ᠰᠠᠢᠨ ᠳᠤᠷ᠎ᠠ᠎ ᠶ᠋ᠢᠨ ᠦᠢᠯᠡᠴᠢᠯᠡᠭᠡ ᠬᠢᠵᠢᠭ᠌ ᠢ ᠡᠰᠡᠷᠭᠦᠴᠡᠬᠦ ᠬᠦᠴᠦᠨ ᠎ᠳ᠋ᠦ᠍ ᠦᠢᠯᠡᠴᠢᠯᠡᠨ᠎ᠡ
2023.01.03 ᠲᠣᠰ ᠥᠷᠲᠡᠭᠡᠨ᠎ᠦ ᠨᠠᠢᠷᠠᠭᠤᠯᠤᠭᠴᠢ

ᠣᠷᠳᠣᠰ ᠬᠣᠲᠠ᠎ ᠶ᠋ᠢᠨ ᠳᠤᠮᠳᠠ ᠵᠡᠷᠭᠡ᠎ ᠶ᠋ᠢᠨ ᠰᠢᠭᠦᠬᠦ ᠬᠣᠷᠢᠶ᠎ᠠ ᠬᠢᠵᠢᠭ᠌ ᠢ ᠡᠰᠡᠷᠭᠦᠴᠡᠬᠦ ᠰᠠᠢᠨ ᠳᠤᠷ᠎ᠠ᠎ ᠶ᠋ᠢᠨ ᠦᠢᠯᠡᠴᠢᠯᠡᠭᠡᠨ ᠎ᠦ᠌ ᠠᠩᠭᠢ ᠪᠠᠢᠭᠤᠯᠵᠤ ᠬᠢᠵᠢᠭ᠌ ᠎ᠢ᠋ ᠰᠡᠷᠭᠡᠢᠯᠡᠬᠦ ᠎ᠳ᠋ᠤ᠌ ᠬᠦᠴᠦᠨ ᠨᠡᠮᠡᠷᠢᠯᠡᠪᠡ
   ᠣᠢᠷ᠎ᠠ᠎ ᠳ᠋ᠤ᠌ ᠂ ᠮᠠᠨ ᠎ᠤ᠋ ᠬᠣᠲᠠ ᠎ᠶ᠋ᠢᠨ ᠬᠡᠰᠡᠭ ᠬᠣᠰᠢᠭᠤ ᠲᠣᠭᠣᠷᠢᠭ ᠲᠤ᠌ ᠰᠢᠨ᠎ᠡ ᠲᠢᠲᠢᠮᠯᠢᠭ᠌ ᠠᠭᠤᠰᠬᠢᠨ ᠦᠷᠪᠢᠰᠦᠯ ᠎ᠦ᠋ᠨ ᠬᠢᠵᠢᠭ᠌ ᠵᠠᠯᠭᠠᠭ᠎ᠠ ᠎ᠪᠠᠷ ᠢᠯᠡᠷᠡᠨ ᠂ ᠬᠢᠵᠢᠭ᠌  ᠢ ᠰᠡᠷᠭᠡᠢᠯᠡᠨ ᠬᠣᠷᠢᠭᠯᠠᠬᠤ ᠬᠦᠨᠳᠦ ᠰᠦᠷᠡᠬᠡᠢ ᠪᠠᠢᠳᠠᠯ᠎ ᠳ᠋ᠤ᠌ ᠴᠢᠭᠯᠡᠭᠦᠯᠦᠨ ᠂ ᠬᠣᠲᠠ᠎ ᠶ᠋ᠢᠨ ᠳᠤᠮᠳᠠ ᠵᠡᠷᠭᠡ ᠎ᠶ᠋ᠢᠨ ᠰᠢᠭᠦᠬᠦ ᠬᠣᠷᠢᠶ᠎ᠠ ᠬᠢᠵᠢᠭ᠌ ᠎ᠦ᠋ᠨ ᠪᠠᠢᠳᠠᠯ᠎ ᠢ᠋ ᠡᠰᠡᠷᠭᠦᠴᠡᠬᠦ ᠰᠠᠢᠨ ᠳᠤᠷ᠎ᠠ ᠎ᠶ᠋ᠢᠨ ᠦᠢᠯᠡᠴᠢᠯᠡᠭᠡᠨ ᠦ᠌ ᠠᠩᠭᠢ ᠎ᠶ᠋ᠢ ᠢᠳᠡᠪᠬᠢᠲᠡᠢ ᠪᠠᠢᠭᠤᠯᠵᠤ ᠂ ᠠᠵᠢᠯ᠎ ᠤ᠋ᠨ ᠪᠠᠢᠷᠢᠨ ᠎ᠳ᠋ᠤ᠌ ᠪᠠᠢᠭ᠎ᠠ ᠨᠠᠮ ᠎ᠤ᠋ᠨ ᠭᠡᠰᠢᠭᠦᠨ ᠦ᠌ 《 ᠬᠣᠣᠰ ᠨᠡᠷ᠎ᠡ ᠮᠡᠳᠡᠭᠦᠯᠬᠦ 》 《 ᠵᠢᠷᠭᠤᠭᠠᠨ ᠨᠢᠭᠡ 》 ᠠᠵᠢᠯ᠎ ᠤ᠋ᠨ ᠲᠣᠭᠲᠠᠴᠠ ᠎ᠶ᠋ᠢ ᠨᠠᠷᠢᠨ ᠬᠢᠨᠠᠮᠠᠭᠠᠢ ᠲᠤᠤᠱᠯᠠᠭᠤᠯᠤᠨ ᠨᠠᠢᠳᠠᠪᠤᠷᠢᠵᠢᠭᠤᠯᠵᠤ ᠂ ᠰᠠᠨᠠᠭᠠᠴᠢᠯᠠᠭ᠎ᠠ᠎ᠠ᠋ᠴᠠ᠎ ᠪᠠᠨ ᠣᠢᠷ᠎ᠠ ᠬᠠᠪᠢ᠎ ᠶ᠋ᠢᠨ ᠨᠡᠢᠭᠡᠮ ᠲᠣᠭᠣᠷᠢᠭ ᠎ᠲᠠᠢ ᠬᠠᠷᠢᠯᠴᠠᠵᠤ ᠰᠠᠢᠨ ᠳᠤᠷ᠎ᠠ᠎ ᠶ᠋ᠢᠨ ᠦᠢᠯᠡᠴᠢᠯᠡᠭᠡ ᠥᠷᠨᠢᠭᠦᠯᠪᠡ ᠃ 10 ᠰᠠᠷ᠎ᠠ ᠎ᠶ᠋ᠢᠨ 14᠎ ᠦ᠌ ᠥᠷᠯᠥᠭᠡ ᠂ 60 ᠴᠠᠭ 30 ᠮᠢᠨᠦ᠋ᠲ᠎ᠲᠦ᠍ ᠂ ᠬᠣᠲᠠ᠎ᠶ᠋ᠢᠨ ᠳᠤᠮᠳᠠ ᠵᠡᠷᠭᠡ ᠎ᠶ᠋ᠢᠨ ᠰᠢᠭᠦᠬᠦ ᠬᠣᠷᠢᠶᠠᠨ ᠤ᠋ ᠰᠠᠢᠨ ᠳᠤᠷ᠎ᠠ ᠎ᠶ᠋ᠢᠨ ᠦᠢᠯᠡᠴᠢᠯᠡᠭᠡᠨ ᠎ᠦ᠌ ᠠᠩᠭᠢ ᠎ᠶ᠋ᠢᠨ 20 ᠭᠠᠷᠤᠢ ᠬᠥᠮᠦᠨ ᠵᠢᠷᠭᠠᠯᠠᠩ ᠨᠡᠢᠭᠡᠮ ᠲᠣᠭᠣᠷᠢᠭ ᠤ᠋ᠨ ᠡᠮᠦᠨ᠎ᠡ ᠡᠷᠭᠢ᠎ ᠶ᠋ᠢᠨ ᠨᠡᠢᠲᠡ ᠎ᠶ᠋ᠢᠨ ᠲᠦᠷᠢᠶᠡᠰᠦᠨ ᠭᠡᠷ ᠎ᠢ᠋ ᠪᠠᠢᠴᠠᠭᠠᠬᠤ ᠭᠠᠵᠠᠷ ᠂ ᠧᠨ ᠺᠧ ᠨᠡᠢᠭᠡᠮ ᠲᠣᠭᠣᠷᠢᠭ ᠎ᠤ᠋ᠨ CBD ᠪᠣᠯᠤᠨ ᠵᠠᠰᠠᠭ ᠎ᠤ᠋ᠨ ᠶᠠᠪᠤᠳᠠᠯ ᠎ᠤ᠋ᠨ ᠦᠢᠯᠡᠴᠢᠯᠡᠭᠡᠨ᠎ ᠦ᠌ ᠲᠥᠪ ᠎ᠦ᠋ᠨ ᠪᠠᠢᠴᠠᠭᠠᠬᠤ ᠭᠠᠵᠠᠷ ᠂ ᠨᠡᠢᠭᠡᠮ ᠲᠣᠭᠣᠷᠢᠭ ᠎ᠤ᠋ᠨ ᠠᠵᠢᠯᠲᠠᠨ ᠪᠠ ᠡᠮᠨᠡᠯᠭᠡ ᠎ᠶ᠋ᠢᠨ ᠠᠵᠢᠯᠲᠠᠨ ᠎ᠢ᠋ ᠬᠠᠪᠰᠤᠷᠤᠨ ᠲᠠᠯᠠᠪᠤᠷ ᠭᠠᠵᠠᠷ ᠂ ᠡᠳ᠋ ᠪᠣᠳᠠᠰ ᠵᠥᠭᠡᠭᠡᠪᠦᠷᠢᠯᠡᠬᠦ ᠂ ᠪᠦᠬᠦ ᠣᠷᠣᠨ ᠪᠦᠰᠡ᠎ᠶ᠋ᠢᠨ ᠴᠥᠮ᠎ᠡ᠎ ᠶ᠋ᠢᠨ ᠬᠦᠴᠢᠯ᠎ ᠢ᠋ ᠰᠢᠯᠭᠠᠨ ᠪᠠᠢᠴᠠᠭᠠᠬᠤ ᠵᠡᠷᠭᠡ ᠠᠵᠢᠯ᠎ ᠢ᠋ ᠥᠷᠨᠢᠭᠦᠯᠪᠡ ᠃


  《 ᠨᠢᠭᠡ ᠮᠧᠲ᠋ᠷ ᠱᠤᠭᠤᠮ᠎ ᠤ᠋ᠨ ᠵᠠᠢ ᠶ᠋ᠢ ᠪᠠᠲᠤᠯᠠᠵᠤ ᠂ ᠠᠮᠠᠪᠴᠢ ᠵᠡᠭᠦᠬᠦ》 《 ᠨᠣᠮᠧᠷ᠎ ᠢ᠋ᠶ᠋ᠡᠨ ᠴᠢᠩᠭ᠎ᠠ ᠳᠠᠷᠤᠵᠤ ᠂ ᠬᠣᠶᠠᠷ ᠬᠡᠮᠵᠢᠯᠲᠦ ᠺᠣᠳ᠋ ᠢ᠋ ᠪᠡᠯᠡᠳᠬᠡᠭᠡᠷᠡᠢ 》 ᠭᠡᠵᠦ ᠬᠣᠲᠠ᠎ᠶ᠋ᠢᠨ ᠳᠤᠮᠳᠠ ᠵᠡᠷᠭᠡ ᠎ᠶ᠋ᠢᠨ ᠰᠤᠷᠭᠠᠭᠤᠯᠢ᠎ ᠶ᠋ᠢᠨ ᠰᠠᠢᠨ ᠳᠤᠷᠠᠴᠤᠳ ᠲᠤᠬᠠᠢ ᠎ᠶ᠋ᠢᠨ ᠲᠠᠯᠠᠪᠤᠷ ᠎ᠤ᠋ᠨ ᠡᠮᠬᠢ ᠲᠢᠭ᠌ᠯᠢᠮ ᠥᠴᠦᠬᠡᠨ ᠴᠦ᠍ ᠠᠯᠳᠠᠯ ᠦᠭᠡᠢ᠎ ᠪᠡᠷ ᠪᠠᠷᠢᠮᠲᠠᠯᠠᠵᠤ ᠂ ᠪᠥᠭᠡᠮ ᠬᠦᠴᠢᠯ᠎ ᠦ᠋ᠨ ᠶᠠᠩᠵᠤ ᠠᠪᠬᠤ ᠲᠡᠮᠳᠡᠭ ᠎ᠢ᠋ ᠲᠠᠷᠬᠠᠭᠠᠵᠤ ᠂ ᠰᠠᠭᠤᠭᠠᠯᠢ ᠠᠷᠠᠳ ᠎ᠤ᠋ᠨ ᠠᠰᠠᠭᠤᠨ ᠯᠠᠪᠯᠠᠯᠲᠠ᠎ ᠳ᠋ᠤ᠌ ᠬᠠᠯᠠᠰᠢᠷᠠᠯ ᠦᠭᠡᠢ᠎ ᠪᠡᠷ ᠬᠠᠷᠢᠭᠤᠯᠲᠠ ᠥᠭᠴᠦ ᠪᠠᠢᠯ᠎ᠠ ᠃
 ᠰᠡᠷᠭᠡᠢᠯᠡᠬᠦ ᠠᠵᠢᠯᠯᠠᠭ᠎ᠠ
  《ᠣᠳᠣ ᠶᠠᠭᠠᠬᠢᠳᠠᠭ ᠪᠢᠯᠡ ? ︖ ᠪᠥᠭᠡᠮ ᠬᠦᠴᠢᠯ ᠬᠢᠵᠦ ᠳᠡᠢᠯᠬᠦ ᠦᠭᠡᠢ ᠪᠣᠯᠵᠠᠢ !︕ 》 CBD—T5 ᠪᠦᠬᠡᠮ ᠬᠦᠴᠢᠯ ᠎ᠢ᠋ ᠰᠢᠯᠭᠠᠨ ᠪᠠᠢᠴᠠᠭᠠᠬᠤ ᠭᠠᠵᠠᠷ ᠲᠤ᠌ ᠂ ᠨᠢᠭᠡ ᠬᠡᠦᠬᠡᠳ ᠎ᠢ᠋ᠶ᠋ᠡᠨ ᠳᠠᠭᠠᠭᠤᠯᠤᠨ ᠰᠢᠯᠭᠠᠨ ᠪᠠᠢᠴᠠᠭᠠᠯᠲᠠ ᠬᠢᠭᠰᠡᠨ ᠡᠮᠡᠭᠲᠡᠢ ᠭᠠᠷ ᠤᠲᠠᠰᠤ ᠎ᠪᠠᠨ ᠡᠷᠭᠦᠨ ᠭᠠᠴᠢᠭᠳᠠᠵᠤ ᠪᠠᠢᠯ᠎ᠠ ᠃ ᠤᠤᠯ ᠨᠢ ᠂ ᠡᠨᠡ ᠡᠮᠡᠭᠲᠡᠢ ᠎ᠶ᠋ᠢᠨ ᠭᠠᠷ ᠤᠲᠠᠰᠤᠨ ᠎ᠤ᠋ ᠬᠠᠯᠬᠠᠪᠴᠢ ᠬᠠᠭᠠᠷᠠᠵᠠᠢ ᠂  ᠺᠣᠳ᠋ ᠎ᠢ᠋ ᠰᠢᠯᠵᠢᠭᠦᠯᠵᠦ ᠪᠣᠯᠬᠤ ᠦᠭᠡᠢ ᠂ ᠰᠢᠦᠢ ᠾᠦᠢ ᠪᠣᠯᠤᠨ ᠪᠤᠰᠤᠳ ᠬᠡᠳᠦᠨ ᠰᠠᠢᠨ ᠲᠤᠷᠠᠴᠤᠳ ᠎ᠠ᠋ᠴᠠ ᠭᠠᠷ ᠤᠲᠠᠰᠤ ᠎ᠶ᠋ᠢ ᠨᠠᠷᠢᠨ ᠬᠢᠨᠠᠮᠠᠭᠠᠢ ᠪᠠᠢᠴᠠᠭᠠᠨ ᠦᠵᠡᠬᠦ ᠳ᠋ᠤ  ᠦᠨᠡᠬᠡᠷ ᠠᠰᠠᠭᠤᠳᠠᠯ ᠭᠠᠷᠤᠭᠰᠠᠨ ᠪᠠᠢᠵᠠᠢ ᠃ ᠶᠠᠭ ᠠᠷᠭ᠎ᠠ ᠮᠤᠬᠤᠷᠳᠠᠨ ᠡᠷᠭᠢᠵᠦ ᠶᠠᠪᠤᠬᠤ ᠭᠡᠲᠡᠯ᠎ᠡ ᠰᠢᠦᠢ ᠾᠦᠢ ᠨᠢᠭᠡ ᠠᠷᠭ᠎ᠠ ᠪᠣᠳᠣᠵᠤ ᠂ ᠭᠠᠷ ᠤᠲᠠᠰᠤ ᠎ᠪᠠᠨ ᠨᠡᠭᠡᠭᠡᠵᠦ ᠂ ᠬᠠᠷᠢᠯᠴᠠᠬᠤ ᠬᠥᠮᠦᠰ᠎ᠦ᠋ᠨ ᠬᠦᠰᠦᠨᠦᠭᠲᠦ᠎ ᠳ᠋ᠦ᠍ ᠡᠮᠡᠭᠲᠡᠢᠴᠦᠳ ᠪᠠ ᠬᠡᠦᠬᠡᠳ᠎ ᠦ᠋ᠨ ᠮᠡᠳᠡᠭᠡ ᠵᠠᠩᠭᠢ ᠎ᠶ᠋ᠢ ᠲᠤᠰ ᠲᠤᠰ ᠬᠣᠶᠠᠷ ᠬᠡᠮᠵᠢᠯᠳᠦ ᠨᠣᠮᠧᠷ ᠪᠣᠯᠤᠨ ᠪᠦᠷᠢᠯᠳᠦᠵᠦ ᠂ ᠡᠮᠡᠭᠲᠡᠢᠴᠦᠳ ᠪᠠ ᠬᠡᠦᠬᠡᠳ ᠪᠦᠭᠡᠮ ᠬᠦᠴᠢᠯ ᠎ᠦ᠋ᠨ ᠪᠠᠢᠴᠠᠭᠠᠯᠲᠠ ᠤᠷᠤᠭᠰᠢᠲᠠᠢ ᠶᠠᠪᠤᠭᠳᠠᠭᠰᠠᠨ ᠪᠠᠢᠨ᠎ᠠ᠃ ᠡᠨᠡ ᠪᠣᠯ ᠶᠠᠯᠢᠮ ᠦᠭᠡᠢ ᠡᠩ ᠎ᠦ᠋ᠨ ᠶᠠᠪᠤᠳᠠᠯ ᠪᠣᠯᠤᠨ᠎ᠠ ᠂ ᠪᠤᠰᠤᠳ ᠰᠠᠢᠨ ᠲᠤᠷᠠᠴᠤᠳ᠎ ᠲᠠᠢ ᠭᠠᠷ ᠤᠲᠠᠰᠤ ᠬᠡᠷᠡᠭᠯᠡᠵᠦ ᠴᠢᠳᠠᠬᠤ ᠦᠭᠡᠢ ᠨᠠᠰᠤᠲᠠᠢᠴᠤᠳ ᠎ᠢ᠋ ᠬᠠᠯᠠᠭᠤᠨ ᠰᠡᠳᠬᠢᠯ᠎ ᠢ᠋ᠶ᠋ᠡᠷ ᠬᠠᠪᠰᠤᠷᠴᠤ ᠬᠣᠶᠠᠷ ᠬᠡᠮᠵᠢᠯᠲᠦ ᠺᠣᠳ᠋ ᠂ ᠬᠥᠯ ᠭᠠᠷ ᠨᠢ ᠳᠥᠭᠥᠮ ᠦᠭᠡᠢ ᠰᠠᠭᠤᠭᠠᠯᠢ ᠠᠷᠠᠳ ᠎ᠢ᠋ ᠬᠠᠯᠠᠮᠵᠢᠯᠠᠬᠤ ᠮᠥᠷᠲᠡᠭᠡᠨ ᠪᠠᠢᠴᠠᠭᠠᠬᠤ ᠴᠢᠭ᠌ ᠲᠦ᠍ ᠣᠷᠣᠵᠤ ᠂ ᠪᠢᠴᠢᠬᠠᠨ ᠬᠡᠦᠬᠡᠳ ᠎ᠢ᠋ ᠪᠠᠢᠴᠠᠭᠠᠨ ᠰᠢᠯᠭᠠᠬᠤ ᠴᠢᠭ᠌ ᠲᠦ᠍ ᠣᠷᠣᠵᠤ ᠪᠣᠯᠬᠤ ᠦᠭᠡᠢ ᠭᠡᠵᠦ ᠰᠠᠢᠨ ᠳᠤᠷ᠎ᠠ᠎ ᠠ᠋ᠴᠠ ᠎ᠪᠠᠨ ᠰᠠᠨᠠᠭᠤᠯᠵᠤ ᠪᠠᠢᠭ᠎ᠠ ᠵᠡᠷᠭᠡ ᠡᠭᠡᠯ ᠬᠥᠮᠦᠰ ᠎ᠦ᠋ᠨ ᠵᠢᠵᠢᠭ᠌ ᠰᠠᠵᠢᠭ ᠬᠡᠷᠡᠭ ᠶᠠᠪᠤᠳᠠᠯ ᠎ᠳ᠋ᠤ᠌ ᠬᠠᠯᠠᠭᠤᠨ ᠰᠡᠳᠬᠢᠯ᠎ ᠢ᠋ᠶ᠋ᠡᠷ ᠬᠠᠮᠤᠭ ᠎ᠤ᠋ᠨ ᠰᠠᠢᠨ ᠳᠤᠷ᠎ᠠ ᠎ᠶ᠋ᠢᠨ ᠦᠢᠯᠡᠴᠢᠯᠡᠭᠡ ᠎ᠶ᠋ᠢᠨ ᠴᠠᠭ ᠮᠥᠴᠡ ᠎ᠶ᠋ᠢ ᠦᠯᠡᠳᠡᠭᠡᠵᠦ ᠂ ᠬᠠᠷᠢᠯᠴᠠᠨ ᠲᠤᠰᠠᠯᠠᠯᠴᠠᠵᠤ ᠪᠠᠢᠭ᠎ᠠ ᠰᠠᠢᠨ ᠳᠤᠷ᠎ᠠ᠎ ᠶ᠋ᠢᠨ ᠦᠢᠯᠡᠴᠢᠯᠡᠭᠡ᠎ ᠶ᠋ᠢᠨ ᠵᠣᠷᠢᠭ ᠰᠠᠨᠠᠭ᠎ᠠ᠎ ᠶ᠋ᠢ ᠢᠯᠡᠷᠡᠭᠦᠯᠵᠦ ᠂ ᠠᠷᠠᠳ ᠎ᠤ᠋ᠨ ᠰᠢᠭᠦᠬᠦ ᠬᠣᠷᠢᠶᠠᠨ ᠤ᠋ ᠨᠠᠮ ᠎ᠤ᠋ᠨ ᠭᠡᠰᠢᠭᠦᠨ ᠦ᠌ ᠬᠣᠰᠢᠭᠤᠴᠢ ᠳᠦᠷᠢ ᠎ᠶ᠋ᠢ ᠭᠡᠷᠡᠯᠲᠦᠭᠦᠯᠵᠡᠢ ᠃


 

  ᠲᠤᠰ ᠤᠳᠠᠭ᠎ᠠ ᠎ᠶ᠋ᠢᠨ ᠠᠵᠢᠯᠯᠠᠭ᠎ᠠ ᠪᠣᠯ ᠣᠷᠳᠣᠰ ᠬᠣᠲᠠ ᠎ᠶ᠋ᠢᠨ ᠳᠤᠮᠳᠠ ᠵᠡᠷᠭᠡ᠎ ᠶ᠋ᠢᠨ ᠰᠢᠭᠦᠬᠦ ᠬᠣᠷᠢᠶ᠎ᠠ ᠎ᠶ᠋ᠢᠨ 《 ᠠᠵᠢᠯ ᠎ᠤ᠋ᠨ ᠪᠠᠢᠷᠢ ᠎ᠳ᠋ᠠᠬᠢ ᠨᠠᠮ᠎ ᠤ᠋ᠨ ᠭᠡᠰᠢᠭᠦᠨ ᠨᠡᠢᠭᠡᠮ ᠲᠣᠭᠣᠷᠢᠭ ᠎ᠲᠤ᠌ ᠣᠷᠣᠬᠤ 》 ᠠᠮᠢᠳᠤᠯᠢᠭ ᠦᠢᠯᠡᠳᠦᠯᠭᠡ ᠮᠥᠨ ᠂ ᠪᠠᠰᠠ ᠴᠤ《 ᠣᠯᠠᠨ ᠲᠦᠮᠡᠨ ᠳ᠋ᠦ᠍ ᠪᠣᠳᠠᠲᠤ ᠶᠠᠪᠤᠳᠠᠯ ᠬᠢᠵᠦ ᠵᠢᠱ᠌ᠢᠶ᠎ᠡ ᠦᠵᠡᠭᠦᠯᠬᠦ ᠰᠢᠭᠦᠬᠦ ᠬᠣᠷᠢᠶ᠎ᠠ 》 ᠶ᠋ᠢ ᠡᠭᠦᠳᠦᠨ ᠪᠠᠢᠭᠤᠯᠬᠤ ᠪᠣᠳᠠᠲᠠᠢ ᠠᠷᠭ᠎ᠠ ᠬᠡᠮᠵᠢᠶ᠎ᠡ ᠮᠥᠨ ᠃ ᠬᠣᠢᠰᠢᠳᠠ ᠂ ᠣᠷᠳᠣᠰ ᠬᠣᠲᠠ᠎ᠶ᠋ᠢᠨ ᠳᠤᠮᠳᠠ ᠵᠡᠷᠭᠡ᠎ ᠶ᠋ᠢᠨ ᠰᠢᠭᠦᠬᠦ ᠬᠣᠷᠢᠶ᠎ᠠ ᠤᠯᠤᠰ ᠲᠥᠷᠥ᠎ ᠶ᠋ᠢᠨ ᠬᠠᠷᠢᠭᠤᠴᠠᠯᠭᠠᠲᠤ ᠰᠡᠳᠬᠢᠯᠭᠡ ᠪᠠ ᠡᠭᠦᠷᠭᠡᠲᠦ ᠰᠡᠳᠬᠢᠯᠭᠡ᠎ ᠪᠡᠨ ᠲᠠᠰᠤᠷᠠᠯᠲᠠ ᠦᠭᠡᠢ ᠴᠢᠩᠭᠠᠳᠬᠠᠵᠤ ᠂ ᠴᠢᠩᠭ᠎ᠠ ᠮᠥᠷᠲᠡᠭᠡᠨ ᠨᠠᠷᠢᠨ ᠠᠷᠭ᠎ᠠ ᠬᠡᠮᠵᠢᠶ᠎ᠡ᠎ ᠪᠡᠷ ᠳᠡᠭᠡᠳᠦ ᠱᠠᠲᠤ ᠵᠢᠴᠢ ᠮᠠᠨ ᠎ᠤ᠋ ᠬᠣᠲᠠ᠎ᠶ᠋ᠢᠨ ᠬᠢᠵᠢᠭ᠌ ᠦ᠋ᠨ ᠪᠠᠢᠳᠠᠯ᠎ ᠢ᠋ ᠰᠡᠷᠭᠡᠢᠯᠡᠨ ᠬᠢᠵᠠᠭᠠᠷᠯᠠᠬᠤ ᠡᠯ᠎ᠡ ᠵᠦᠢᠯ᠎ ᠦ᠋ᠨ ᠪᠠᠢᠷᠢᠯᠠᠭᠤᠯᠤᠯᠲᠠ᠎ ᠶ᠋ᠢᠨ ᠱᠠᠭᠠᠷᠳᠠᠯᠭ᠎ᠠ᠎ ᠶ᠋ᠢ ᠲᠡᠷᠡ ᠬᠡᠪ᠎ ᠢ᠋ᠶ᠋ᠡᠷ ᠨᠢ ᠲᠤᠤᠱᠯᠠᠭᠤᠯᠤᠨ ᠨᠠᠢᠳᠠᠪᠤᠷᠢᠵᠢᠭᠤᠯᠵᠤ ᠂ ᠬᠢᠵᠢᠭ᠌ ᠎ᠢ᠋ ᠰᠡᠷᠭᠡᠢᠯᠡᠬᠦ ᠂ ᠬᠢᠨᠠᠨ ᠬᠡᠷᠡᠭᠵᠢᠭᠦᠯᠬᠦ ᠬᠣᠶᠠᠷ ᠎ᠢ᠋ ᠠᠯᠳᠠᠭ᠎ᠠ ᠦᠭᠡᠢ ᠪᠣᠯᠭᠠᠵᠤ ᠂ ᠬᠢᠵᠢᠭ᠌ ᠎ᠦ᠋ᠨ ᠪᠠᠢᠳᠠᠯ᠎ ᠢ᠋ ᠰᠡᠷᠭᠡᠢᠯᠡᠨ ᠡᠵᠡᠮᠳᠡᠬᠦ ᠡᠮᠬᠢ ᠳᠢᠬ᠌ᠯᠢᠮ ᠪᠠ ᠨᠡᠢᠭᠡᠮ ᠎ᠦ᠋ᠨ ᠡᠶ᠎ᠡ ᠵᠣᠬᠢᠴᠠᠯ ᠲᠣᠭᠲᠠᠭᠤᠨ ᠎ᠢ᠋ ᠪᠦᠲᠦᠮᠵᠢᠲᠡᠢ ᠬᠠᠮᠠᠭᠠᠯᠠᠬᠤ᠎ ᠳ᠋ᠤ᠌ ᠬᠠᠤᠯᠢ ᠴᠠᠭᠠᠵᠠ ᠎ᠶ᠋ᠢᠨ ᠪᠠᠲᠤᠯᠠᠭ᠎ᠠ ᠬᠠᠩᠭᠠᠬᠤ ᠪᠣᠯᠤᠨ᠎ᠠ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )