ᠣᠢᠷ᠎ᠠ ᠶ᠋ᠢᠨ ᠵᠢᠯ ᠡᠴᠡ ᠨᠡᠰᠢ ᠂ ᠬᠣᠲᠠ ᠶ᠋ᠢᠨ ᠨᠠᠮ ᠤ᠋ᠨ ᠬᠣᠷᠢᠶ᠎ᠠ ᠶ᠋ᠢᠨ ᠵᠥᠪ ᠣᠨᠣᠪᠴᠢᠲᠠᠢ ᠤᠳᠤᠷᠢᠳᠤᠯᠭ᠎ᠠ ᠪᠠ ᠬᠣᠲᠠ ᠶ᠋ᠢᠨ ᠠᠬᠠᠮᠠᠳ ᠺᠠᠲ᠋ᠷ ᠤ᠋ᠨ ᠲᠣᠪᠴᠢᠶ᠎ᠠ ᠶ᠋ᠢᠨ ᠵᠣᠷᠢᠭ ᠰᠠᠨᠠᠭᠠᠨ ᠤ᠋ ᠵᠢᠯᠣᠭᠣᠳᠤᠯᠭ᠎ᠠ ᠳᠣᠣᠷ᠎ᠠ ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠰᠢ ᠵᠢᠨ ᠫᠢᠩ ᠦ᠋ᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠣᠭᠣᠳᠤᠯᠭ᠎ᠠ ᠪᠣᠯᠭᠠᠬᠤ ᠶ᠋ᠢ ᠪᠠᠷᠢᠮᠲᠠᠯᠠᠵᠤ ᠂ ᠰᠢ ᠵᠢᠨ ᠫᠢᠩ ᠦ᠋ᠨ ᠬᠠᠤᠯᠢ ᠪᠠᠷ ᠵᠠᠰᠠᠬᠤ ᠦᠵᠡᠯ ᠰᠠᠨᠠᠭ᠎ᠠ ᠶ᠋ᠢ ᠭᠦᠨᠵᠡᠭᠡᠢ ᠰᠤᠷᠤᠯᠴᠠᠨ ᠲᠤᠤᠱᠯᠠᠭᠤᠯᠵᠤ ᠂ ᠶᠡᠷᠦᠩᠬᠡᠢ ᠱᠦᠵᠢ ᠰᠢ ᠵᠢᠨ ᠫᠢᠩ ᠦ᠋ᠨ ᠠᠬᠠᠮᠠᠳ ᠺᠠᠲ᠋ᠷ ᠤ᠋ᠨ ᠠᠵᠢᠯ ᠤ᠋ᠨ ᠲᠤᠬᠠᠢ ᠴᠢᠬᠤᠯᠠ ᠵᠢᠭᠠᠪᠤᠷᠢ ᠶ᠋ᠢᠨ ᠵᠣᠷᠢᠭ ᠰᠠᠨᠠᠭ᠎ᠠ ᠶ᠋ᠢ ᠨᠠᠷᠢᠨ ᠬᠢᠨᠠᠮᠠᠭᠠᠢ ᠲᠤᠤᠱᠯᠠᠭᠤᠯᠵᠤ ᠂ ᠨᠠᠮ ᠤ᠋ᠨ ᠲᠥᠪ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠂ ᠬᠣᠲᠠ ᠶ᠋ᠢᠨ ᠨᠠᠮ ᠤ᠋ᠨ ᠬᠣᠷᠢᠶ᠎ᠠ ᠶ᠋ᠢᠨ ᠠᠬᠠᠮᠠᠳ ᠺᠠᠲ᠋ᠷ ᠤ᠋ᠨ ᠠᠵᠢᠯ ᠤ᠋ᠨ ᠲᠤᠬᠠᠢ ᠴᠢᠬᠤᠯᠠ ᠰᠢᠢᠳᠪᠦᠷᠢᠲᠦ ᠪᠣᠳᠣᠯᠭ᠎ᠠ ᠶ᠋ᠢᠨ ᠪᠠᠢᠷᠢᠯᠠᠭᠤᠯᠤᠯᠲᠠ ᠶ᠋ᠢ ᠭᠦᠨᠵᠡᠭᠡᠢ ᠨᠠᠢᠳᠠᠪᠤᠷᠢᠵᠢᠭᠤᠯᠵᠤ ᠂ ᠬᠥᠮᠦᠨ ᠢ᠋ᠶ᠋ᠡᠷ ᠦᠨᠳᠦᠰᠦ ᠪᠣᠯᠭᠠᠬᠤ ᠶ᠋ᠢ ᠪᠠᠷᠢᠮᠲᠠᠯᠠᠵᠤ ᠂ ᠵᠣᠬᠢᠶᠠᠨ ᠪᠠᠢᠭᠤᠯᠤᠯᠲᠠ ᠶ᠋ᠢᠨ ᠬᠠᠮᠢᠶᠠᠷᠤᠯᠲᠠ ᠶ᠋ᠢ ᠲᠠᠰᠤᠷᠠᠯᠲᠠ ᠦᠭᠡᠢ ᠴᠢᠩᠭᠠᠳᠬᠠᠵᠤ ᠂ 《 ᠭᠤᠷᠪᠠ ᠶ᠋ᠢ ᠪᠣᠳᠠᠲᠠᠢᠵᠢᠭᠤᠯᠬᠤ 》 ᠶ᠋ᠢ ᠴᠢᠩᠭᠠᠳᠬᠠᠵᠤ ᠂ ᠰᠡᠳᠬᠢᠯ ᠰᠠᠨᠠᠭ᠎ᠠ ᠂ ᠣᠶᠤᠨ ᠰᠠᠨᠠᠭ᠎ᠠ ᠥᠨᠳᠥᠷ ᠦᠷ᠎ᠡ ᠪᠦᠲᠦᠮᠵᠢᠲᠡᠢ ᠪᠡᠷ ᠦᠢᠯᠡᠴᠢᠯᠡᠭᠡᠨ ᠦ᠌ ᠪᠠᠲᠤᠯᠠᠭᠠᠶ᠋ᠢ ᠰᠠᠢᠲᠤᠷ ᠬᠢᠵᠦ ᠂ ᠠᠬᠠᠮᠠᠳ ᠺᠠᠲ᠋ᠷ ᠤ᠋ᠨ ᠠᠵᠢᠯ ᠤ᠋ᠨ ᠴᠢᠨᠠᠷ ᠴᠢᠨᠰᠠᠭ᠎ᠠ ᠶ᠋ᠢ ᠦᠷᠭᠦᠯᠵᠢᠯᠡᠨ ᠳᠡᠭᠡᠭᠰᠢᠯᠡᠭᠦᠯᠦᠨ᠎ᠡ ᠃
ᠤᠳᠤᠷᠢᠳᠤᠯᠭ᠎ᠠ ᠴᠢᠬᠤᠯᠠᠴᠢᠯᠠᠨ ᠦᠵᠡᠵᠦ ᠂ ᠬᠠᠮᠢᠶᠠᠷᠤᠯᠲᠠ ᠵᠢᠨ ᠠᠵᠢᠯ ᠢ᠋ ᠴᠢᠬᠤᠯᠠ ᠪᠠᠢᠷᠢᠨ ᠳ᠋ᠤ᠌ ᠲᠠᠯᠪᠢᠵᠤ ᠂ ᠵᠣᠬᠢᠶᠠᠨ ᠪᠠᠢᠭᠤᠯᠤᠯᠲᠠ ᠶ᠋ᠢᠨ ᠬᠠᠯᠠᠮᠵᠢᠯᠠᠯ ᠢ᠋ ᠣᠷᠣᠨ ᠪᠠᠢᠷᠢ ᠳ᠋ᠤᠨᠢ ᠬᠦᠷᠭᠡᠬᠦ ᠶ᠋ᠢ ᠦᠨᠡᠨ ᠬᠦ᠌ ᠪᠠᠲᠤᠯᠠᠨ᠎ᠠ
ᠨᠠᠮ ᠤ᠋ᠨ ᠤᠳᠤᠷᠢᠳᠬᠤ ᠳᠤᠭᠤᠢᠯᠠᠩ ᠠᠬᠠᠮᠠᠳ ᠺᠠᠲ᠋ᠷ ᠤ᠋ᠨ ᠠᠵᠢᠯ ᠢ᠋ ᠳᠡᠭᠡᠳᠦ ᠬᠡᠮᠵᠢᠶ᠎ᠡ ᠪᠡᠷ ᠴᠢᠬᠤᠯᠠᠴᠢᠯᠠᠵᠤ ᠂ ᠠᠬᠠᠮᠠᠳ ᠺᠠᠲ᠋ᠷ ᠤ᠋ᠨ ᠰᠠᠯᠠᠭ᠎ᠠ ᠮᠥᠴᠢᠷ ᠦ᠋ᠨ ᠤᠯᠤᠰ ᠲᠥᠷᠥ ᠶ᠋ᠢᠨ ᠬᠡᠯᠲᠡᠰ ᠡᠯ᠎ᠡ ᠵᠦᠢᠯ ᠦ᠋ᠨ ᠦᠢᠯᠡᠴᠢᠯᠡᠭᠡᠨ ᠦ᠌ ᠬᠠᠮᠢᠶᠠᠷᠤᠯᠲᠠ ᠶ᠋ᠢᠨ ᠳᠦᠷᠢᠮ ᠢ᠋ ᠲᠡᠭᠦᠯᠳᠡᠷᠵᠢᠭᠦᠯᠬᠦ ᠪᠡᠷ ᠳᠠᠮᠵᠢᠨ ᠂ ᠠᠬᠠᠮᠠᠳ ᠺᠠᠲ᠋ᠷ ᠯᠤᠭ᠎ᠠ ᠶ᠋ᠢᠨ ᠦᠢᠯᠡᠳᠦᠯᠴᠡᠭᠡ ᠶ᠋ᠢ ᠦᠨᠡᠨ ᠬᠦ᠌ ᠴᠢᠩᠭ᠋ᠠᠳᠬᠠᠵᠤ ᠂ ᠢᠳᠡᠪᠬᠢᠲᠡᠢ ᠪᠥᠭᠡᠳ ᠡᠮᠬᠢ ᠵᠢᠷᠤᠮ ᠲᠠᠢ ᠠᠵᠢᠯ ᠤ᠋ᠨ ᠪᠠᠢᠷᠢᠰᠢᠯ ᠢ᠋ ᠪᠣᠢ ᠪᠣᠯᠭᠠᠪᠠ ᠃ ᠣᠳᠣᠬᠠᠨ ᠪᠣᠯᠲᠠᠯ᠎ᠠ ᠂ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠠᠵᠢᠯ ᠠ᠋ᠴᠠ ᠪᠠᠨ ᠠᠮᠠᠷᠠᠭᠰᠠᠨ ᠠᠬᠠᠮᠠᠳ ᠺᠠᠲ᠋ᠷ ᠨᠡᠢᠲᠡ 79 ᠬᠥᠮᠦᠨ ᠪᠠᠢᠵᠤ ᠂ ᠡᠭᠦᠨ ᠳ᠋ᠦ᠍ 70 ᠨᠠᠰᠤᠨ ᠠ᠋ᠴᠠ ᠳᠡᠭᠡᠭᠰᠢᠬᠢ 35 ᠬᠥᠮᠦᠨ ᠪᠠᠢᠨ᠎ᠠ ᠃
ᠨᠠᠮ ᠤ᠋ᠨ ᠤᠳᠤᠷᠢᠳᠬᠤ ᠳᠤᠭᠤᠢᠯᠠᠩ 《 ᠵᠠᠷᠴᠢᠮ 》 ᠢ᠋ ᠬᠦᠨᠳᠦᠳᠬᠡᠨ ᠦᠵᠡᠵᠦ ᠃ 《 ᠭᠤᠷᠪᠠᠨ ᠡᠷᠬᠡᠪᠰᠢ ᠰᠤᠷᠪᠤᠯᠵᠢᠯᠠᠬᠤ 》 (ᠲᠤᠬᠠᠢᠯᠠᠪᠠᠯ ᠪᠠᠢᠩᠭᠤ ᠶ᠋ᠢᠨ ᠴᠢᠨᠠᠷᠲᠠᠢ ᠰᠤᠷᠪᠤᠯᠵᠢᠯᠠᠬᠤ ᠂ ᠭᠣᠣᠯᠳᠠᠯᠭ᠎ᠠ ᠲᠠᠢ ᠰᠤᠷᠪᠤᠯᠵᠢᠯᠠᠬᠤ ᠪᠠ ᠪᠠᠶᠠᠷ ᠳᠤᠷᠠᠰᠬᠠᠯ ᠤ᠋ᠨ ᠡᠳᠦᠷ ᠦ᠋ᠨ ᠰᠤᠷᠪᠤᠯᠵᠢᠯᠠᠯ ) ᠪᠣᠯᠤᠨ ᠪᠠᠶᠠᠷ ᠤ᠋ᠨ ᠡᠳᠦᠷ ᠦ᠋ᠨ ᠲᠣᠬᠣᠨᠢᠭᠤᠯᠬᠤ ᠳᠦᠷᠢᠮ ᠢ᠋ ᠪᠠᠷᠢᠮᠲᠠᠯᠠᠵᠤ ᠂ ᠬᠦᠷᠢᠶᠡᠯᠡᠩ ᠦ᠋ᠨ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠂ ᠬᠣᠷᠢᠶᠠᠨ ᠳᠠᠷᠤᠭ᠎ᠠ ᠵᠢᠴᠢ ᠤᠳᠤᠷᠢᠳᠬᠤ ᠪᠠᠭ ᠤᠨ ᠭᠡᠰᠢᠭᠦᠨ ᠨᠠᠷ ᠴᠢᠬᠤᠯᠠ ᠪᠠᠶᠠᠷ ᠳᠤᠷᠠᠰᠬᠠᠯ ᠠᠮᠠᠷᠠᠯᠲᠠ ᠶ᠋ᠢᠨ ᠡᠳᠦᠷ ᠦ᠋ᠨ ᠬᠠᠭᠤᠴᠢᠨ ᠺᠠᠲᠷᠴᠤᠳ ᠢ᠋ ᠲᠣᠬᠣᠨᠢᠭᠤᠯᠵᠠᠢ ᠃ 《 ᠭᠤᠷᠪᠠ ᠶ᠋ᠢ ᠵᠠᠪᠠᠯ ᠪᠡᠶᠡᠯᠡᠭᠦᠯᠬᠦ 》(ᠠᠬᠠᠮᠠᠳ ᠺᠠᠲ᠋ᠷ ᠡᠪᠡᠳᠴᠢᠨ ᠢ᠋ᠶ᠋ᠡᠷ ᠵᠠᠪᠠᠯ ᠢᠷᠡᠬᠦ ᠂ ᠠᠬᠠᠮᠠᠳ ᠺᠠᠲ᠋ᠷ ᠰᠠᠨᠠᠭᠠᠨ ᠳ᠋ᠤ᠌ ᠦᠭᠡᠢ ᠶᠠᠪᠤᠳᠠᠯ ᠪᠠ ᠬᠦᠴᠢᠷᠳᠡᠯ ᠳ᠋ᠦ᠍ ᠤᠴᠠᠷᠠᠪᠠᠯ ᠵᠠᠪᠠᠯ ᠠᠭᠤᠯᠵᠠᠬᠤ ᠬᠡᠷᠡᠭᠲᠡᠢ ) ᠠᠵᠢᠯ ᠤ᠋ᠨ ᠳᠦᠷᠢᠮ ᠢ᠋ ᠪᠠᠷᠢᠮᠲᠠᠯᠠᠵᠤ ᠂ ᠠᠬᠠᠮᠠᠳ ᠺᠠᠲ᠋ᠷ ᠤ᠋ᠨ ᠠᠮᠢᠳᠤᠷᠠᠯ ᠪᠠ ᠡᠷᠡᠭᠦᠯ ᠮᠡᠨᠳᠦ ᠳ᠋ᠦ᠍ ᠢᠳᠡᠪᠬᠢᠲᠡᠢ ᠪᠥᠭᠡᠳ ᠰᠠᠨᠠᠭᠠᠴᠢᠯᠠᠭ᠎ᠠ ᠠ᠋ᠴᠠ ᠪᠠᠨ ᠦᠢᠯᠡᠴᠢᠯᠡᠭᠡ ᠬᠠᠩᠭᠠᠬᠤ ᠬᠡᠷᠡᠭᠲᠡᠢ ᠃ ᠠᠬᠠᠮᠠᠳ ᠺᠠᠲ᠋ᠷ ᠤ᠋ᠨ ᠦᠵᠡᠯ ᠰᠠᠨᠠᠭᠠᠨ ᠤ᠋ ᠬᠥᠳᠡᠯᠦᠯ ᠪᠠᠢᠳᠠᠯ ᠪᠣᠯᠤᠨ ᠪᠡᠶ᠎ᠡ ᠮᠠᠬᠠᠪᠣᠳ ᠤ᠋ᠨ ᠡᠷᠡᠭᠦᠯ ᠮᠡᠨᠳᠦ ᠶ᠋ᠢ ᠢᠳᠡᠪᠬᠢᠲᠡᠢ ᠠᠩᠬᠠᠷᠴᠤ ᠂ ᠠᠬᠠᠮᠠᠳ ᠺᠠᠲ᠋ᠷ ᠤ᠋ᠨ ᠦᠢᠯᠡᠴᠢᠯᠡᠭᠡᠨ ᠦ᠌ ᠬᠠᠮᠢᠶᠠᠷᠤᠯᠲᠠ ᠶ᠋ᠢᠨ ᠳᠦᠷᠢᠮ ᠢ᠋ ᠲᠡᠭᠦᠯᠳᠡᠷᠵᠢᠭᠦᠯᠵᠦ ᠂ ᠠᠬᠠᠮᠠᠳ ᠺᠠᠲ᠋ᠷ ᠤ᠋ᠨ ᠠᠮᠢᠳᠤᠷᠠᠯ ᠤ᠋ᠨ ᠣᠯᠭᠣᠮᠵᠢ ᠪᠣᠯᠤᠨ ᠬᠠᠮᠢᠶ᠎ᠠ ᠪᠦᠬᠦᠢ ᠲᠥᠷᠥ ᠶ᠋ᠢᠨ ᠪᠣᠳᠣᠯᠭ᠎ᠠ ᠶ᠋ᠢᠨ ᠨᠠᠢᠳᠠᠪᠤᠷᠢᠵᠢᠭᠤᠯᠤᠯᠲᠠ ᠶ᠋ᠢ ᠦᠨᠡᠨᠬᠦ ᠪᠠᠲᠤᠯᠠᠬᠤ ᠬᠡᠷᠡᠭᠲᠡᠢ ᠃
ᠠᠬᠠᠮᠠᠳ ᠺᠠᠲ᠋ᠷᠴᠤᠳ ᠲᠤ᠌ ᠵᠢᠯ ᠪᠦᠷᠢ 《 ᠣᠷᠳᠣᠰ ᠬᠣᠲᠠ ᠶ᠋ᠢᠨ ᠡᠳᠦᠷ ᠦ᠋ᠨ ᠰᠣᠨᠢᠨ 》 《 ᠨᠠᠰᠤᠲᠠᠢᠴᠤᠳ ᠤ᠋ᠨ ᠰᠡᠳᠬᠦᠯ 》 ᠵᠡᠷᠭᠡ ᠰᠡᠳᠬᠦᠯ ᠢ᠋ ᠵᠠᠬᠢᠶᠠᠯᠠᠨ ᠦᠵᠡᠭᠦᠯᠬᠦ ᠶ᠋ᠢ ᠪᠠᠷᠢᠮᠲᠠᠯᠠᠨ ᠂ ᠠᠬᠠᠮᠠᠳ ᠺᠠᠲ᠋ᠷ ᠤ᠋ᠨ ᠰᠤᠷᠤᠯᠴᠠᠯᠭ᠎ᠠ ᠳ᠋ᠤ᠌ ᠴᠢᠬᠤᠯᠠ ᠪᠦᠬᠦᠢ ᠨᠥᠬᠥᠴᠡᠯ ᠬᠠᠩᠭᠠᠬᠤ ᠬᠡᠷᠡᠭᠲᠡᠢ ᠃ ᠠᠬᠠᠮᠠᠳ ᠺᠠᠲ᠋ᠷ ᠤ᠋ᠨ ᠠᠵᠢᠯ ᠠ᠋ᠴᠠ ᠪᠠᠨ ᠪᠠᠭᠤᠵᠤ ᠠᠮᠠᠷᠠᠬᠤ ᠭᠠᠷᠳᠠᠮ ᠂ ᠨᠠᠰᠤᠵᠢᠯ ᠤ᠋ᠨ ᠳᠠᠭᠠᠳᠬᠠᠯ ᠤ᠋ᠨ ᠣᠯᠭᠣᠮᠵᠢ ᠠᠪᠬᠤ ᠵᠢᠴᠢ ᠬᠢᠷᠢ ᠭᠡᠮ ᠢ᠋ ᠭᠡᠷᠡᠴᠢᠯᠡᠬᠦ ᠂ ᠢᠷᠠᠭᠤ ᠠᠯᠳᠠᠷᠲᠠᠢ ᠪᠠᠷ ᠠᠵᠢᠯ ᠠ᠋ᠴᠠ ᠪᠠᠨ ᠪᠠᠭᠤᠵᠤ ᠠᠮᠠᠷᠠᠬᠤ ᠂ ᠠᠰᠠᠷᠠᠮᠵᠢ ᠶ᠋ᠢᠨ ᠮᠥᠩᠭᠥ ᠭᠦᠢᠴᠡᠳᠬᠡᠬᠦ ᠶ᠋ᠢ ᠭᠣᠣᠯᠳᠠᠯᠭ᠎ᠠ ᠲᠠᠢ ᠪᠠᠲᠤᠯᠠᠵᠤ ᠂ ᠠᠵᠢᠯ ᠠ᠋ᠴᠠ ᠪᠠᠨ ᠪᠠᠭᠤᠵᠤ ᠠᠮᠠᠷᠠᠭᠰᠠᠨ ᠺᠠᠲ᠋ᠷ ᠤ᠋ᠨ ᠦᠨᠳᠦᠰᠦᠨ ᠮᠡᠳᠡᠭᠡ ᠵᠠᠩᠭᠢ ᠶ᠋ᠢᠨ ᠳᠠᠩᠰᠠ ᠡᠪᠬᠡᠮᠡᠯ ᠢ᠋ ᠪᠠᠢᠭᠤᠯᠤᠨ ᠲᠡᠭᠦᠯᠳᠡᠷᠵᠢᠭᠦᠯᠵᠦ ᠂ ᠠᠵᠢᠯ ᠠ᠋ᠴᠠ ᠪᠠᠨ ᠪᠠᠭᠤᠵᠤ ᠠᠮᠠᠷᠠᠭᠰᠠᠨ ᠺᠠᠲ᠋ᠷ ᠤ᠋ᠨ ᠦᠢᠯᠡᠴᠢᠯᠡᠭᠡ ᠬᠠᠮᠢᠶᠠᠷᠤᠯᠲᠠ ᠶ᠋ᠢᠨ ᠠᠵᠢᠯ ᠤ᠋ᠨ ᠬᠢᠷᠢ ᠬᠡᠮᠵᠢᠶ᠎ᠡ ᠶ᠋ᠢ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ ᠃
ᠠᠵᠢᠯ ᠤ᠋ᠨ ᠲᠣᠭᠲᠠᠴᠠ ᠶ᠋ᠢ ᠪᠠᠢᠭᠤᠯᠤᠨ ᠲᠡᠭᠦᠯᠳᠡᠷᠵᠢᠭᠦᠯᠵᠦ ᠂ ᠦᠢᠯᠡᠴᠢᠯᠡᠭᠡ ᠪᠠᠲᠤᠯᠠᠭ᠎ᠠ ᠶ᠋ᠢᠨ ᠠᠷᠭ᠎ᠠ ᠬᠡᠮᠵᠢᠶ᠎ᠡ ᠶ᠋ᠢ ᠲᠡᠭᠦᠯᠳᠡᠷᠵᠢᠭᠦᠯᠦᠨ ᠂ ᠬᠠᠷᠠᠭᠠᠯᠵᠠᠯ ᠢ᠋ ᠪᠣᠳᠠᠲᠠᠢᠵᠢᠭᠤᠯᠤᠨ ᠨᠠᠢᠳᠠᠪᠤᠷᠢᠵᠢᠭᠤᠯᠬᠤ ᠶ᠋ᠢ ᠦᠨᠡᠨ ᠬᠦ᠌ ᠪᠠᠲᠤᠯᠠᠨ᠎ᠠ
ᠠᠵᠢᠯ ᠠ᠋ᠴᠠ ᠪᠠᠨ ᠪᠠᠭᠤᠵᠤ ᠠᠮᠠᠷᠠᠭᠰᠠᠨ ᠠᠬᠠᠮᠠᠳ ᠺᠠᠲ᠋ᠷ ᠤ᠋ᠨ ᠨᠠᠮᠤ᠋ᠨ ᠡᠭᠦᠷᠢ᠋ ᠲᠤᠰᠬᠠᠢᠯᠠᠨ ᠪᠠᠢᠭᠤᠯᠵᠤ ᠂ ᠡᠭᠦᠷᠦ᠋ᠨ ᠭᠡᠰᠢᠭᠦᠳᠦ᠋ᠨ ᠬᠤᠷᠠᠯ ᠤ᠋ᠨ ᠳᠦᠷᠢᠮ ᠂ ᠨᠠᠮ ᠤ᠋ᠨ ᠭᠡᠰᠢᠭᠦᠨ ᠦ᠌ ᠵᠣᠬᠢᠶᠠᠨ ᠪᠠᠢᠭᠤᠯᠤᠯᠲᠠ ᠶ᠋ᠢᠨ ᠠᠮᠢᠳᠤᠷᠠᠯ ᠤ᠋ᠨ ᠬᠤᠷᠠᠯ ᠤ᠋ᠨ ᠳᠦᠷᠢᠮ ᠂ ᠨᠠᠮ ᠤ᠋ᠨ ᠰᠦᠢᠳᠬᠡᠯ ᠬᠤᠷᠢᠶᠠᠬᠤ ᠵᠡᠷᠭᠡ ᠨᠠᠮ ᠤ᠋ᠨ ᠵᠣᠬᠢᠶᠠᠨ ᠪᠠᠢᠭᠤᠯᠤᠯᠲᠠᠶ᠋ᠢᠨ ᠠᠮᠢᠳᠤᠷᠠᠯ ᠤ᠋ᠨ ᠳᠦᠷᠢᠮ ᠢ᠋ ᠦᠷᠭᠦᠯᠵᠢᠯᠡᠨ ᠪᠠᠷᠢᠮᠲᠠᠯᠠᠵᠤ ᠂ ᠠᠬᠠᠮᠠᠳ ᠺᠠᠲ᠋ᠷ ᠨᠠᠮ ᠤ᠋ᠨ ᠭᠡᠰᠢᠭᠦᠨ ᠦ᠌ ᠵᠣᠬᠢᠶᠠᠨ ᠪᠠᠢᠭᠤᠯᠤᠯᠲᠠ ᠶ᠋ᠢᠨ ᠦᠵᠡᠯᠲᠡ ᠶ᠋ᠢ ᠴᠢᠩᠭᠠᠳᠬᠠᠪᠠ ᠃ 2022 ᠣᠨ ᠠ᠋ᠴᠠ ᠨᠡᠰᠢ ᠂ ᠠᠵᠢᠯ ᠠ᠋ᠴᠠ ᠪᠠᠨ ᠠᠮᠠᠷᠠᠭᠰᠠᠨ ᠠᠬᠠᠮᠠᠳ ᠺᠠᠲ᠋ᠷ ᠤ᠋ᠨ ᠨᠠᠮ ᠤ᠋ᠨ ᠡᠭᠦᠷ ᠨᠠᠮ ᠤ᠋ᠨ ᠡᠭᠦᠷ ᠦ᠋ᠨ ᠵᠥᠪᠯᠡᠯ ᠦ᠋ᠨ ᠬᠤᠷᠠᠯ ᠢ᠋ 3 ᠤᠳᠠᠭ᠎ᠠ ᠬᠤᠷᠠᠯᠳᠤᠭᠤᠯᠵᠤ ᠂ 5 ᠤᠳᠠᠭ᠎ᠠ ᠵᠣᠬᠢᠶᠠᠨ ᠪᠠᠢᠭᠤᠯᠤᠯᠲᠠ ᠶ᠋ᠢᠨ ᠠᠮᠢᠳᠤᠷᠠᠯ ᠤ᠋ᠨ ᠬᠤᠷᠠᠯ ᠬᠢᠵᠦ ᠂ 8 ᠤᠳᠠᠭ᠎ᠠ ᠶᠠᠷᠢᠯᠴᠠᠨ ᠂ ᠠᠬᠠᠮᠠᠳ ᠺᠠᠲ᠋ᠷ ᠨᠠᠮ ᠤ᠋ᠨ ᠭᠡᠰᠢᠭᠦᠨ ᠳ᠋ᠦ᠍ ᠨᠠᠮ ᠤ᠋ᠨ ᠵᠣᠬᠢᠶᠠᠨ ᠪᠠᠢᠭᠤᠯᠤᠯᠲᠠ ᠶ᠋ᠢᠨ ᠬᠠᠢᠷ᠎ᠠ ᠬᠠᠯᠠᠮᠵᠢ ᠶ᠋ᠢ 2021 ᠣᠨ ᠳ᠋ᠤ᠌ ᠂ ᠠᠵᠢᠯ ᠠ᠋ᠴᠠ ᠪᠠᠨ ᠪᠠᠭᠤᠭᠰᠠᠨ ᠺᠠᠲᠷᠴᠤᠳ ᠲᠤ᠌ ᠢᠷᠠᠭᠤ ᠠᠯᠳᠠᠷ ᠤᠨ ᠠᠵᠢᠯ ᠠ᠋ᠴᠠ ᠪᠠᠨ ᠪᠠᠭᠤᠬᠤ ᠶᠣᠰᠣᠯᠠᠯ ᠶᠠᠪᠤᠭᠤᠯᠵᠤ ᠂ ᠡᠮᠨᠡᠯᠭᠡ ᠶ᠋ᠢᠨ ᠬᠣᠷᠢᠶᠠᠨ ᠤ᠋ ᠤᠳᠤᠷᠢᠳᠤᠯᠭ᠎ᠠ ᠪᠠ ᠠᠵᠢᠯ ᠠ᠋ᠴᠠ ᠪᠠᠨ ᠪᠠᠭᠤᠭᠰᠠᠨ ᠺᠠᠲᠷᠴᠤᠳ ᠲᠤ᠌ ᠰᠡᠳᠬᠢᠯ ᠦ᠋ᠨ ᠶᠠᠷᠢᠯᠴᠠᠭ᠎ᠠ ᠬᠢᠭᠰᠡᠨ ᠦ᠌ ᠬᠠᠮᠲᠤ ᠠᠵᠢᠯ ᠠ᠋ᠴᠠ ᠪᠠᠨ ᠪᠠᠭᠤᠭᠰᠠᠨ ᠦᠨᠡᠮᠯᠡᠯ ᠣᠯᠭᠣᠵᠤ ᠂ ᠳᠤᠷᠠᠰᠬᠠᠯ ᠤ᠋ᠨ ᠵᠦᠢᠯ ᠪᠡᠯᠡᠭᠯᠡᠭᠡᠳ ᠂ ᠠᠬᠠᠮᠠᠳ ᠺᠠᠲᠷᠴᠤᠳ ᠤ᠋ᠨ ᠲᠤᠬᠠᠢᠯᠠᠭᠰᠠᠨ ᠠᠵᠢᠯ ᠤ᠋ᠨ ᠢᠷᠠᠭᠤ ᠠᠯᠳᠠᠷᠲᠤ ᠰᠡᠳᠬᠢᠯᠭᠡ ᠂ ᠬᠠᠷᠢᠶᠠᠯᠠᠭᠳᠠᠬᠤ ᠰᠡᠳᠬᠢᠯᠭᠡ ᠶ᠋ᠢ ᠨᠢ ᠤᠯᠠᠮ ᠨᠢᠭᠡ ᠠᠯᠬᠤᠮ ᠴᠢᠩᠭ᠋ᠠᠳᠬᠠᠭᠰᠠᠨ ᠪᠠᠢᠨ᠎ᠠ ᠃
ᠲᠠᠪᠴᠠᠩ ᠪᠠᠢᠭᠤᠯᠤᠨ ᠂ ᠰᠢᠨᠡᠶ᠋ᠢ ᠡᠭᠦᠳᠴᠦ ᠂ ᠠᠬᠠᠮᠠᠳ ᠺᠠᠲ᠋ᠷ ᠤ᠋ᠨ ᠦᠢᠯᠡᠳᠦᠯ ᠢ᠋ ᠭᠦᠢᠴᠡᠳ ᠪᠠᠳᠠᠷᠠᠭᠤᠯᠬᠤ ᠶ᠋ᠢ ᠦᠨᠡᠨ ᠬᠦ᠌ ᠪᠠᠲᠤᠯᠠᠨ᠎ᠠ
2020 ᠣᠨ ᠤ᠋ 8 ᠰᠠᠷ᠎ᠠ ᠳ᠋ᠤ᠌ ᠂ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠵᠠᠭᠠᠯᠳᠤᠯᠭ᠎ᠠ ᠡᠶᠡᠳᠦᠭᠦᠯᠭᠡ ᠶ᠋ᠢᠨ ᠵᠤᠯᠭᠠᠯᠴᠠᠭᠤᠯᠬᠤ ᠲᠥᠪ ᠪᠠᠢᠭᠤᠯᠵᠤ ᠂ 2 ᠨᠡᠷ᠎ᠡ ᠲᠥᠷᠥ ᠲᠡᠢ ᠠᠵᠢᠯ ᠠ᠋ᠴᠠ ᠪᠠᠨ ᠠᠮᠠᠷᠠᠭᠰᠠᠨ ᠠᠬᠠᠮᠠᠳ ᠺᠠᠲ᠋ᠷ ᠢ᠋ ᠤᠷᠢᠨ ᠡᠶᠡᠳᠡᠭᠦᠯᠦᠭᠴᠢ ᠶ᠋ᠢᠨ ᠬᠤᠪᠢ ᠪᠠᠷ ᠂ ᠠᠬᠠᠮᠠᠳ ᠺᠠᠲ᠋ᠷ ᠤ᠋ᠨ ᠡᠯᠪᠡᠭ ᠪᠠᠶᠠᠯᠢᠭ ᠠᠵᠢᠯ ᠤ᠋ᠨ ᠲᠤᠷᠰᠢᠯᠭ᠎ᠠ ᠪᠠᠷ ᠳᠠᠮᠵᠢᠨ ᠲᠤᠬᠠᠢ ᠶ᠋ᠢᠨ ᠬᠥᠮᠦᠨ ᠢ᠋ ᠵᠢᠯᠣᠭᠣᠳᠤᠨ ᠡᠶᠡᠳᠡᠭᠦᠯᠵᠦ ᠂ ᠵᠢᠭᠤᠷᠠᠯᠳᠤᠭᠠᠨ ᠤ᠋ ᠡᠯ᠎ᠡ ᠲᠠᠯ᠎ᠠ ᠶ᠋ᠢᠨ ᠬᠢᠨ ᠢ᠋ ᠬᠠᠷᠢᠯᠴᠠᠨ ᠠᠭᠤᠴᠢᠯᠠᠵᠤ ᠬᠠᠷᠢᠯᠴᠠᠨ ᠨᠠᠢᠷ ᠲᠠᠯᠪᠢᠬᠤ ᠶ᠋ᠢ ᠠᠬᠢᠭᠤᠯᠵᠤ ᠂ ᠬᠡᠷᠡᠭ ᠰᠢᠢᠳᠪᠦᠷᠢᠯᠡᠬᠦ ᠴᠠᠭ ᠢ᠋ ᠠᠷᠪᠢᠯᠠᠭᠰᠠᠨ ᠪᠥᠭᠡᠳ ᠪᠠᠰᠠ ᠲᠤᠬᠠᠢ ᠶ᠋ᠢᠨ ᠬᠥᠮᠦᠨ ᠦ᠌ ᠵᠠᠷᠭᠤ ᠵᠠᠭᠠᠯᠳᠤᠯᠭ᠎ᠠ ᠶ᠋ᠢᠨ ᠬᠦᠴᠢᠷᠳᠡᠯ ᠢ᠋ ᠬᠥᠩᠭᠡᠷᠡᠭᠦᠯᠦᠭᠰᠡᠨ ᠪᠠᠢᠨ᠎ᠠ ᠂ ᠠᠬᠠᠮᠠᠳ ᠺᠠᠲ᠋ᠷᠤ᠋ᠨ ᠦᠷᠭᠦᠯᠵᠢᠯᠡᠨ ᠭᠡᠷᠡᠯ ᠰᠠᠴᠤᠷᠠᠭᠰᠠᠨ ᠲᠠᠪᠴᠠᠩ ᠢ᠋ ᠪᠣᠢ ᠪᠣᠯᠭᠠᠭᠰᠠᠨ ᠪᠠᠢᠨ᠎ᠠ ᠃ 2022 ᠣᠨ ᠤ᠋ 8 ᠰᠠᠷ᠎ᠠ ᠪᠣᠯᠲᠠᠯ᠎ᠠ ᠂ 2 ᠠᠬᠠᠮᠠᠳ ᠺᠠᠲ᠋ᠷ ᠢ᠋ ᠤᠷᠢᠵᠤ ᠨᠢᠭᠡᠨᠲᠡ 305 ᠬᠡᠷᠡᠭ ᠢ᠋ ᠡᠶᠡᠳᠡᠭᠦᠯᠦᠨ ᠰᠢᠢᠳᠪᠦᠷᠢᠯᠡᠵᠦ ᠳᠠᠭᠤᠰᠬᠠᠪᠠ ᠃ ᠠᠬᠠᠮᠠᠳ ᠺᠠᠲᠠᠷ ᠤᠨ ᠨᠠᠰᠤᠨ ᠤ᠋ ᠠᠮᠠᠷᠠᠯᠲᠠ ᠠᠪᠬᠤ ᠡᠴᠡ ᠪᠢᠰᠢ ᠠᠵᠢᠯ ᠤ᠋ᠨ ᠪᠠᠢᠷᠢ ᠠ᠋ᠴᠠ ᠪᠠᠭᠤᠬᠤ ᠦᠭᠡᠢ ᠂ ᠰᠠᠢᠨ ᠳᠤᠷ᠎ᠠ ᠠ᠋ᠴᠠ ᠪᠠᠨ ᠦᠢᠯᠡᠳᠦᠯ ᠢ᠋ᠶ᠋ᠡᠨ ᠰᠠᠢᠨ ᠳᠤᠷ᠎ᠠ ᠠ᠋ᠴᠠ ᠪᠠᠨ ᠪᠠᠳᠠᠷᠠᠭᠤᠯᠤᠭᠠᠳ ᠳᠡᠭᠡᠳᠦ ᠱᠠᠲᠤᠨ ᠤ᠋ ᠰᠠᠯᠠᠭ᠎ᠠ ᠮᠥᠴᠢᠷ ᠂ ᠲᠤᠬᠠᠢ ᠶ᠋ᠢᠨ ᠬᠥᠮᠦᠨ ᠪᠠ ᠨᠡᠢᠭᠡᠮ ᠦ᠋ᠨ ᠡᠯ᠎ᠡ ᠡᠲᠡᠭᠡᠳ ᠦ᠋ᠨ ᠥᠷᠭᠡᠨ ᠳᠡᠯᠭᠡᠷ ᠰᠠᠢᠨ ᠦᠨᠡᠯᠡᠯᠲᠡ ᠶ᠋ᠢ ᠣᠯᠵᠠᠢ ᠃
ᠦᠨᠡᠯᠡᠬᠦ 0ᠦᠨᠡᠯᠡᠯᠲᠡ᠎ᠲᠠᠢ