ᠨᠠᠰᠤᠲᠠᠨ ᠢ ᠮᠡᠬᠡᠯᠡᠬᠦ ᠳ᠋ᠦ᠍ ᠴᠣᠬᠢᠯᠲᠠ ᠥᠭᠬᠦ ᠠᠩᠬᠠᠨ ᠤ᠋ ᠡᠭᠦᠳᠦᠯᠲᠡ ᠶ᠋ᠢᠨ ᠱᠣᠭ ᠵᠢᠷᠤᠭ ︱ ᠨᠠᠰᠤᠲᠠᠨ ᠢ᠋ ᠬᠠᠭᠤᠷᠠᠬᠤ ᠠᠷᠭ᠎ᠠ ᠬᠡᠯᠪᠡᠷᠢ ᠣᠯᠠᠨ ᠂ ᠰᠡᠷᠭᠡᠢᠯᠡᠬᠦ ᠶ᠋ᠢ ᠴᠢᠩᠭᠠᠳᠬᠠᠬᠤ ᠨᠢ ᠵᠠᠩᠭᠢᠯᠠᠭ᠎ᠠ ᠪᠣᠯᠤᠨ᠎ᠠ
2022.05.23 ᠲᠣᠰ ᠥᠷᠲᠡᠭᠡᠨ᠎ᠦ ᠨᠠᠢᠷᠠᠭᠤᠯᠤᠭᠴᠢ

     ᠨᠠᠰᠤᠲᠠᠨ ᠢ᠋  ᠵᠠᠯᠢᠯᠠᠨ ᠮᠡᠬᠡᠯᠡᠬᠦ ᠪᠣᠯ ᠨᠡᠢᠭᠡᠮ ᠦ᠋ᠨ ᠲᠣᠭᠲᠠᠭᠤᠨ ᠪᠠᠢᠳᠠᠯ ᠢ᠋ ᠨᠥᠯᠥᠭᠡᠯᠡᠵᠦ ᠂ ᠣᠯᠠᠨ ᠨᠡᠢᠲᠡ ᠶ᠋ᠢᠨ ᠡᠮᠬᠢ ᠵᠢᠷᠤᠮ ᠢ᠋ ᠡᠪᠳᠡᠭᠰᠡᠨ ᠣᠯᠠᠨ ᠨᠡᠢᠲᠡ ᠳ᠋ᠦ᠍ ᠬᠣᠯᠪᠣᠭᠳᠠᠭᠰᠠᠨ ᠶᠠᠯᠠᠲᠤ ᠠᠵᠢᠯᠯᠠᠭ᠎ᠠ ᠮᠥᠨ ᠃

     ᠤᠢᠷ᠎ᠠ ᠵᠢᠨ ᠵᠢᠯ  ᠳᠤ ᠂  ᠵᠠᠷᠢᠮ ᠬᠠᠤᠯᠢ ᠪᠤᠰᠤ ᠡᠲᠡᠭᠡᠳ 《 ᠨᠠᠰᠤᠲᠠᠳ ᠲᠤ᠌ ᠦᠢᠯᠡᠴᠢᠯᠡᠬᠦ 》  ᠂ 《 ᠨᠠᠰᠤᠲᠠᠳ ᠢ᠋ ᠬᠠᠯᠠᠮᠵᠢᠯᠠᠬᠤ 》 ᠭᠡᠰᠡᠨ ᠨᠡᠷ᠎ᠡ ᠪᠡᠷ ᠳᠠᠯᠠᠯᠤᠨ ᠮᠡᠬᠡᠯᠡᠵᠦ ᠂ ᠵᠠᠷᠢᠮ ᠨᠠᠰᠤᠲᠠᠢᠴᠤᠳ ᠬᠠᠭᠤᠷᠲᠠᠭᠴᠢᠳ ᠢ᠋ 《 ᠬᠠᠯᠠᠭᠤᠨ ᠰᠡᠳᠬᠢᠯᠭᠡ ᠶ᠋ᠢᠨ ᠬᠠᠷᠠᠭᠠᠯᠵᠠᠯ 》  ᠳ᠋ᠤ᠌ ᠰᠡᠳᠬᠢᠯ ᠬᠥᠳᠡᠯᠦᠨ ᠂ 《 ᠪᠡᠶ᠎ᠡ ᠰᠤᠪᠢᠯᠠᠵᠤ ᠡᠷᠡᠭᠦᠯ ᠮᠡᠨᠳᠦ ᠶ᠋ᠢ ᠬᠠᠮᠠᠭᠠᠯᠠᠬᠤ 》 ᠂ 《 ᠭᠡᠷ ᠪᠠᠢᠰᠢᠩ ᠢ᠋ᠶ᠋ᠠᠷ ᠨᠠᠰᠤᠲᠠᠨ ᠢ᠋ ᠠᠰᠠᠷᠠᠬᠤ 》 ᠂ 《 ᠪᠡᠯᠡ ᠣᠷᠣᠭᠤᠯᠤᠨ ᠨᠠᠰᠤᠲᠠᠨ ᠢ᠋ ᠠᠰᠠᠷᠠᠬᠤ 》 ᠭᠡᠬᠦ ᠰᠠᠢᠬᠠᠨ  ᠵᠡᠭᠦᠳᠦᠨ  ᠳ᠋ᠤ᠌  ᠭᠤᠷᠢᠲᠠᠵᠤ ᠂ ᠡᠭᠦᠨ ᠦ᠌ ᠳ᠋ᠦᠩ ᠳ᠋ᠦ᠍  ᠬᠡᠳᠦᠨ ᠮᠢᠩᠭ᠎ᠠ ᠂ ᠬᠡᠳᠦᠨ ᠲᠦᠮᠡ ᠴᠢᠨᠠᠭᠰᠢᠯᠠᠪᠠᠯ ᠬᠡᠳᠦᠨ ᠠᠷᠪᠠᠨ ᠲᠦᠮᠡᠨ  ᠵᠤᠭᠤᠰ  ᠮᠡᠬᠡᠯᠡᠭᠳᠡᠭᠰᠡᠨ ᠪᠠᠢᠨ᠎ᠠ ᠃ 《 ᠲᠥᠯᠥᠪᠦᠷᠢ ᠦᠭᠡᠢ ᠬᠢᠴᠢᠶᠡᠯ ᠰᠣᠨᠣᠰᠴᠤ ᠂ ᠬᠤᠪᠢ ᠬᠥᠮᠦᠨ ᠦ᠌ ᠮᠡᠳᠡᠭᠡᠯᠡᠯ ᠢ᠋ ᠪᠦᠷᠢᠳᠬᠡᠪᠡᠯ ᠲᠠᠬᠢᠶᠠᠨ ᠥᠨᠳᠡᠭᠡ ᠥᠭᠭᠦᠨ᠎ᠡ ᠁ 》

 ᠲᠠ ᠵᠣᠭᠣᠰ ᠢ᠋ᠶ᠋ᠠᠨ ᠨᠠᠳᠠ ᠥᠭᠭᠦᠭᠡᠴᠢ ᠂ ᠪᠢ ᠲᠠᠨ ᠳ᠋ᠤ᠌ ᠨᠠᠰᠤᠵᠢᠯ ᠤ᠋ᠨ ᠠᠰᠠᠷᠠᠮᠵᠢ ᠶ᠋ᠢᠨ ᠮᠥᠩᠭᠥ ᠨᠥᠬᠥᠵᠦ ᠲᠤᠰᠢᠶᠠᠬᠤ ᠭᠠᠷ ᠭᠦᠢᠴᠡᠳᠬᠡᠯ ᠬᠢᠵᠦ ᠦᠭᠬᠦᠶ᠎ᠡ ᠁  

《 ᠡᠨᠡ ᠬᠥᠷᠥᠩᠭᠡ ᠣᠷᠣᠭᠤᠯᠤᠯᠲᠠ ᠶᠡᠬᠡ ᠠᠴᠢ ᠬᠠᠷᠢᠭᠤᠯᠳᠠᠭ ᠂ ᠡᠷᠦᠰᠳᠡᠯ ᠪᠠᠭ᠎ᠠ ᠂ ᠲᠠ ᠮᠥᠩᠭᠥ ᠪᠡᠨ ᠣᠷᠣᠭᠤᠯᠬᠤ ᠨᠢ ᠯᠠᠪ ᠰᠠᠢᠨ ᠪᠠᠢᠨ᠎ᠠ 》  

ᠳᠣᠣᠷᠠᠬᠢ ᠱᠣᠭ ᠵᠢᠷᠤᠭ ᠢ᠋ ᠦᠵᠡᠭᠡᠷᠡᠢ ᠣᠢᠯᠠᠭᠠᠵᠤ ᠦᠵᠡ

ᠪᠡᠶ᠎ᠡ ᠰᠤᠪᠢᠯᠠᠬᠤ ᠡᠷᠡᠭᠦᠯᠵᠢᠯ ᠦ᠋ᠨ ᠮᠡᠬᠡᠯᠡᠯᠲᠡ

 

 

   

      ᠠᠭᠤᠳᠠᠮ ᠲᠠᠯᠠᠪᠠᠢ ᠳᠡᠭᠡᠷ᠎ᠡ᠂ ᠪᠠᠭ᠎ᠠ ᠲᠣᠭᠣᠷᠢᠭ  ᠤᠨ ᠨᠠᠰᠤᠲᠠᠳ  ᠢ  ᠲᠥᠪᠯᠡᠷᠡᠨ ᠵᠣᠬᠢᠶᠠᠨ ᠪᠠᠢᠭᠤᠯᠵᠤ ᠵᠠᠷᠢᠮ ᠵᠦᠢᠯ ᠦ᠋ᠨ ᠡᠷᠡᠭᠦᠯᠵᠢᠯ ᠦ᠋ᠨ ᠪᠦᠲᠦᠭᠡᠭᠳᠡᠬᠦᠨ ᠢ᠋ 《 ᠪᠡᠶᠡᠴᠢᠯᠡᠨ ᠣᠢᠯᠠᠭᠠᠬᠤ 》 ᠮᠥᠷᠲᠡᠭᠡᠨ ᠨᠠᠰᠤᠲᠠᠢᠴᠤᠳ ᠲᠤ᠌ 《 ᠪᠡᠶ᠎ᠡ ᠰᠤᠪᠢᠯᠠᠬᠤ ᠦᠵᠡᠯᠲᠡ 》 ᠶ᠋ᠢ ᠨᠡᠪᠲᠡᠷᠡᠭᠦᠯᠵᠦ ᠂ ᠨᠠᠰᠤᠲᠠᠳ ᠲᠤ᠌ ᠦᠨ᠎ᠡ ᠨᠢ ᠥᠨᠳᠥᠷ ᠂ ᠴᠢᠳᠠᠮᠵᠢ ᠪᠠᠷ ᠶᠡᠬᠡ ᠡᠷᠡᠭᠦᠯᠵᠢᠯ ᠦ᠋ᠨ ᠦᠢᠯᠡᠳᠬᠦᠨ ᠬᠤᠳᠠᠯᠳᠤᠨ ᠠᠪᠤᠭᠤᠯᠬᠤ ︔ ᠵᠠᠷᠢᠮ ᠨᠢ ᠪᠣᠷᠣᠯᠠᠭᠤᠯᠬᠤ ᠤᠲᠠᠰᠤ ᠪᠤᠶᠤ ᠰᠦᠯᠵᠢᠶ᠎ᠡ ᠪᠡᠷ ᠳᠠᠮᠵᠢᠨ ᠥᠨᠳᠥᠷ ᠦᠨ᠎ᠡ ᠪᠦᠬᠦᠢ ᠪᠡᠶ᠎ᠡ ᠴᠢᠭᠢᠷᠠᠭᠵᠢᠭᠤᠯᠬᠤ ᠦᠢᠯᠡᠳᠬᠦᠨ ᠬᠤᠳᠠᠯᠳᠤᠨ ᠠᠪᠬᠤ ᠶ᠋ᠢ ᠬᠥᠭᠡᠷᠭᠡᠳᠡᠵᠦ ᠪᠣᠢ ︔ ᠵᠠᠷᠢᠮ ᠨᠢ ᠨᠠᠰᠤᠲᠠᠢᠴᠤᠳ ᠢ᠋ 《 ᠲᠥᠯᠥᠪᠦᠷᠢ ᠦᠭᠡᠢ ᠠᠶᠠᠯᠠᠯ ᠵᠢᠭᠤᠯᠴᠢᠯᠠᠯ 》 ᠤ᠋ᠨ ᠠᠷᠭ᠎ᠠ ᠵᠠᠮ ᠳᠡᠭᠡᠷ᠎ᠡ ᠲᠣᠬᠢᠷᠠᠭᠤᠯᠤᠨ ᠂  《 ᠮᠡᠷᠭᠡᠵᠢᠯᠲᠡᠨ》  ᠬᠡᠮᠡᠵᠦ   ᠡᠷᠡᠭᠦᠯᠵᠢᠯ ᠦᠨ ᠡᠮ ᠢ ᠬᠤᠳᠠᠯᠳᠤᠵᠤ ᠪᠠᠢᠳᠠᠭ  ᠃  ᠣᠯᠠᠩᠬᠢ ᠬᠡᠷᠡᠭ ᠦ᠋ᠨ ᠵᠢᠱ᠌ᠢᠶ᠎ᠡ᠎ᠡᠴᠡ ᠦᠵᠡᠪᠡᠯ ᠂ ᠹᠢᠽᠢᠣᠯᠣᠭᠢ ᠂ ᠰᠡᠳᠬᠢᠴᠡ ᠶ᠋ᠢᠨ ᠬᠦᠴᠦᠨ ᠵᠦᠢᠯ ᠪᠣᠯᠤᠨ ᠨᠡᠢᠭᠡᠮ ᠦ᠋ᠨ ᠬᠦᠴᠦᠨ ᠵᠦᠢᠯ ᠦ᠋ᠨ ᠨᠥᠯᠥᠭᠡ᠎ ᠡᠴᠡ ᠪᠣᠯᠵᠤ ᠂ ᠨᠠᠰᠤᠲᠠᠢᠴᠤᠳ ᠤ᠋ᠨ ᠡᠷᠡᠭᠦᠯ ᠮᠡᠨᠳᠦ ᠪᠡᠶ᠎ᠡ ᠰᠤᠪᠢᠯᠠᠬᠤ ᠰᠡᠳᠬᠢᠯ ᠨᠢ ᠮᠡᠬᠡᠯᠡᠭᠴᠢ ᠶ᠋ᠢᠨ ᠮᠡᠬᠡᠯᠡᠬᠦ ᠬᠠᠷᠠᠯᠲᠠ ᠪᠠᠨ ᠪᠣᠯᠳᠠᠭ ᠪᠠᠢᠨ᠎ᠠ ᠃ 

       ᠰᠢᠭᠦᠬᠦ ᠲᠤᠰᠢᠶᠠᠯᠲᠠᠨ ᠤ᠋ ᠰᠠᠨᠠᠭᠤᠯᠤᠮᠵᠢ᠌᠄  ᠡᠷᠡᠭᠦᠯᠵᠢᠯ ᠦᠨ  ᠪᠦᠲᠦᠭᠡᠭᠳᠡᠬᠦᠨ ᠦ᠌ ᠮᠡᠬᠡᠯᠡᠯ ᠦ᠋ᠨ ᠡᠮᠦᠨ᠎ᠡ ᠂ ᠰᠢᠨᠵᠢᠯᠡᠬᠦ ᠤᠬᠠᠭᠠᠨ ᠢ᠋ ᠢᠲᠡᠭᠡᠵᠦ ᠂ ᠡᠪᠡᠳᠴᠢᠯᠡᠪᠡᠯ ᠴᠠᠭ ᠲᠤᠬᠠᠢ ᠳ᠋ᠤᠨᠢ ᠡᠪᠡᠳᠴᠢᠨ ᠢ᠋ᠶ᠋ᠡᠨ ᠡᠮᠨᠡᠭᠦᠯᠬᠦ ᠬᠡᠷᠡᠭᠲᠡᠢ ᠂ ᠡᠮᠴᠢ ᠶ᠋ᠢᠨ ᠮᠡᠷᠭᠡᠵᠢᠯ ᠪᠠ ᠴᠢᠳᠠᠪᠤᠷᠢ ᠶ᠋ᠢ ᠢᠲᠡᠭᠡᠬᠦ ᠬᠡᠷᠡᠭᠲᠡᠢ ᠂ ᠬᠠᠤᠯᠢ ᠪᠤᠰᠤ ᠠᠷᠭ᠎ᠠ ᠵᠠᠮ ᠢ᠋ᠶ᠋ᠠᠷ ᠡᠷᠡᠭᠦᠯ ᠮᠡᠨᠳᠦ ᠶ᠋ᠢᠨ ᠡᠳ᠋ ᠬᠤᠳᠠᠯᠳᠤᠨ ᠠᠪᠴᠤ ᠪᠣᠯᠬᠤ ᠦᠭᠡᠢ ᠂ ᠡᠷᠡᠭᠦᠯ ᠮᠡᠨᠳᠦ ᠶ᠋ᠢᠨ ᠡᠳ᠋ ᠡᠪᠡᠳᠴᠢᠨ ᠡᠮᠭᠡᠭ ᠢ᠋ ᠲᠤᠢᠯᠪᠤᠷᠢᠲᠠᠢ ᠵᠠᠰᠠᠵᠤ ᠡᠳᠡᠭᠡᠷᠡᠭᠦᠯᠵᠦ ᠴᠢᠳᠠᠬᠤ ᠦᠭᠡᠢ ᠂ ᠡᠭᠦᠨ ᠦ᠌ ᠡᠰᠡᠷᠭᠦ ᠪᠡᠷ ᠂ ᠬᠠᠭᠤᠷᠮᠠᠭ ᠡᠷᠡᠭᠦᠯ ᠮᠡᠨᠳᠦ ᠶ᠋ᠢᠨ ᠡᠳ᠋ ᠨᠢ ᠬᠠᠷᠢᠨ ᠡᠪᠡᠳᠴᠢᠲᠡᠨ ᠦ᠌ ᠡᠪᠡᠳᠴᠢᠨ ᠦ᠌ ᠪᠠᠢᠳᠠᠯ ᠢ᠋ ᠬᠦᠨᠳᠦᠷᠡᠭᠦᠯᠵᠦ ᠂ ᠰᠠᠢᠨ ᠰᠠᠢᠬᠠᠨ ᠡᠪᠡᠳᠴᠢᠨ ᠢ᠋ ᠵᠠᠰᠠᠬᠤ ᠶ᠋ᠢ ᠰᠠᠭᠠᠲᠠᠭᠠᠬᠤ ᠮᠠᠭᠠᠳ ᠃ ᠪᠢᠲᠡᠭᠡᠢ ᠮᠡᠬᠡᠯᠡᠭᠴᠢ ᠶ᠋ᠢᠨ 《 ᠬᠤᠪᠢᠯᠭᠠᠨ ᠡᠮ 》  ᠳ᠋ᠦ᠍ ᠨᠢᠳᠦ  ᠬᠠᠯᠬᠠᠯᠠᠭᠳᠠ !

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )