ᠭᠦᠢᠴᠡᠳᠬᠡᠬᠦ ᠴᠢᠨᠠᠷ ᠴᠢᠨᠰᠠᠭ᠎ᠠ ᠶ᠋ᠢ ᠤᠯᠠᠮ ᠳᠡᠭᠡᠭᠰᠢᠯᠡᠭᠦᠯᠵᠦ ᠂ ᠭᠦᠢᠴᠡᠳᠬᠡᠬᠦ ᠠᠵᠢᠯ ᠤ᠋ᠨ ᠰᠢᠨ᠎ᠡ ᠬᠥᠭᠵᠢᠯᠲᠡ ᠶ᠋ᠢ ᠠᠬᠢᠭᠤᠯᠵᠤ ᠂ ᠭᠦᠢᠴᠡᠳᠬᠡᠬᠦ ᠠᠵᠢᠯ ᠤ᠋ᠨ ᠳᠦᠷᠢᠮᠵᠢᠯ ᠲᠡᠢ ᠂ ᠥᠨᠳᠥᠷ ᠦᠷ᠎ᠡ ᠪᠦᠲᠦᠮᠵᠢᠲᠡᠢ ᠶᠠᠪᠤᠭᠳᠠᠬᠤ ᠶ᠋ᠢ ᠪᠠᠲᠤᠯᠠᠬᠤ ᠶ᠋ᠢᠨ ᠲᠥᠯᠥᠭᠡ ᠂ 9 ᠰᠠᠷ᠎ᠠ ᠶ᠋ᠢᠨ 9 ᠦ᠌ ᠦᠳᠡ ᠶ᠋ᠢᠨ ᠡᠮᠦᠨ᠎ᠡ ᠂ ᠪᠥᠬᠥ ᠬᠣᠲᠠ ᠶ᠋ᠢᠨ ᠰᠢᠭᠦᠬᠦ ᠬᠣᠷᠢᠶ᠎ᠠ ᠭᠦᠢᠴᠡᠳᠬᠡᠬᠦ ᠳ᠋ᠦ᠍ ᠬᠦᠴᠢᠷ ᠠᠰᠠᠭᠤᠳᠠᠯ ᠢ᠋ ᠦᠨᠡᠨᠬᠦ ᠰᠢᠢᠳᠪᠦᠷᠢᠯᠡᠬᠦ ᠠᠵᠢᠯ ᠢ᠋ ᠠᠬᠢᠭᠤᠯᠬᠤ ᠬᠤᠷᠠᠯ ᠵᠢᠴᠢ ᠬᠠᠤᠯᠢ ᠶ᠋ᠢ ᠵᠥᠷᠢᠴᠡᠭᠰᠡᠨ ᠶᠠᠯᠠᠲᠤ ᠠᠵᠢᠯᠯᠠᠭ᠎ᠠ ᠳ᠋ᠤ᠌ ᠴᠣᠬᠢᠯᠲᠠ ᠥᠭᠬᠦ ᠲᠤᠰᠬᠠᠢ ᠠᠵᠢᠯᠯᠠᠭᠠᠨ ᠤ᠋ ᠮᠡᠳᠡᠭᠦᠯᠦᠯᠲᠡ ᠶ᠋ᠢᠨ ᠬᠤᠷᠠᠯ ᠢ᠋ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠳ᠋ᠤ᠌ ᠬᠤᠷᠠᠯᠳᠤᠭᠤᠯᠵᠤ ᠂ ᠬᠤᠷᠠᠯ ᠢ᠋ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠭᠡᠢᠰᠭᠦᠨ ᠸᠠᠩ ᠯᠢᠶᠠᠩ ᠡᠷᠬᠢᠯᠡᠵᠦ ᠂ ᠭᠦᠢᠴᠡᠳᠬᠡᠬᠦ ᠲᠣᠪᠴᠢᠶ᠎ᠠ ᠶ᠋ᠢᠨ ᠪᠦᠬᠦ ᠺᠠᠲ᠋ᠷ ᠴᠠᠭᠳᠠᠭ᠎ᠠ ᠬᠤᠷᠠᠯ ᠤ᠋ᠨ ᠲᠠᠯᠠᠪᠠᠢ ᠳ᠋ᠤ᠌ ᠣᠷᠣᠯᠴᠠᠵᠤ ᠂ ᠡᠯ᠎ᠡ ᠦᠨᠳᠦᠰᠦᠨ ᠱᠠᠲᠤᠨ ᠤ᠋ ᠰᠢᠭᠦᠬᠦ ᠬᠣᠷᠢᠶᠠᠨ ᠤ᠋ ᠭᠦᠢᠴᠡᠳᠬᠡᠬᠦ ᠠᠵᠢᠯ ᠢ᠋ ᠬᠤᠪᠢᠳᠠᠨ ᠬᠠᠮᠢᠶᠠᠷᠴᠤ ᠭᠦᠢᠴᠡᠳᠬᠡᠬᠦ ᠬᠣᠷᠢᠶᠠᠨ ᠤ᠋ ᠤᠳᠤᠷᠢᠳᠤᠯᠭ᠎ᠠ ᠂ ᠭᠦᠢᠴᠡᠳᠬᠡᠬᠦ ᠲᠣᠪᠴᠢᠶ᠎ᠠ ᠶ᠋ᠢᠨ ᠪᠦᠬᠦ ᠺᠠᠲ᠋ᠷ ᠴᠠᠭᠳᠠᠭ᠎ᠠ ᠨᠠᠷ ᠬᠤᠪᠢᠶᠠᠷᠢ ᠬᠤᠷᠠᠯ ᠤ᠋ᠨ ᠲᠠᠯᠠᠪᠠᠢ ᠶ᠋ᠢᠨ ᠬᠤᠷᠠᠯ ᠳ᠋ᠤ᠌ ᠣᠷᠣᠯᠴᠠᠪᠠ ᠃
ᠬᠤᠷᠠᠯ ᠡᠴᠡ 2022 ᠣᠨ ᠤ᠋ 1 ︱ 8 ᠰᠠᠷ᠎ᠠ ᠪᠣᠯᠲᠠᠯ᠎ᠠ ᠪᠥᠬᠥ ᠬᠣᠲᠠ ᠶ᠋ᠢᠨ ᠰᠢᠭᠦᠬᠦ ᠬᠣᠷᠢᠶ᠎ᠠ ᠶ᠋ᠢᠨ ᠭᠦᠢᠴᠡᠳᠬᠡᠬᠦ ᠴᠢᠨᠠᠷ ᠦᠷ᠎ᠡ ᠠᠰᠢᠭ ᠤ᠋ᠨ ᠭᠦᠢᠴᠡᠳᠬᠡᠯ ᠲᠣᠭ᠎ᠠ ᠶ᠋ᠢ ᠪᠡᠶᠡᠯᠡᠭᠦᠯᠦᠭᠰᠡᠨ ᠪᠠᠢᠳᠠᠯ ᠢ᠋ ᠮᠡᠳᠡᠭᠳᠡᠵᠦ ᠂ ᠬᠠᠤᠯᠢ ᠪᠤᠰᠤ ᠶᠠᠯᠠᠲᠤ ᠠᠵᠢᠯᠯᠠᠭ᠎ᠠ ᠳ᠋ᠤ᠌ ᠴᠣᠬᠢᠯᠲᠠ ᠥᠭᠬᠦ ᠲᠤᠰᠬᠠᠢ ᠠᠵᠢᠯᠯᠠᠭ᠎ᠠ ᠶ᠋ᠢᠨ ᠲᠡᠢᠨ ᠦ᠌ ᠮᠡᠳᠡᠭᠦᠯᠦᠯᠲᠡ ᠶ᠋ᠢ ᠨᠡᠪᠲᠡᠷᠡᠭᠦᠯᠵᠦ ᠂ 《ᠠᠷᠠᠳ ᠤ᠋ᠨ ᠳᠡᠭᠡᠳᠦ ᠰᠢᠭᠦᠬᠦ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠤ᠋ ᠥᠨᠳᠥᠷ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠭᠦᠢᠴᠡᠳᠬᠡᠬᠦ ᠠᠵᠢᠯᠯᠠᠭ᠎ᠠ ᠶ᠋ᠢ ᠤᠯᠠᠮ ᠨᠢᠭᠡ ᠠᠯᠬᠤᠮ ᠳᠦᠷᠢᠮᠵᠢᠭᠦᠯᠵᠦ ᠭᠦᠢᠴᠡᠳᠬᠡᠬᠦ ᠠᠶᠤᠯ ᠲᠦᠭᠰᠢᠭᠦᠷᠢ ᠶ᠋ᠢ ᠦᠨᠡᠨᠬᠦ ᠰᠡᠷᠭᠡᠢᠯᠡᠬᠦ ᠪᠠ ᠠᠷᠢᠯᠭᠠᠬᠤ ᠬᠠᠮᠢᠶ᠎ᠠ ᠪᠦᠬᠦᠢ ᠠᠵᠢᠯ᠎ᠤ᠋ᠨ ᠮᠡᠳᠡᠭᠳᠡᠯ 》 ᠂ 《 ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠭᠦᠢᠴᠡᠳᠬᠡᠬᠦ ᠲᠣᠪᠴᠢᠶ᠎ᠠ ᠶ᠋ᠢᠨ ᠠᠷᠠᠳ ᠤ᠋ᠨ ᠰᠢᠭᠦᠬᠦ ᠬᠣᠷᠢᠶ᠎ᠠ ᠶ᠋ᠢᠨ ᠭᠦᠢᠴᠡᠳᠬᠡᠬᠦ ᠲᠠᠰᠤᠯᠤᠯᠲᠠ ᠂ ᠲᠣᠭᠲᠠᠭᠠᠯᠲᠠ ᠡᠷᠡᠭᠦᠦᠶ᠋ᠢᠨ ᠬᠡᠷᠡᠭ ᠦ᠋ᠨ ᠰᠦᠪᠡᠭᠴᠢ ᠶ᠋ᠢ ᠭᠦᠢᠴᠡᠳᠬᠡᠬᠦ ᠶ᠋ᠢ ᠲᠡᠪᠴᠢᠭᠰᠡᠨ ᠬᠠᠮᠢᠶ᠎ᠠ ᠪᠥᠬᠥᠢ ᠠᠰᠠᠭᠤᠳᠠᠯ ᠤ᠋ᠨ ᠲᠤᠬᠠᠢ ᠮᠡᠳᠡᠭᠳᠡᠯ 》 ᠢ᠋ ᠤᠩᠰᠢᠨ ᠨᠡᠢᠲᠡᠯᠡᠵᠦ ᠂ ᠡᠯ᠎ᠡ ᠰᠢᠭᠦᠬᠦ ᠬᠣᠷᠢᠶ᠎ᠠ ᠭᠦᠢᠴᠡᠳᠬᠡᠬᠦ ᠠᠵᠢᠯᠯᠠᠭ᠎ᠠ ᠳ᠋ᠤ᠌ ᠴᠣᠬᠢᠯᠲᠠ ᠥᠭᠬᠦ ᠦᠭᠡᠢ ᠪᠠᠢᠳᠠᠯ ᠵᠢᠴᠢ ᠣᠷᠣᠰᠢᠵᠤ ᠪᠠᠢᠭ᠎ᠠ ᠠᠰᠠᠭᠤᠳᠠᠯ ᠢ᠋ ᠬᠠᠷᠢᠭᠤ ᠮᠡᠳᠡᠭᠦᠯᠪᠡ ᠃
ᠬᠤᠷᠠᠯ ᠠ᠋ᠴᠠ ᠴᠢᠬᠤᠯᠠᠴᠢᠯᠠᠭᠰᠠᠨ ᠨᠢ ᠂ ᠨᠢᠭᠡ ᠳ᠋ᠦ᠍ ᠭᠦᠢᠴᠡᠳᠬᠡᠬᠦ ᠡᠩᠨᠡᠭᠡᠨ ᠦ᠌ ᠬᠠᠤᠯᠢ ᠬᠡᠷᠡᠭᠵᠢᠭᠦᠯᠬᠦ ᠰᠤᠷᠲᠠᠯ ᠤ᠋ᠨ ᠪᠠᠢᠭᠤᠯᠤᠯᠲᠠ ᠪᠣᠯᠤᠨ ᠨᠠᠷᠢᠯᠢᠭᠵᠢᠭᠤᠯᠤᠭᠰᠠᠨ ᠬᠠᠮᠢᠶᠠᠷᠤᠯᠲᠠ ᠶ᠋ᠢ ᠴᠢᠩᠭᠠᠳᠬᠠᠵᠤ ᠂ ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ ᠺᠠᠲ᠋ᠷ ᠴᠠᠭᠳᠠᠭ᠎ᠠ 《 ᠣᠯᠠᠨ ᠲᠦᠮᠡᠨ ᠦ᠌ ᠠᠰᠢᠭ ᠲᠤᠰᠠ ᠪᠠᠭ᠎ᠠ ᠶᠠᠪᠤᠳᠠᠯ ᠦᠭᠡᠢ 》 ᠠᠵᠢᠯ ᠤ᠋ᠨ ᠣᠢᠯᠠᠭᠠᠭᠳᠠᠬᠤᠨ ᠢ᠋ ᠪᠠᠲᠤ ᠪᠣᠢ ᠪᠣᠯᠭᠠᠵᠤ ᠂ ᠠᠷᠠᠳ ᠤ᠋ᠨ ᠲᠥᠯᠥᠭᠡ ᠬᠠᠤᠯᠢ ᠬᠡᠷᠡᠭᠵᠢᠭᠦᠯᠬᠦ ᠂ ᠲᠥᠪ ᠭᠣᠣᠯᠴᠢ ᠪᠠᠷ ᠬᠠᠤᠯᠢ ᠪᠠᠷᠢᠬᠤ ᠶ᠋ᠢ ᠭᠦᠨᠵᠡᠭᠡᠢ ᠦᠢᠯᠡᠳᠦᠯᠭᠡᠵᠢᠭᠦᠯᠵᠦ ᠂ ᠣᠯᠠᠨ ᠲᠦᠮᠡᠨ ᠦ᠌ ᠭᠦᠢᠴᠡᠳᠬᠡᠬᠦ ᠠᠵᠢᠯ ᠤ᠋ᠨ ᠬᠠᠨᠤᠮᠵᠢ ᠶ᠋ᠢᠨ ᠬᠡᠮᠵᠢᠶ᠎ᠡ ᠶ᠋ᠢ ᠦᠨᠡᠨᠬᠦ ᠳᠡᠭᠡᠭᠰᠢᠯᠡᠭᠦᠯᠬᠦ ᠬᠡᠷᠡᠭᠲᠡᠢ ︔ ᠬᠣᠶᠠᠷ ᠲᠤ᠌ ᠭᠦᠢᠴᠡᠳᠬᠡᠬᠦ ᠴᠢᠨᠠᠷ ᠪᠦᠲᠦᠮᠵᠢ ᠪᠡᠨ ᠦᠨᠡᠨᠬᠦ ᠳᠡᠭᠡᠭᠰᠢᠯᠡᠭᠦᠯᠵᠦ ᠂ ᠭᠦᠢᠴᠡᠳᠬᠡᠬᠦ ᠲᠣᠭᠠᠨ ᠤ᠋ ᠲᠣᠭᠲᠠᠯᠴᠠᠭ᠎ᠠ ᠶ᠋ᠢ ᠴᠢᠩᠭ᠎ᠠ ᠠᠳᠬᠤᠵᠤ ᠂ ᠭᠦᠢᠴᠡᠳᠬᠡᠬᠦ ᠪᠠᠢᠳᠠᠯ ᠢ᠋ ᠵᠠᠳᠠᠯᠤᠨ ᠮᠠᠭᠠᠳᠯᠠᠵᠤ ᠂ ᠪᠠᠭᠤᠷᠠᠢ ᠲᠠᠯ᠎ᠠ ᠶ᠋ᠢᠨ ᠭᠦᠢᠴᠡᠳᠬᠡᠬᠦ ᠲᠣᠭ᠎ᠠ ᠶ᠋ᠢ ᠳᠡᠭᠡᠭᠰᠢᠯᠡᠭᠦᠯᠬᠦᠶ᠋ᠢ ᠴᠢᠩᠭᠠᠳᠬᠠᠨ ᠂ ᠤᠷᠲᠤ ᠬᠤᠭᠤᠴᠠᠭ᠎ᠠ ᠳᠠᠭᠤᠰᠤᠭᠠᠳᠤᠢ ᠬᠡᠷᠡᠭ ᠵᠡᠷᠭᠡ ᠪᠠᠭᠤᠷᠠᠢ ᠲᠠᠯ᠎ᠠ ᠳ᠋ᠤ᠌ ᠴᠡᠭᠴᠡᠯᠡᠯᠲᠡ ᠬᠢᠵᠦ ᠂ ᠴᠡᠭᠴᠡᠯᠡᠨ ᠰᠠᠢᠵᠢᠷᠠᠭᠤᠯᠵᠤ ᠨᠠᠢᠳᠠᠪᠤᠷᠢᠵᠢᠭᠤᠯᠬᠤ ᠶ᠋ᠢ ᠰᠠᠢᠲᠤᠷ ᠠᠳᠬᠤᠨ ᠂ ᠭᠦᠢᠴᠡᠳᠬᠡᠬᠦ ᠴᠢᠨᠠᠷ ᠪᠦᠲᠦᠮᠵᠢᠪᠡᠨ ᠲᠠᠰᠤᠷᠠᠯᠲᠠ ᠦᠭᠡᠢ ᠳᠡᠭᠡᠭᠰᠢᠯᠡᠭᠦᠯᠬᠦ ᠬᠡᠷᠡᠭᠲᠡᠢ ︔ ᠭᠤᠷᠪᠠ ᠳ᠋ᠤ᠌ ᠂ 《 ᠶᠠᠯ᠎ᠠ ᠬᠢᠬᠦ ᠶ᠋ᠢ ᠲᠡᠪᠴᠢᠭᠰᠡᠨ 》 ᠳ᠋ᠦ᠍ ᠴᠢᠩᠭ᠎ᠠ ᠴᠣᠬᠢᠯᠲᠠ ᠥᠭᠴᠦ ᠂ ᠬᠠᠷᠢᠭᠤᠴᠠᠯᠭ᠎ᠠ ᠡᠭᠦᠷᠭᠡᠯᠡᠯ ᠢ᠋ᠶ᠋ᠡᠨ ᠴᠢᠩᠭᠠᠳᠬᠠᠨ ᠂ ᠡᠭᠦᠷᠭᠡ ᠬᠠᠷᠢᠭᠤᠴᠠᠯᠭ᠎ᠠ ᠪᠠᠨ ᠢᠳᠡᠪᠬᠢᠲᠡᠢ ᠭᠦᠢᠴᠡᠳᠬᠡᠵᠦ ᠂ ᠶᠠᠯᠠᠲᠤ ᠬᠡᠷᠡᠭ ᠢ᠋ ᠲᠡᠪᠴᠢᠬᠦᠶ᠋ᠢ ᠡᠷᠡᠰ ᠴᠢᠩᠭ᠎ᠠ ᠠᠳᠬᠤᠵᠤ ᠶᠠᠰᠤ ᠴᠢᠨᠠᠷ ᠢ᠋ ᠰᠢᠯᠵᠢᠭᠦᠯᠦᠨ ᠂ 《ᠯᠠᠢᠢᠮᠤᠷᠴᠢ 》 ᠳ᠋ᠦ᠍ ᠴᠣᠬᠢᠯᠲᠠ ᠥᠭᠴᠦ ᠂ ᠨᠡᠢᠭᠡᠮ ᠦ᠋ᠨ ᠰᠠᠢᠨ ᠦᠷ᠎ᠡ ᠪᠦᠲᠦᠮᠵᠢ ᠶ᠋ᠢ ᠡᠷᠬᠢᠮᠯᠡᠨ ᠳᠡᠭᠡᠭᠰᠢᠯᠡᠭᠦᠯᠬᠦ ᠬᠡᠷᠡᠭᠲᠡᠢ ᠃
ᠦᠨᠡᠯᠡᠬᠦ 0ᠦᠨᠡᠯᠡᠯᠲᠡ᠎ᠲᠠᠢ