠯᠭᠠᠨ ᠂ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠭᠡᠷ ᠲᠡᠭᠡᠨ ᠪᠠᠢᠭ᠎ᠠ ᠤᠳᠤᠷᠢᠳᠬᠤ ᠪᠠᠭ ᠤ᠋ᠨ ᠪᠦᠷᠢᠯᠳᠦᠬᠦᠨ ᠪᠠ ᠪᠦᠬᠦ ᠺᠠᠲ᠋ᠷ ᠴᠠᠭᠳᠠᠭ᠎ᠠ ᠪᠣᠯᠪᠠᠰᠤᠷᠠᠯ ᠳ᠋ᠤ᠌ ᠣᠷᠣᠯᠴᠠᠵᠤ ᠂ ᠨᠠᠮ ᠤ᠋ᠨ ᠤᠳᠤᠷᠢᠳᠬᠤ ᠳᠤᠭᠤᠢᠯᠠᠩ ᠤ᠋ᠨ ᠪᠦᠷᠢᠯᠳᠦᠬᠦᠨ ᠂ ᠤᠯᠤᠰ ᠲᠥᠷᠥ ᠶ᠋ᠢᠨ ᠬᠡᠯᠲᠡᠰ ᠦ᠋ᠨ ᠡᠷᠬᠢᠯᠡᠭᠴᠢ ᠨᠢᠦ ᠬᠠᠢ ᠯᠢᠶᠠᠩ ᠬᠤᠷᠠᠯ ᠢ᠋ ᠡᠷᠬᠢᠯᠡᠭᠰᠡᠨ ᠪᠠᠢᠨ᠎ᠠ ᠃


 

 

    ᠴᠢᠶᠠᠨ ᠭᠧ ᠰᠢᠶᠠᠩ ᠫᠷᠣᠹᠧᠰᠰᠣᠷ 《 ᠨᠠᠮ ᠤ᠋ᠨ ᠳᠦᠷᠢᠮ ᠢ᠋ ᠵᠢᠷᠤᠮᠯᠠᠵᠤ ᠂ ᠨᠠᠮ ᠢ᠋ᠶ᠋ᠠᠨ ᠵᠠᠰᠠᠬᠤ 》 ᠭᠣᠣᠯ ᠰᠡᠳᠦᠪ ᠦ᠋ᠨ ᠲᠣᠭᠣᠷᠢᠨ ᠳ᠋ᠤ᠌ ᠨᠠᠮ ᠤ᠋ᠨ ᠳᠦᠷᠢᠮ᠂ ᠶᠡᠷᠦᠩᠬᠡᠢ ᠬᠥᠲᠥᠯᠪᠦᠷᠢ ᠵᠢᠴᠢ ᠬᠤᠪᠢᠶᠠᠷᠢ ᠳᠦᠷᠢᠮ ᠦ᠋ᠨ ᠵᠠᠰᠠᠪᠤᠷᠢ ᠣᠷᠣᠭᠤᠯᠤᠭᠰᠠᠨ ᠵᠡᠷᠭᠡ ᠭᠤᠷᠪᠠᠨ ᠲᠠᠯ᠎ᠠ᠎ᠠ᠋ᠴᠠ ᠨᠠᠮ ᠤ᠋ᠨ ᠳᠦᠷᠢᠮ ᠦ᠋ᠨ ᠠᠭᠤᠯᠭ᠎ᠠ ᠳ᠋ᠤ᠌ ᠵᠠᠰᠠᠪᠤᠷᠢ ᠣᠷᠣᠭᠤᠯᠤᠭᠰᠠᠨ ᠭᠦᠨ ᠳᠠᠪᠬᠤᠷᠭ᠎ᠠ ᠶ᠋ᠢᠨ ᠯᠣᠭᠢᠭ ᠢ᠋ ᠭᠦᠢᠴᠡᠳ ᠲᠣᠳᠣᠯᠠᠵᠤ ᠂ 《 ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠳᠦᠷᠢᠮ ( ᠵᠠᠰᠠᠪᠤᠷᠢ ᠣᠷᠣᠭᠤᠯᠤᠭᠰᠠᠨ ᠲᠥᠰᠦᠯ ) 》 ᠦ᠋ᠨ ᠰᠢᠨ᠎ᠡ ᠦᠵᠡᠯ ᠰᠠᠨᠠᠭ᠎ᠠ ᠰᠢᠨ᠎ᠡ ᠪᠠᠢᠯᠳᠤᠬᠤ ᠪᠣᠳᠣᠯᠭ᠎ᠠ ᠶ᠋ᠢ ᠪᠦᠬᠦ ᠲᠠᠯ᠎ᠠ ᠪᠠᠷ ᠰᠢᠰᠲ᠋ᠧᠮ ᠲᠡᠢ ᠲᠠᠢᠯᠪᠤᠷᠢᠯᠠᠯᠲᠠ ᠬᠢᠵᠡᠢ ᠃ ᠡᠨᠡ ᠤᠳᠠᠭᠠᠨ ᠤ᠋ ᠲᠤᠰᠬᠠᠢ ᠰᠡᠳᠦᠪ ᠢ᠋ᠶ᠋ᠡᠷ ᠬᠠᠪᠰᠤᠷᠤᠨ ᠵᠢᠯᠣᠭᠣᠳᠬᠤ ᠪᠠᠷ ᠳᠠᠮᠵᠢᠭᠤᠯᠤᠨ ᠥᠷᠭᠡᠨ ᠣᠯᠠᠨ ᠨᠠᠮ ᠤ᠋ᠨ ᠭᠡᠰᠢᠭᠦᠨ ᠺᠠᠲ᠋ᠷ ᠴᠠᠭᠳᠠᠭ᠎ᠠ ᠨᠠᠷ ᠨᠠᠮ ᠤ᠋ᠨ ᠳᠦᠷᠢᠮ ᠢ᠋ ᠰᠤᠷᠤᠯᠴᠠᠬᠤ ᠶ᠋ᠢᠨ ᠴᠢᠬᠤᠯᠠ ᠴᠢᠨᠠᠷ ᠢ᠋ ᠭᠦᠨᠵᠡᠭᠡᠢ ᠲᠠᠨᠢᠵᠤ ᠂ ᠬᠣᠢᠰᠢᠳᠠ ᠨᠠᠮ ᠤ᠋ᠨ ᠳᠦᠷᠢᠮ ᠢ᠋ ᠴᠢᠩᠭ᠎ᠠ ᠵᠢᠷᠤᠮᠯᠠᠵᠤ ᠂ ᠨᠠᠮ ᠤ᠋ᠨ ᠳᠦᠷᠢᠮ ᠢ᠋ ᠡᠷᠡᠰ ᠲᠤᠤᠱᠯᠠᠭᠤᠯᠤᠨ ᠂ ᠨᠠᠮ ᠤ᠋ᠨ ᠳᠦᠷᠢᠮ ᠢ᠋ ᠡᠷᠡᠰ ᠬᠠᠮᠠᠭᠠᠯᠠᠵᠤ ᠂ ᠨᠡᠩ ᠡᠷᠡᠰ ᠪᠠᠲᠤ ᠢᠲᠡᠭᠡᠯ ᠵᠣᠷᠢᠭ ᠂  ᠪᠣᠳᠠᠲᠠᠢ ᠠᠵᠢᠯᠯᠠᠬᠤ ᠠᠵᠢᠯ ᠤ᠋ᠨ ᠰᠤᠷᠲᠠᠯ ᠢ᠋ᠶ᠋ᠠᠷ ᠭᠦᠨᠵᠡᠭᠡᠢ ᠰᠤᠷᠤᠯᠴᠠᠨ ᠨᠠᠷᠢᠨ ᠬᠢᠨᠠᠮᠠᠭᠠᠢ ᠠᠵᠢᠯᠯᠠᠬᠤ ᠪᠠᠷ ᠪᠠᠷᠠᠬᠤ ᠦᠭᠡᠢ  ᠬᠥᠭᠵᠢᠯᠲᠡ ᠶ᠋ᠢ ᠲᠥᠪᠯᠡᠷᠡᠭᠦᠯᠦᠨ ᠦᠨᠡᠨ ᠬᠦ᠌ ᠠᠳᠬᠤᠨ᠂ ᠪᠣᠳᠠᠲᠠᠢ ᠪᠠᠷ ᠠᠵᠢᠯᠯᠠᠬᠤ ᠬᠡᠷᠡᠭᠲᠡᠢ ᠭᠡᠵᠦ ᠢᠯᠡᠷᠬᠡᠢᠯᠡᠭᠰᠡᠨ ᠪᠠᠢᠨ᠎ᠠ᠃       ᠰᠤᠷᠤᠯᠭ᠎ᠠ ᠶ᠋ᠢᠨ ᠦᠷ᠎ᠡ ᠪᠦᠲᠦᠮᠵᠢ ᠶ᠋ᠢ ᠤᠯᠠᠮ ᠨᠢᠭᠡ ᠠᠯᠬᠤᠮ ᠪᠡᠬᠢᠵᠢᠭᠦᠯᠦᠨ ᠭᠦᠨᠵᠡᠭᠡᠢᠷᠡᠭᠦᠯᠬᠦ ᠵᠣᠷᠢᠯᠭ᠎ᠠ ᠪᠠᠷ ᠂ 1 ᠰᠠᠷ᠎ᠠ ᠶ᠋ᠢᠨ 29 ᠦ᠌ ᠦᠳᠡ ᠶ᠋ᠢᠨ ᠬᠣᠢᠨ᠎ᠠ ᠂ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠡᠯ᠎ᠡ ᠰᠠᠯᠠᠭ᠎ᠠ ᠮᠥᠴᠢᠷ ᠂ ᠡᠯ᠎ᠡ ᠨᠠᠮ ᠤ᠋ᠨ ᠡᠭᠦᠷ᠎ᠡᠴᠡ ᠺᠠᠲ᠋ᠷ ᠴᠠᠭᠳᠠᠭ᠎ᠠ ᠶ᠋ᠢ ᠵᠣᠬᠢᠶᠠᠨ ᠪᠠᠢᠭᠤᠯᠤᠨ ᠂ ᠴᠢᠶᠠᠨ ᠫᠷᠣᠹᠧᠰᠰᠣᠷ ᠤ᠋ᠨ ᠬᠢᠴᠢᠶᠡᠯᠯᠡᠬᠦ ᠠᠭᠤᠯᠭ᠎ᠠ ᠶ᠋ᠢᠨ ᠲᠣᠭᠣᠷᠢᠨ ᠳ᠋ᠤ᠌ ᠭᠦᠨᠵᠡᠭᠡᠢ ᠰᠤᠷᠤᠯᠴᠠᠵᠤ ᠰᠤᠳᠤᠯᠤᠨ ᠶᠠᠷᠢᠯᠴᠠᠬᠤ ᠶ᠋ᠢᠨ ᠬᠠᠮᠲᠤ ᠂ ᠣᠯᠠᠨ ᠵᠦᠢᠯ ᠦ᠋ᠨ ᠬᠡᠯᠪᠡᠷᠢ ᠶᠠᠩᠵᠤ ᠶ᠋ᠢᠨ ᠨᠠᠮ ᠤ᠋ᠨ ᠳᠦᠷᠢᠮ ᠢ᠋ ᠤᠩᠰᠢᠬᠤ ᠠᠵᠢᠯᠯᠠᠭ᠎ᠠ ᠥᠷᠨᠢᠭᠦᠯᠵᠦ ᠂ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠪᠠ 《ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠳᠦᠷᠢᠮ (ᠵᠠᠰᠠᠪᠤᠷᠢ ᠣᠷᠣᠭᠤᠯᠬᠤ ᠲᠥᠰᠦᠯ) 》 ᠢ᠋ ᠰᠤᠷᠤᠯᠴᠠᠨ ᠲᠤᠤᠱᠯᠠᠭᠤᠯᠬᠤ ᠶ᠋ᠢ ᠤᠯᠠᠮ ᠴᠢᠨᠠᠭᠰᠢᠳᠠ ᠠᠬᠢᠭᠤᠯᠬᠤ ᠪᠠᠷ ᠪᠠᠷᠠᠬᠤ ᠦᠭᠡᠢ  ᠪᠣᠳᠠᠲᠤ ᠪᠠᠢᠳᠠᠯ ᠳ᠋ᠤ᠌ ᠣᠷᠣᠵᠤ ᠂ ᠲᠠᠷᠢᠬᠢ ᠲᠣᠯᠣᠭᠠᠢ ᠳ᠋ᠠᠭᠠᠨ ᠭᠦᠨ ᠬᠠᠳᠠᠩᠰᠢᠬᠤ ᠬᠡᠷᠡᠭᠲᠡᠢ ᠭᠡᠵᠡᠢ᠃

 

 

   ᠬᠣᠲᠠ ᠶ᠋ᠢᠨ ᠲᠥᠪ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠨᠢ ᠪᠦᠬᠦ ᠺᠠᠲ᠋ᠷ ᠴᠠᠭᠳᠠᠭ᠎ᠠ ᠶ᠋ᠢ ᠨᠠᠮ ᠤ᠋ᠨ ᠭᠡᠰᠢᠭᠦᠨ ᠢ᠋ ᠪᠣᠯᠪᠠᠰᠤᠷᠠᠭᠤᠯᠬᠤ ᠪᠠᠷ ᠲᠣᠬᠢᠶᠠᠯ ᠪᠣᠯᠭᠠᠨ ᠂ ᠨᠠᠮ ᠤ᠋ᠨ ᠳᠦᠷᠢᠮ ᠦ᠋ᠨ ᠡᠯ᠎ᠡ ᠵᠦᠢᠯ ᠦ᠋ᠨ ᠲᠣᠭᠲᠠᠭᠠᠯ ᠱᠠᠭᠠᠷᠳᠠᠯᠭ᠎ᠠ ᠶ᠋ᠢ ᠨᠡᠩ ᠤᠬᠠᠮᠰᠠᠷ᠎ᠠ᠋ᠴᠠ ᠪᠠᠨ ᠰᠤᠷᠤᠯᠴᠠᠵᠤ ᠂ ᠵᠢᠷᠤᠮᠯᠠᠨ ᠲᠤᠤᠱᠯᠠᠭᠤᠯᠵᠤ ᠬᠠᠮᠠᠭᠠᠯᠠᠬᠤ ᠪᠠᠷ ᠪᠠᠷᠠᠬᠤ ᠦᠭᠡᠢ ᠨᠠᠮ ᠤ᠋ᠨ ᠤᠯᠤᠰ ᠲᠥᠷᠥ ᠶ᠋ᠢᠨ ᠰᠠᠬᠢᠯᠭ᠎ᠠ ᠪᠠᠲᠤ ᠪᠠ ᠤᠯᠤᠰ ᠲᠥᠷᠥ ᠶ᠋ᠢᠨ ᠶᠣᠰᠣ ᠳᠦᠷᠢᠮ ᠢ᠋ ᠴᠢᠩᠭ᠎ᠠ ᠲᠣᠳᠣᠷᠬᠠᠢᠯᠠᠨ ᠂ ᠨᠠᠮ ᠢ᠋ ᠪᠦᠬᠦ ᠲᠠᠯ᠎ᠠ ᠪᠠᠷ ᠴᠢᠩᠭ᠎ᠠ ᠵᠠᠰᠠᠬᠤ ᠰᠢᠨ᠎ᠡ ᠪᠠᠢᠳᠠᠯ ᠢ᠋ ᠭᠦᠨᠵᠡᠭᠡᠢ ᠲᠠᠨᠢᠬᠤ ᠬᠡᠷᠡᠭᠲᠡᠢ ᠃ ᠰᠢᠨ᠎ᠡ ᠴᠠᠭ ᠦᠶ᠎ᠡ ᠶ᠋ᠢᠨ ᠨᠠᠮ ᠤ᠋ᠨ ᠪᠠᠢᠭᠤᠯᠤᠯᠲᠠ ᠶ᠋ᠢᠨ ᠶᠡᠷᠦᠩᠬᠡᠢ ᠱᠠᠭᠠᠷᠳᠠᠯᠭ᠎ᠠ ᠶ᠋ᠢ ᠨᠠᠢᠳᠠᠪᠤᠷᠢᠵᠢᠭᠤᠯᠤᠨ ᠂ ᠬᠦᠴᠦᠯᠡᠨ ᠴᠢᠷᠮᠠᠢᠵᠤ ᠂ ᠡᠷᠡᠯᠬᠡᠭᠯᠡᠨ ᠤᠷᠤᠭᠰᠢᠯᠠᠬᠤ ᠪᠠ ᠰᠢᠭᠦᠬᠦ ᠬᠣᠷᠢᠶᠠᠨ ᠤ᠋ ᠠᠵᠢᠯ ᠤ᠋ᠨ ᠳᠠᠬᠢᠨ ᠰᠢᠨ᠎ᠡ ᠳᠡᠭᠲᠡᠷ ᠲᠦ᠍ ᠭᠠᠷᠬᠤ ᠶ᠋ᠢ ᠰᠡᠳᠬᠢᠯ ᠲᠥᠪᠯᠡᠷᠡᠭᠦᠯᠦᠨ ᠠᠬᠢᠭᠤᠯᠬᠤ ᠪᠠᠷ ᠪᠠᠷᠠᠬᠤ ᠦᠭᠡᠢ ᠨᠠᠮ ᠂ ᠠᠷᠠᠳ ᠲᠦᠮᠡᠨ ᠳ᠋ᠡᠭᠡᠨ ᠦᠯᠦ ᠣᠰᠣᠯᠳᠠᠬᠤ ᠂ ᠴᠠᠭ ᠦᠶ᠎ᠡ ᠳ᠋ᠦ᠍ ᠦᠯᠦ ᠣᠰᠣᠯᠳᠠᠬᠤ ᠭᠡᠷᠡᠯ ᠰᠠᠴᠤᠷᠠᠩᠭᠤᠢ ᠠᠮᠵᠢᠯᠲᠠ ᠪᠦᠲᠦᠮᠵᠢ ᠶ᠋ᠢ ᠴᠢᠷᠮᠠᠢᠨ ᠡᠭᠦᠳᠬᠦ ᠬᠡᠷᠡᠭᠲᠡᠢ ᠭᠡᠵᠦ ᠤᠷᠢᠶᠠᠯᠠᠵᠠᠢ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )