ᠠᠵᠤ ᠠᠬᠤᠢᠯᠠᠯ ᠤᠨ ᠳᠠᠮᠫᠤᠷᠠᠯ ᠤᠨ ᠬᠡᠷᠡᠭ  ᠤ᠋ᠨ ᠬᠠᠮᠢᠶᠠᠷᠤᠭᠴᠢ ᠶᠢᠨ ᠨᠡᠷᠡᠰ ᠦᠨ ᠳᠡᠪᠲᠡᠷ ᠢ ᠰᠢᠨ᠎ᠡ  ᠪᠡᠷ ᠨᠠᠢᠷᠠᠭᠤᠯᠤᠨ ᠵᠣᠬᠢᠶᠠᠬᠤ ᠲᠤᠬᠠᠶ ᠣᠷᠳᠣᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠶᠢᠨ ᠠᠯᠪᠠᠨ ᠵᠠᠷ
2022.03.01 ᠲᠣᠰ ᠥᠷᠲᠡᠭᠡᠨ᠎ᠦ ᠨᠠᠢᠷᠠᠭᠤᠯᠤᠭᠴᠢ

    ᠪᠦᠬᠦ ᠣᠷᠣᠨ ᠤ᠋ ᠰᠢᠭᠦᠬᠦ ᠬᠣᠷᠢᠶ᠎ᠠ᠎ ᠶ᠋ᠢᠨ ᠳᠠᠮᠫᠤᠷᠠᠭᠰᠠᠨ ᠬᠡᠷᠡᠭ ᠎ᠢ᠋ ᠰᠢᠭᠦᠨ ᠲᠠᠰᠤᠯᠬᠤ ᠠᠵᠢᠯ᠎ ᠤ᠋ᠨ ᠪᠣᠳᠠᠲᠠᠢ ᠪᠠᠢᠳᠠᠯ ᠎ᠢ᠋ ᠦᠨᠳᠦᠰᠦᠯᠡᠨ ᠂ ᠥᠪᠥᠷ ᠮᠣᠩᠭᠣᠯ᠎ ᠤ᠋ᠨ ᠥᠪᠡᠷᠲᠡᠭᠡᠨ ᠵᠠᠰᠠᠬᠤ ᠣᠷᠣᠨ ᠎ᠤ᠋ ᠠᠷᠠᠳ ᠎ᠤ᠋ᠨ ᠥᠨᠳᠥᠷ ᠵᠡᠷᠭᠡ᠎ ᠶ᠋ᠢᠨ ᠰᠢᠭᠦᠬᠦ ᠬᠣᠷᠢᠶ᠎ᠠ ᠠᠵᠤ ᠠᠬᠤᠢᠯᠠᠯ᠎ ᠤ᠋ᠨ ᠳᠠᠮᠫᠤᠷᠠᠯ ᠎ᠤ᠋ᠨ ᠬᠡᠷᠡᠭ ᠎ᠢ᠋ ᠳᠠᠬᠢᠨ ᠨᠠᠢᠷᠠᠭᠤᠯᠤᠨ ᠵᠣᠬᠢᠶᠠᠬᠤ ᠠᠵᠢᠯ ᠎ᠢ᠋ ᠥᠷᠨᠢᠭᠦᠯᠬᠦ᠎ᠪᠡᠷ ᠲᠣᠭᠲᠠᠵᠤ ᠂ ᠥᠪᠥᠷ ᠮᠣᠩᠭᠣᠯ᠎ᠤ᠋ᠨ ᠥᠪᠡᠷᠲᠡᠭᠡᠨ ᠵᠠᠰᠠᠬᠤ ᠣᠷᠣᠨ ᠎ᠤ᠋ ᠠᠷᠠᠳ᠎ᠤ᠋ᠨ ᠥᠨᠳᠥᠷ ᠵᠡᠷᠭᠡ ᠎ᠶ᠋ᠢᠨ ᠰᠢᠭᠦᠬᠦ  ᠬᠣᠷᠢᠶᠠᠨ ᠤ᠋ 《 ᠥᠪᠥᠷ ᠮᠣᠩᠭᠣᠯ ᠎ᠤ᠋ᠨ ᠥᠪᠡᠷᠲᠡᠭᠡᠨ ᠵᠠᠰᠠᠬᠤ ᠣᠷᠣᠨ ᠤ᠋ ᠠᠷᠠᠳ ᠎ᠤ᠋ᠨ ᠥᠨᠳᠥᠷ ᠵᠡᠷᠭᠡ ᠎ᠶ᠋ᠢᠨ ᠰᠢᠭᠦᠬᠦ ᠬᠣᠷᠢᠶ᠎ᠠ᠎ ᠶ᠋ᠢᠨ ᠠᠵᠤ ᠠᠬᠤᠢᠯᠠᠯ᠎ ᠤ᠋ᠨ ᠳᠠᠮᠫᠤᠷᠠᠯ ᠎ᠤ᠋ᠨ ᠬᠡᠷᠡᠭ ᠎ᠦ᠋ᠨ ᠬᠠᠮᠢᠶᠠᠷᠤᠯᠲᠠ᠎ᠶ᠋ᠢᠨ ᠬᠥᠮᠦᠨ ᠎ᠦ᠌  ᠨᠡᠷᠡᠰ ᠤ᠋ᠨ ᠳᠠᠩᠰᠠᠨ ᠳ᠋ᠤ᠌ ᠵᠢᠭᠰᠠᠭᠠᠭᠳᠠᠭᠰᠠᠨ ᠪᠠᠢᠭᠤᠯᠤᠮᠵᠢ᠎ ᠶ᠋ᠢ ᠰᠢᠯᠭᠠᠨ ᠦᠨᠡᠯᠡᠬᠦ ᠵᠢᠴᠢ ᠠᠵᠤ ᠠᠬᠤᠢᠯᠠᠯ᠎ ᠤ᠋ᠨ ᠳᠠᠮᠫᠤᠷᠠᠯ ᠎ᠤ᠋ᠨ ᠬᠡᠷᠡᠭ᠎ ᠦ᠋ᠨ ᠬᠠᠮᠢᠶᠠᠷᠤᠯᠲᠠ᠎ᠶ᠋ᠢᠨ ᠬᠥᠮᠦᠨ ᠎ ᠢ᠋ ᠨᠡᠮᠡᠭᠳᠡᠭᠦᠯᠬᠦ ᠲᠤᠬᠠᠢ ᠮᠡᠳᠡᠭᠳᠡᠯ 》 ᠦ᠋ᠨ ᠱᠠᠭᠠᠷᠳᠠᠯᠭ᠎ᠠ ᠶᠣᠰᠣᠭᠠᠷ ᠂ ᠡᠳᠦᠭᠡ ᠬᠣᠯᠪᠣᠭᠳᠠᠯ ᠪᠦᠬᠦᠢ ᠤᠴᠢᠷ᠎ ᠢ᠋ ᠳᠣᠣᠷᠠᠬᠢ ᠮᠡᠲᠦ ᠵᠠᠷᠯᠠᠪᠠ ᠄

ᠨᠢᠭᠡ ᠂ ᠮᠡᠳᠡᠭᠦᠯᠬᠦ ᠭᠣᠣᠯ ᠴᠣᠭᠴᠠ ᠵᠢᠴᠢ ᠨᠥᠬᠥᠴᠡᠯ
( ᠨᠢᠭᠡ )  ᠳᠠᠩᠰᠠᠨ ᠳ᠋ᠤ᠌ ᠣᠷᠣᠭᠤᠯᠬᠤ ᠭᠣᠣᠯ ᠴᠣᠭᠴᠠ
    1. ᠥᠪᠡᠷᠲᠡᠭᠡᠨ ᠵᠠᠰᠠᠬᠤ ᠣᠷᠣᠨ ᠎ᠤ᠋ ᠳᠣᠲᠣᠷ᠎ᠠ ᠬᠠᠤᠯᠢ ᠶᠣᠰᠣᠭᠠᠷ ᠪᠠᠢᠭᠤᠯᠤᠭᠰᠠᠨ ᠬᠠᠤᠯᠢᠴᠢ ᠎ᠶ᠋ᠢᠨ ᠬᠡᠷᠡᠭ ᠡᠷᠬᠢᠯᠡᠬᠦ ᠭᠠᠵᠠᠷ ᠂ ᠨᠢᠭᠲᠠᠯᠠᠨ ᠪᠣᠳᠣᠭᠴᠢ᠎ ᠶ᠋ᠢᠨ ᠬᠡᠷᠡᠭ ᠡᠷᠬᠢᠯᠡᠬᠦ ᠭᠠᠵᠠᠷ ᠂ ᠳᠠᠮᠫᠤᠷᠠᠯ ᠎ᠢ᠋ ᠢᠯᠭᠠᠷᠠᠭᠤᠯᠤᠨ ᠪᠣᠳᠣᠬᠤ ᠬᠡᠷᠡᠭ ᠡᠷᠬᠢᠯᠡᠬᠦ ᠭᠠᠵᠠᠷ (᠎ ᠺᠣᠮᠫᠠᠨᠢ )᠎᠂ ᠦᠨᠡᠯᠡᠨ ᠵᠢᠱ᠌ᠢᠬᠦ ᠺᠣᠮᠫᠠᠨᠢ ᠵᠢᠴᠢ ᠳᠠᠮᠫᠤᠷᠠᠯ ᠎ᠤ᠋ᠨ ᠬᠡᠷᠡᠭ ᠰᠢᠢᠳᠪᠦᠷᠢᠯᠡᠬᠦ ᠴᠢᠳᠠᠪᠤᠷᠢ ᠎ᠲᠠᠢ ᠪᠤᠰᠤᠳ ᠵᠠᠭᠤᠴᠢ ᠪᠠᠢᠭᠤᠯᠤᠮᠵᠢ ︔
     2. ᠥᠪᠡᠷᠲᠡᠭᠡᠨ ᠵᠠᠰᠠᠬᠤ ᠣᠷᠣᠨ ᠠ᠋ᠴᠠ ᠭᠠᠳᠠᠨ᠎ᠠ ᠬᠠᠤᠯᠢ ᠶᠣᠰᠣᠭᠠᠷ ᠪᠠᠢᠭᠤᠯᠤᠭᠰᠠᠨ ᠬᠠᠤᠯᠢᠴᠢ ᠎ᠶ᠋ᠢᠨ ᠬᠡᠷᠡᠭ ᠡᠷᠬᠢᠯᠡᠬᠦ ᠭᠠᠵᠠᠷ ᠂ ᠨᠢᠭᠲᠠᠯᠠᠨ ᠪᠣᠳᠣᠭᠴᠢ᠎ ᠶ᠋ᠢᠨ ᠬᠡᠷᠡᠭ ᠡᠷᠬᠢᠯᠡᠬᠦ ᠭᠠᠵᠠᠷ ᠂ ᠳᠠᠮᠫᠤᠷᠠᠯ᠎ ᠢ᠋ ᠢᠯᠭᠠᠷᠠᠭᠤᠯᠤᠨ ᠪᠣᠳᠣᠬᠤ ᠬᠡᠷᠡᠭ ᠡᠷᠬᠢᠯᠡᠬᠦ ᠭᠠᠵᠠᠷ ( ᠎ᠺᠣᠮᠫᠠᠨᠢ )᠎᠂ ᠦᠨᠡᠯᠡᠨ ᠵᠢᠱ᠌ᠢᠬᠦ ᠺᠣᠮᠫᠠᠨᠢ ᠵᠢᠴᠢ ᠳᠠᠮᠫᠤᠷᠠᠯ ᠎ᠤ᠋ᠨ ᠬᠡᠷᠡᠭ ᠰᠢᠢᠳᠪᠦᠷᠢᠯᠡᠬᠦ ᠴᠢᠳᠠᠪᠤᠷᠢ ᠪᠦᠬᠦᠢ ᠪᠤᠰᠤᠳ ᠵᠠᠭᠤᠴᠢ ᠪᠠᠢᠭᠤᠯᠤᠮᠵᠢ᠎ ᠶ᠋ᠢᠨ ᠥᠪᠡᠷᠲᠡᠭᠡᠨ ᠵᠠᠰᠠᠬᠤ ᠣᠷᠣᠨ ᠎ᠳ᠋ᠤ᠌ ᠪᠠᠢᠭᠤᠯᠤᠭᠰᠠᠨ ᠬᠤᠪᠢᠶᠠᠷᠢ ᠪᠠᠢᠭᠤᠯᠤᠮᠵᠢ ︔
( ᠬᠣᠶᠠᠷ ) ᠎ ᠳᠠᠩᠰᠠᠯᠠᠭᠤᠯᠬᠤ᠎ ᠶ᠋ᠢᠨ ᠦᠨᠳᠦᠰᠦᠨ ᠨᠥᠬᠥᠴᠡᠯ
    1. ᠮᠡᠳᠡᠭᠦᠯᠬᠦ ᠪᠠᠢᠭᠤᠯᠤᠮᠵᠢ ᠎ᠶ᠋ᠢ ᠬᠠᠤᠯᠢ ᠶᠣᠰᠣᠭᠠᠷ ᠪᠠᠢᠭᠤᠯᠵᠤ ᠂ ᠲᠤᠰ ᠲᠥᠷᠥᠯ ᠎ᠦ᠋ᠨ ᠬᠡᠷᠡᠭ ᠎ᠢ᠋ ᠰᠢᠢᠳᠪᠦᠷᠢᠯᠡᠬᠦ ᠲᠤᠰᠬᠠᠢ ᠮᠡᠷᠭᠡᠵᠢᠯ᠎ ᠦ᠋ᠨ ᠠᠵᠢᠯᠲᠠᠨ ᠪᠤᠶᠤ ᠪᠦᠯᠬᠦᠮ ᠨᠡᠢᠲᠡ᠎ᠶ᠋ᠢᠨ ᠳᠠᠩᠰᠠᠯᠠᠭᠤᠯᠤᠭᠰᠠᠨ ᠬᠥᠷᠥᠩᠭᠡ ᠮᠥᠩᠭᠥ ᠨᠢ 100 ᠲᠦᠮᠡ ᠎ᠡᠴᠡ ᠳᠤᠲᠠᠭᠤ ᠥᠬᠡᠢ ᠂ ᠲᠣᠭᠲᠠᠭᠰᠠᠨ ᠡᠵᠡᠩᠨᠡᠯᠲᠡ ᠪᠤᠶᠤ ᠠᠵᠢᠯᠯᠠᠬᠤ ᠭᠠᠵᠠᠷ᠎ ᠲᠠᠢ ᠂ ᠭᠤᠷᠪᠠᠨ ᠵᠢᠯ ᠎ᠡᠴᠡ ᠳᠡᠭᠡᠭᠰᠢ ᠳᠠᠮᠫᠤᠷᠠᠭᠤᠯᠤᠭᠰᠠᠨ ᠂ ᠢᠯᠭᠠᠷᠠᠭᠤᠯᠤᠨ ᠪᠣᠳᠣᠬᠤ ᠠᠵᠢᠯ᠎ ᠤ᠋ᠨ ᠥᠩᠭᠡᠷᠡᠯᠲᠡ᠎ᠲᠡᠢ ( ᠠᠯᠪᠠᠳᠠᠯᠭ᠎ᠠ᠎ ᠪᠠᠷ ᠢᠯᠭᠠᠷᠠᠭᠤᠯᠤᠨ ᠪᠣᠳᠣᠬᠤ ᠬᠡᠷᠡᠭ ᠪᠠᠭᠲᠠᠨ᠎ᠠ )᠂ ᠳᠠᠮᠫᠤᠷᠠᠯ᠎ᠤ᠋ᠨ ᠬᠡᠷᠡᠭ ᠎ᠢ᠋ ᠰᠢᠢᠳᠪᠦᠷᠢᠯᠡᠬᠦ ᠴᠠᠭ ᠬᠤᠭᠤᠴᠠᠭ᠎ᠠ ᠨᠢ 2021 ᠣᠨ ᠎ ᠤ᠋ 12 ᠳ᠋ᠤᠭᠠᠷ ᠰᠠᠷ᠎ᠠ᠎ ᠶ᠋ᠢᠨ 31 ᠦ᠌ ᠡᠳᠦᠷ ᠪᠣᠯᠲᠠᠯ᠎ᠠ  ︔
   2. ᠮᠡᠳᠡᠭᠦᠯᠬᠦ ᠪᠠᠢᠭᠤᠯᠤᠮᠵᠢ᠎ ᠶ᠋ᠢᠨ ᠨᠡᠷ᠎ᠡ᠎ ᠶ᠋ᠢ ᠨᠢ ᠬᠤᠪᠢᠷᠠᠭᠤᠯᠬᠤ ᠂ ᠨᠡᠢᠯᠡᠭᠦᠯᠬᠦ ᠂ ᠰᠠᠯᠭᠠᠵᠤ ᠪᠠᠢᠭᠤᠯᠬᠤ᠎ ᠳ᠋ᠤ᠌ ᠂ ᠳᠠᠮᠫᠤᠷᠠᠯ ᠎ᠤ᠋ᠨ ᠬᠡᠷᠡᠭ ᠎ᠢ᠋ ᠰᠢᠢᠳᠪᠦᠷᠢᠯᠡᠬ ᠦ᠎ᠳ᠋ᠦ᠍ ᠨᠡᠷ᠎ᠡ ᠰᠣᠯᠢᠭᠰᠠᠨ ᠂ ᠨᠡᠢᠯᠡᠭᠦᠯᠦᠭᠰᠡᠨ ᠂ ᠰᠠᠯᠭᠠᠭᠰᠠᠨ ᠎ᠤ᠋ ᠳᠠᠷᠠᠭᠠᠬᠢ ᠰᠢᠨ᠎ᠡ ᠪᠠᠢᠭᠤᠯᠤᠮᠵᠢ ᠵᠠᠯᠭᠠᠨ ᠠᠪᠴᠤ ᠂ ᠰᠢᠨ᠎ᠡ ᠎ᠪᠡᠷ ᠪᠠᠢᠭᠤᠯᠤᠭᠰᠠᠨ ᠪᠠᠢᠭᠤᠯᠤᠮᠵᠢ᠎ ᠶ᠋ᠢᠨ ᠭᠣᠣᠯ ᠠᠵᠢᠯ ᠡᠷᠬᠢᠯᠡᠬᠦ ᠬᠥᠮᠦᠰ ᠨᠢ ᠬᠠᠮᠢᠶᠠᠷᠤᠭᠴᠢᠳ ᠎ᠤ᠋ᠨ ᠪᠦᠯᠬᠦᠮ ᠨᠢᠭᠡᠴᠡ ᠎ᠶ᠋ᠢᠨ ᠱᠠᠭᠠᠷᠳᠠᠯᠭ᠎ᠠ ᠎ᠳ᠋ᠤ᠌ ᠨᠡᠢᠴᠡᠭᠰᠡᠨ ᠪᠥᠭᠡᠳ ᠭᠡᠰᠢᠭᠦᠨ ᠨᠢ ᠴᠥᠮ ᠬᠠᠮᠢᠶᠠᠷᠤᠭᠴᠢ ᠪᠣᠯᠤᠭᠰᠠᠨ ᠵᠣᠬᠢᠬᠤ ᠥᠩᠭᠡᠷᠡᠯᠲᠡ᠎ ᠲᠡᠢ ᠪᠠᠢᠪᠠᠯ ᠭᠤᠶᠤᠴᠢᠯᠠᠯ ᠭᠠᠷᠭᠠᠵᠤ ᠪᠣᠯᠤᠨ᠎ᠠ ︔
    3. ᠬᠠᠤᠯᠢᠴᠢ᠎ ᠶ᠋ᠢᠨ ᠬᠡᠷᠡᠭ ᠡᠷᠬᠢᠯᠡᠬᠦ ᠭᠠᠵᠠᠷ ᠂ ᠨᠢᠭᠲᠠᠯᠠᠨ ᠪᠣᠳᠣᠭᠴᠢ ᠎ᠶ᠋ᠢᠨ ᠬᠡᠷᠡᠭ ᠡᠷᠬᠢᠯᠡᠬᠦ ᠭᠠᠵᠠᠷ ᠂ ᠦᠨᠡᠯᠡᠨ ᠵᠢᠱ᠌ᠢᠵᠦ ᠰᠢᠯᠭᠠᠨ ᠪᠠᠢᠴᠠᠭᠠᠬᠤ ᠪᠠᠢᠭᠤᠯᠤᠮᠵᠢ ᠂ ᠬᠠᠤᠯᠢ ᠴᠠᠭᠠᠵᠠ᠎ ᠶ᠋ᠢᠨ ᠬᠢᠨᠠᠨ ᠲᠣᠭᠲᠠᠭᠠᠯᠲᠠ ᠬᠢᠬᠦ ᠪᠠᠢᠭᠤᠯᠤᠮᠵᠢ ᠵᠡᠷᠭᠡ ᠨᠢ ᠬᠠᠮᠲᠤᠷᠠᠨ ᠭᠤᠶᠤᠴᠢᠯᠠᠨ ᠮᠡᠳᠡᠭᠦᠯᠵᠦ ᠪᠣᠯᠤᠨ᠎ᠠ ᠃
ᠬᠣᠶᠠᠷ ᠂ ᠳᠣᠣᠷ᠎ᠠ ᠵᠢᠭᠰᠠᠭᠠᠭᠰᠠᠨ ᠪᠠᠢᠳᠠᠯ᠎ ᠤ᠋ᠳ ᠎ᠤ᠋ᠨ ᠨᠢᠭᠡ ᠨᠢ ᠪᠠᠢᠪᠠᠯ ᠂ ᠬᠠᠮᠢᠶᠠᠷᠤᠭᠴᠢ᠎ ᠳ᠋ᠤ᠌ ᠮᠡᠳᠡᠭᠦᠯᠵᠦ ᠪᠣᠯᠬᠤ ᠦᠭᠡᠢ
    1. ᠬᠠᠤᠯᠢ᠎ ᠪᠠᠷ ᠲᠣᠭᠲᠠᠭᠠᠭᠰᠠᠨ ᠲᠥᠯᠥᠭᠡᠯᠡᠭᠴᠢ ᠂ ᠭᠣᠣᠯ ᠬᠠᠷᠢᠭᠤᠴᠠᠯᠭᠠᠲᠠᠨ ᠂ ᠪᠣᠳᠠᠲᠠᠢ ᠪᠡᠯᠡ ᠭᠠᠷᠭᠠᠭᠴᠢ ᠨᠢ ᠠᠵᠢᠯ ᠡᠷᠬᠢᠯᠡᠬᠦ ᠡᠵᠡᠩᠨᠡᠯᠲᠡ ᠳᠤᠮᠳᠠ ᠬᠠᠤᠯᠢ᠎ ᠠ᠋ᠴᠠ ᠵᠥᠷᠢᠴᠡᠭᠰᠡᠨ ᠡᠴᠡ ᠪᠣᠯᠵᠤ ᠡᠷᠡᠭᠦᠦ᠎ ᠶ᠋ᠢᠨ ᠬᠠᠷᠢᠭᠤᠴᠠᠯᠭ᠎ᠠ ᠨᠡᠬᠡᠮᠵᠢᠯᠡᠭᠳᠡᠭᠰᠡᠨ ︔
    2. ᠲᠤᠰᠢᠶᠠᠯ᠎ ᠢ᠋ᠶ᠋ᠠᠨ ᠵᠣᠬᠢᠰ ᠥᠬᠡᠢ ᠭᠦᠢᠴᠡᠳᠬᠡᠭᠰᠡᠨ ᠪᠤᠶᠤ ᠠᠷᠠᠳ ᠎ᠤ᠋ᠨ ᠰᠢᠭᠦᠬᠦ ᠬᠣᠷᠢᠶᠠᠨ  ᠤ᠋ ᠵᠢᠭᠠᠨ ᠲᠣᠭᠲᠠᠭᠠᠭᠰᠠᠨ  ᠢ᠋ ᠬᠦᠯᠢᠶᠡᠨ ᠠᠪᠬᠤ ᠥᠬᠡᠢ ᠵᠡᠷᠭᠡ ᠰᠢᠯᠲᠠᠭᠠᠨ ᠠ᠋ᠴᠠ ᠪᠣᠯᠵᠤ ᠂ ᠠᠷᠠᠳ ᠎ᠤ᠋ᠨ ᠰᠢᠭᠦᠬᠦ ᠬᠣᠷᠢᠶ᠎ᠠ ᠬᠠᠮᠢᠶᠠᠷᠤᠭᠴᠢ᠎ ᠶ᠋ᠢᠨ ᠨᠡᠷ᠎ᠡ᠎ ᠶ᠋ᠢᠨ ᠳᠠᠩᠰᠠᠨ ᠠ᠋ᠴᠠ ᠬᠠᠰᠤᠭᠳᠠᠭᠰᠠᠨ ᠡᠳᠦᠷ᠎ ᠡᠴᠡ ᠡᠬᠢᠯᠡᠨ ᠭᠤᠷᠪᠠᠨ ᠵᠢᠯ ᠬᠡᠲᠦᠷᠡᠭᠡᠳᠦᠢ ᠪᠠᠢᠬᠤ ;
    3. ᠬᠣᠯᠪᠣᠭᠳᠠᠯ ᠪᠦᠬᠦᠢ ᠲᠤᠰᠬᠠᠢ ᠮᠡᠷᠭᠡᠵᠢᠯ᠎ᠦ᠋ᠨ ᠠᠵᠢᠯ ᠡᠷᠬᠢᠯᠡᠬᠦ ᠦᠨᠡᠮᠯᠡᠯ ᠎ᠢ᠋ᠶ᠋ᠡᠨ ᠬᠤᠷᠢᠶᠠᠭᠳᠠᠨ ᠬᠦᠴᠦᠨ ᠥᠬᠡᠢ ᠪᠣᠯᠭᠠᠭᠳᠠᠭᠰᠠᠨ ;
    4. ᠢᠲᠡᠭᠡᠯ᠎ ᠢ᠋ᠶ᠋ᠡᠨ ᠠᠯᠳᠠᠭᠰᠠᠨ ᠭᠦᠢᠴᠡᠳᠬᠡᠭᠳᠡᠭᠴᠢ᠎ ᠶ᠋ᠢᠨ ᠨᠡᠷᠡᠰ ᠎ᠲᠦ᠍ ᠣᠷᠣᠭᠤᠯᠤᠭᠰᠠᠨ ᠠ᠋ᠴᠠ  ᠪᠤᠯᠤᠭᠰᠠᠨ ︔
    5. ᠳᠠᠮᠫᠤᠷᠠᠯ᠎ ᠤ᠋ᠨ ᠬᠡᠷᠡᠭ᠎ ᠦ᠋ᠨ ᠬᠠᠮᠢᠶᠠᠷᠤᠭᠴᠢ ᠪᠣᠯᠬᠤ᠎ ᠳ᠋ᠤ᠌ ᠲᠣᠬᠢᠷᠠᠬᠤ ᠦᠭᠡᠢ ᠪᠤᠰᠤᠳ ᠪᠠᠢᠳᠠᠯ ᠃
ᠭᠤᠷᠪᠠ ᠂ ᠮᠡᠳᠡᠭᠦᠯᠪᠡᠰᠦ ᠵᠣᠬᠢᠬᠤ ᠮᠠᠲ᠋ᠧᠷᠢᠶᠠᠯ ᠵᠢᠴᠢ ᠱᠠᠭᠠᠷᠳᠠᠯᠭ᠎ᠠ
( ᠎ᠨᠢᠭᠡ ) ᠮᠡᠳᠡᠭᠦᠯᠬᠦ ᠮᠠᠲ᠋ᠧᠷᠢᠶᠠᠯ
 ᠠᠵᠤ ᠠᠬᠤᠢᠯᠠᠯ ᠎ᠤ᠋ᠨ ᠳᠠᠮᠫᠤᠷᠠᠯ᠎ ᠤ᠋ᠨ ᠬᠡᠷᠡᠭ᠎ ᠦ᠋ᠨ ᠬᠠᠮᠢᠶᠠᠷᠤᠭᠴᠢ᠎ ᠶ᠋ᠢᠨ ᠳᠠᠩᠰᠠᠨ ᠎ᠳ᠋ᠤ᠌ ᠣᠷᠣᠬᠤ ᠭᠤᠶᠤᠴᠢᠯᠠᠯ ᠭᠠᠷᠭᠠᠬᠤ ᠪᠠᠢᠭᠤᠯᠤᠮᠵᠢ᠎ ᠶ᠋ᠢᠨ ᠲᠤᠰᠢᠶᠠᠬᠤ ᠴᠢᠬᠤᠯᠠᠲᠠᠢ ᠮᠠᠲ᠋ᠸᠷᠢᠶᠠᠯ
   1. ᠠᠵᠤ ᠠᠬᠤᠢᠯᠠᠯ ᠎ᠤ᠋ᠨ ᠳᠠᠮᠫᠤᠷᠠᠯ᠎ ᠤ᠋ᠨ ᠬᠡᠷᠡᠭ ᠎ᠦ᠋ᠨ ᠬᠠᠮᠢᠶᠠᠷᠤᠭᠴᠢ᠎ ᠶ᠋ᠢᠨ ᠳᠠᠩᠰᠠᠨ ᠳ᠋ᠤ᠌ ᠣᠷᠣᠭᠤᠯᠬᠤ ᠭᠤᠶᠤᠴᠢᠯᠠᠯ ᠤ᠋ᠨ ᠪᠢᠴᠢᠭ᠌︔
   2. ᠪᠠᠢᠭᠤᠯᠤᠮᠵᠢ᠎ ᠶ᠋ᠢᠨ ᠡᠵᠡᠩᠨᠡᠯᠲᠡ᠎ ᠶ᠋ᠢᠨ ᠦᠨᠡᠮᠯᠡᠯ ᠂ ᠬᠢᠷᠢ ᠬᠡᠮ᠎ ᠦ᠋ᠨ ᠦᠨᠡᠮᠯᠡᠯ ᠵᠡᠷᠭᠡ ᠪᠠᠢᠭᠤᠯᠬᠤ ᠎ᠶ᠋ᠢ ᠵᠥᠪᠰᠢᠶᠡᠷᠡᠭᠰᠡᠨ  ᠪᠢᠴᠢᠭ᠌ ᠮᠠᠲ᠋ᠸᠷᠢᠶᠠᠯ ;
    3. ᠳᠦᠷᠢᠮ ᠪᠤᠶᠤ ᠬᠣᠷᠰᠢᠬᠤ ᠬᠡᠯᠡᠯᠴᠡᠭᠡᠷ ;
    4. ᠭᠡᠷ ᠪᠠᠢᠰᠢᠩ᠎ ᠤ᠋ᠨ ᠥᠮᠴᠢᠯᠡᠬᠦ ᠡᠷᠬᠡ ᠎ᠶ᠋ᠢᠨ ᠦᠨᠡᠮᠯᠡᠯ ᠪᠤᠶᠤ ᠲᠦᠷᠢᠶᠡᠰᠦᠯᠡᠬᠦ ᠭᠡᠷ᠎ᠡ ᠵᠡᠷᠭᠡ ᠲᠣᠭᠲᠠᠮᠠᠯ ᠡᠵᠡᠩᠨᠡᠯᠲᠡ ᠂ ᠠᠵᠢᠯᠯᠠᠬᠤ ᠭᠠᠵᠠᠷ᠎ ᠲᠠᠢ ᠭᠡᠷᠡᠴᠢ ᠪᠠᠢᠬᠤ ᠬᠡᠷᠡᠭᠲᠡᠢ ︔
    5. ᠪᠡᠶ᠎ᠡ᠎ ᠪᠡᠨ ᠳᠠᠭᠠᠭᠠᠵᠤ ᠢᠷᠭᠡᠨ ᠦ᠌ ᠬᠡᠷᠡᠭ᠎ ᠦ᠋ᠨ ᠬᠠᠷᠢᠭᠤᠴᠠᠯᠭ᠎ᠠ᠎ᠶ᠋ᠢᠨ ᠴᠢᠳᠠᠪᠤᠷᠢ ᠎ᠶ᠋ᠢ ᠡᠭᠦᠷᠭᠡᠯᠡᠬᠦ ᠭᠡᠷᠡᠴᠢᠯᠡᠬᠦ ᠮᠠᠲ᠋ᠧᠷᠢᠶᠠᠯ ᠂ ᠵᠢᠱ᠌ᠢᠶᠡᠯᠡᠪᠡᠯ ᠳᠠᠩᠰᠠᠯᠠᠭᠤᠯᠤᠭᠰᠠᠨ ᠪᠡᠯᠡ ᠮᠥᠩᠭᠥ ᠂ ᠠᠵᠢᠯ ᠡᠷᠬᠢᠯᠡᠬᠦ ᠬᠠᠷᠢᠭᠤᠴᠠᠯᠭ᠎ᠠ᠎ ᠶ᠋ᠢᠨ ᠳᠠᠭᠠᠳᠬᠠᠯ ᠵᠡᠷᠭᠡ ︔
    6. ᠪᠠᠢᠭᠤᠯᠤᠮᠵᠢ ᠎ᠶ᠋ᠢᠨ ᠣᠳᠣ ᠪᠠᠢᠭ᠎ᠠ ᠠᠵᠢᠯ ᠡᠷᠬᠢᠯᠡᠭᠴᠢᠳ ᠎ᠦ᠋ᠨ ᠦᠨᠳᠦᠰᠦᠨ ᠪᠠᠢᠳᠠᠯ ᠎ᠤ᠋ᠨ ᠬᠦᠰᠦᠨᠦᠭᠲᠦ ᠵᠢᠴᠢ ᠠᠵᠢᠯ ᠡᠷᠬᠢᠯᠡᠬᠦ ᠬᠢᠷᠢ ᠭᠡᠮ᠎ᠦ᠋ᠨ ᠦᠨᠡᠮᠯᠡᠯ ᠨᠢ ᠳᠠᠮᠫᠤᠷᠠᠯ᠎ ᠤ᠋ᠨ ᠬᠡᠷᠡᠭ᠎ ᠦ᠋ᠨ ᠠᠵᠢᠯᠲᠠᠨ ᠎ᠤ᠋ ᠬᠦᠰᠦᠨᠦᠭᠲᠦ ᠵᠢᠴᠢ ᠲᠡᠭᠦᠨ ᠎ᠦ᠌ ᠬᠠᠮᠢᠶ᠎ᠠ ᠪᠦᠬᠦᠢ ᠭᠡᠷᠡᠴᠢ᠎ ᠶ᠋ᠢ ᠲᠤᠰᠬᠠᠢᠯᠠᠨ ᠥᠷᠨᠢᠭᠦᠯᠦᠨ᠎ᠡ ︔
    7. ᠲᠤᠬᠠᠢᠯᠠᠭᠰᠠᠨ ᠠᠵᠢᠯ ᠪᠠ ᠠᠵᠢᠯ᠎ ᠤ᠋ᠨ ᠪᠦᠲᠦᠮᠵᠢ᠎ ᠶ᠋ᠢᠨ ᠮᠠᠲ᠋ᠧᠷᠢᠶᠠᠯ (᠎ᠣᠢᠷ᠎ᠠ᠎ᠶ᠋ᠢᠨ ᠭᠤᠷᠪᠠᠨ ᠵᠢᠯ᠎ᠳ᠋ᠦ᠍ ᠢᠷᠭᠡᠨ ᠎ᠦ᠌ ᠪᠠ ᠬᠤᠳᠠᠯᠳᠤᠭᠠᠨ ᠎ᠤ᠋ ᠬᠡᠷᠡᠭ ᠎ᠢ᠋ ᠰᠢᠢᠳᠪᠦᠷᠢᠯᠡᠭᠰᠡᠨ ᠬᠦᠰᠦᠨᠦᠭᠲᠦ ᠂ ᠵᠢᠯ ᠪᠦᠷᠢ᠎ ᠶ᠋ᠢᠨ ᠳᠤᠮᠳᠠᠴᠢ ᠲᠤᠬᠠᠢᠯᠠᠭᠰᠠᠨ ᠠᠵᠢᠯ ᠎ᠤ᠋ᠨ ᠣᠷᠣᠯᠭ᠎ᠠ ᠪᠤᠶᠤ ᠠᠵᠢᠯ ᠲᠥᠷᠥᠯ᠎ ᠦ᠋ᠨ ᠨᠡᠷᠡᠰ᠎ ᠦ᠋ᠨ ᠵᠢᠭᠰᠠᠭᠠᠯᠲᠠ᠎ᠶ᠋ᠢᠨ ᠭᠡᠷᠡᠴᠢ ᠂ ᠣᠢᠷ᠎ᠠ᠎ ᠶ᠋ᠢᠨ ᠭᠤᠷᠪᠠᠨ ᠵᠢᠯ᠎ ᠳ᠋ᠦ᠍ ᠪᠠᠢᠭᠤᠯᠤᠮᠵᠢ ᠠᠵᠤ ᠠᠬᠤᠢᠯᠠᠯ ᠎ᠤ᠋ᠨ ᠳᠠᠮᠫᠤᠷᠠᠭᠰᠠᠨ ᠬᠡᠷᠡᠭ ᠂ ᠬᠠᠮᠢᠶ᠎ᠠ ᠪᠦᠬᠦᠢ ᠡᠭᠦᠰᠦᠮᠡᠯ ᠬᠡᠷᠡᠭ ᠎ᠦ᠋ᠨ ᠬᠦᠰᠦᠨᠦᠭᠲᠦ ᠵᠢᠴᠢ ᠲᠠᠰᠤᠯᠤᠯᠲᠠ᠎ᠶ᠋ᠢᠨ  ᠪᠢᠴᠢᠭ᠌  ᠂ ᠨᠠᠢᠳᠠᠯᠭ᠎ᠠ᠎ᠶ᠋ᠢᠨ  ᠪᠢᠴᠢᠭ᠌ ᠵᠡᠷᠭᠡ ᠬᠠᠮᠢᠶ᠎ᠠ ᠪᠦᠬᠦᠢ ᠭᠡᠷᠡᠴᠢ ᠎ᠶ᠋ᠢ ᠭᠦᠢᠴᠡᠳᠬᠡᠨ᠎ᠡ )︔
    8. ᠨᠡᠢᠲᠡᠯᠡᠭᠰᠡᠨ ᠲᠤᠰᠬᠠᠢ ᠮᠡᠷᠭᠡᠵᠢᠯ᠎ ᠦ᠋ᠨ ᠥᠭᠦᠯᠡᠯ  ᠵᠢᠴᠢ ᠭᠡᠷᠡᠴᠢ ;
     9. ᠬᠥᠬᠢᠭᠦᠯᠦᠯ ᠂ ᠱᠠᠩᠨᠠᠯ ᠬᠦᠷᠲᠡᠭᠰᠡᠨ ᠪᠠᠢᠳᠠᠯ ᠵᠢᠴᠢ ᠭᠡᠷᠡᠴᠢ ;
    10. ᠠᠵᠢᠯ ᠲᠥᠷᠥᠯ ᠎ᠦ᠋ᠨ ᠥᠪᠡᠷ᠎ ᠢ᠋ ᠎ᠪᠡᠨ ᠱᠠᠭᠠᠷᠳᠠᠬᠤ ᠵᠣᠬᠢᠶᠠᠨ ᠪᠠᠢᠭᠤᠯᠤᠯᠲᠠ ᠎ᠠ᠋ᠴᠠ ᠬᠠᠩᠭᠠᠭᠰᠠᠨ ᠮᠠᠲ᠋ᠧᠷᠢᠶᠠᠯ᠎ ᠤ᠋ᠨ ᠦᠨᠡᠨ ᠪᠣᠳᠠᠲᠤ ᠴᠢᠨᠠᠷ ᠵᠢᠴᠢ ᠲᠠᠪᠤᠨ ᠵᠢᠯ ᠎ᠦ᠋ᠨ ᠳᠣᠲᠣᠷ᠎ᠠ ᠵᠠᠰᠠᠭ ᠵᠠᠬᠢᠷᠭᠠᠨ ᠎ᠤ᠋ ᠰᠢᠳᠬᠡᠯ ᠲᠣᠷᠭᠠᠭᠤᠯᠢ ᠪᠤᠶᠤ ᠰᠠᠬᠢᠯᠭ᠎ᠠ ᠪᠠᠲᠤ ᠎ᠶ᠋ᠢᠨ ᠰᠢᠳᠬᠡᠯ ᠣᠯᠤᠭᠰᠠᠨ ᠡᠰᠡᠬᠦ ᠪᠠᠢᠳᠠᠯ᠎ ᠤ᠋ᠨ ᠭᠡᠷᠡᠴᠢ ︔
    11. ᠠᠮᠠᠯᠠᠯᠲᠠ᠎ᠶ᠋ᠢᠨ ᠪᠢᠴᠢᠭ᠌ ᠃
( ᠬᠤᠶᠠᠷ )ᠮᠡᠳᠡᠭᠦᠯᠬᠦ ᠱᠠᠭᠠᠷᠳᠠᠯᠭ᠎ᠠ
    1. ᠭᠤᠶᠤᠴᠢᠯᠠᠨ ᠮᠡᠳᠡᠭᠦᠯᠬᠦ ᠬᠥᠮᠦᠰ᠎ ᠦ᠋ᠨ ᠲᠠᠭᠯᠠᠭᠰᠠᠨ ᠬᠦᠰᠦᠨᠦᠭ ᠪᠠ ᠬᠠᠩᠭᠠᠭᠰᠠᠨ ᠮᠠᠲ᠋ᠧᠷᠢᠶᠠᠯ ᠨᠢ ᠡᠷᠬᠡᠪᠰᠢ ᠦᠨᠡᠨ ᠪᠣᠳᠠᠲᠠᠢ ᠬᠦᠴᠦᠨ ᠲᠡᠢ ᠠᠭᠤᠯᠭ᠎ᠠ ᠨᠢ ᠨᠢᠭᠡᠳᠦᠯᠲᠡᠢ ᠪᠠᠢᠵᠤ ᠂ ᠪᠠᠢᠭᠤᠯᠤᠮᠵᠢ᠎ ᠶ᠋ᠢᠨ ᠭᠣᠣᠯ ᠳᠠᠭᠠᠭᠠᠨ ᠭᠦᠢᠴᠡᠳᠬᠡᠬᠦ  ᠭᠡᠢᠰᠭᠦᠨ ᠨᠢ ᠡᠷᠬᠡᠪᠰᠢ ᠮᠥᠨ ᠲᠤᠰ ᠪᠠᠢᠭᠤᠯᠤᠮᠵᠢ᠎ ᠳ᠋ᠤ᠌ ᠠᠵᠢᠯᠯᠠᠵᠤ ᠪᠠᠢᠬᠤ ᠬᠡᠷᠡᠭᠲᠡᠢ ᠂ ᠡᠰᠡ ᠲᠡᠢᠮᠦ ᠪᠣᠯ ᠲᠤᠰ ᠪᠠᠢᠭᠤᠯᠤᠮᠵᠢ ᠎ᠶ᠋ᠢᠨ ᠳᠠᠮᠫᠤᠷᠠᠬᠤ ᠂ ᠢᠯᠭᠠᠷᠠᠭᠤᠯᠤᠨ ᠪᠣᠳᠣᠬᠤ ᠬᠡᠷᠡᠭ᠎ ᠦ᠋ᠨ ᠠᠵᠢᠯ ᠎ᠤ᠋ᠨ ᠥᠩᠭᠡᠷᠡᠯᠲᠡ᠎ ᠲᠤ ᠵᠢᠭᠰᠠᠭᠠᠨ ᠣᠷᠣᠭᠤᠯᠬᠤ ᠦᠭᠡᠢ ︔
    2. ᠳᠠᠮᠫᠤᠷᠠᠯ᠎ ᠤ᠋ᠨ ᠬᠠᠮᠢᠶᠠᠷᠤᠭᠴᠢ᠎ ᠶ᠋ᠢᠨ ᠢᠲᠡᠭᠡᠮᠵᠢ᠎ ᠶ᠋ᠢᠨ ᠳᠠᠩᠰᠠ ᠡᠪᠬᠡᠮᠡᠯ ᠎ᠢ᠋ ᠪᠠᠢᠭᠤᠯᠬᠤ ᠎ᠶ᠋ᠢᠨ ᠲᠤᠰᠠᠳᠠ ᠂ ᠠᠵᠤ ᠠᠬᠤᠢᠯᠠᠯ ᠨᠢ ᠳᠠᠮᠫᠤᠷᠠᠭᠤᠯᠬᠤ᠎ ᠶ᠋ᠢ ᠬᠠᠮᠢᠶᠠᠷᠬᠤ ᠬᠥᠮᠦᠰ ᠎ᠦ᠋ᠨ ᠨᠡᠷᠡᠰ᠎ ᠦ᠋ᠨ ᠳᠡᠪᠲᠡᠷ᠎ ᠲᠦ᠍ ᠡᠷᠬᠡᠪᠰᠢ 《 ᠠᠮᠠᠯᠠᠯᠲᠠ᠎ᠶ᠋ᠢᠨ  ᠪᠢᠴᠢᠭ᠌》 ᠲᠦ᠍ ᠭᠠᠷ ᠤ᠋ᠨ ᠦᠰᠦᠭ ᠵᠢᠷᠤᠵᠤ ᠂ ᠬᠡᠷᠪᠡ ᠬᠤᠳᠠᠯ ᠬᠡᠯᠡᠵᠦ ᠬᠠᠭᠤᠷᠮᠠᠭᠯᠠᠨ ᠵᠣᠬᠢᠶᠠᠭᠰᠠᠨ ᠪᠠᠢᠳᠠᠯ᠎ ᠲᠠᠢ ᠪᠠᠢᠪᠠᠯ ᠂ ᠪᠠᠢᠴᠠᠭᠠᠨ ᠲᠣᠳᠣᠯᠠᠭᠰᠠᠨ ᠤ᠋ ᠳᠠᠷᠠᠭ᠎ᠠ ᠳᠠᠩᠰᠠᠯᠠᠭᠤᠯᠬᠤ ᠬᠢᠷᠢ ᠭᠡᠮ ᠎ᠢ᠋ ᠬᠦᠴᠦᠨ ᠥᠬᠡᠢ ᠪᠣᠯᠭᠠᠨ᠎ᠠ ᠃
ᠳᠥᠷᠪᠡ ᠂ ᠮᠡᠳᠡᠭᠦᠯᠬᠦ ᠴᠠᠭ ᠬᠤᠭᠤᠴᠠᠭ᠎ᠠ ᠵᠢᠴᠢ ᠠᠷᠭ᠎ᠠ ᠮᠠᠶᠢᠭ
   1. ᠮᠡᠳᠡᠭᠦᠯᠬᠦ ᠨᠥᠬᠥᠴᠡᠯ᠎ ᠳ᠋ᠦ᠍ ᠨᠡᠢᠴᠡᠬᠦ ᠪᠠᠢᠭᠤᠯᠤᠮᠵᠢ 2022 ᠣᠨ᠎ᠤ᠋ 3 ᠰᠠᠷ᠎ᠠ᠎ ᠶ᠋ᠢᠨ 14᠎ ᠦ᠌ ᠡᠳᠦᠷ᠎ᠡᠴᠡ ᠡᠮᠦᠨ᠎ᠡ ᠂ ᠣᠷᠳᠣᠰ ᠬᠣᠲᠠ᠎ᠶ᠋ᠢᠨ ᠠᠷᠠᠳ᠎ ᠤ᠋ᠨ ᠳᠤᠮᠳᠠ ᠵᠡᠷᠭᠡ᠎ ᠶ᠋ᠢᠨ ᠰᠢᠭᠦᠬᠦ ᠬᠣᠷᠢᠶ᠎ᠠ᠎ ᠳ᠋ᠤ᠌ ᠮᠠᠲ᠋ᠧᠷᠢᠶᠠᠯ᠎ ᠢ᠋ᠶ᠋ᠠᠨ ᠲᠤᠰᠢᠶᠠᠵᠤ ᠂ ᠣᠷᠳᠣᠰ ᠬᠣᠲᠠ ᠎ᠶ᠋ᠢᠨ ᠠᠷᠠᠳ᠎ᠤ᠋ᠨ ᠳᠤᠮᠳᠠ ᠵᠡᠷᠭᠡ᠎ ᠶ᠋ᠢᠨ ᠰᠢᠭᠦᠬᠦ ᠬᠣᠷᠢᠶ᠎ᠠ᠎ᠠ᠋ᠴᠠ ᠲᠤᠰ ᠬᠠᠷᠢᠶ᠎ᠠ ᠣᠷᠣᠨ ᠎ᠤ᠋ ᠠᠵᠤ ᠠᠬᠤᠢᠯᠠᠯ᠎ ᠤ᠋ᠨ ᠳᠠᠮᠫᠤᠷᠠᠭᠤᠯᠬᠤ ᠎ᠪᠠᠷ ᠮᠡᠳᠡᠭᠦᠯᠦᠭᠰᠡᠨ ᠬᠠᠮᠢᠶᠠᠷᠤᠯᠲᠠ᠎ᠶ᠋ᠢᠨ ᠬᠥᠮᠦᠨ ᠎ᠦ᠌ ᠨᠡᠷ᠎ᠡ᠎ ᠶ᠋ᠢᠨ ᠳᠠᠩᠰᠠ᠎ ᠶ᠋ᠢ ᠳᠠᠩᠰᠠᠯᠠᠭᠰᠠᠨ ᠪᠠᠢᠭᠤᠯᠤᠮᠵᠢ ᠎ᠶ᠋ᠢᠨ ᠲᠤᠰᠢᠶᠠᠭᠰᠠᠨ ᠮᠠᠲ᠋ᠧᠷᠢᠶᠠᠯ ᠎ᠢ᠋ ᠠᠩᠬ᠎ᠠ ᠬᠢᠨᠠᠭᠰᠠᠨ ᠎ᠤ᠋ ᠳᠠᠷᠠᠭ᠎ᠠ ᠂ ᠥᠪᠥᠷ ᠮᠣᠩᠭᠣᠯ ᠎ᠤ᠋ᠨ ᠥᠪᠡᠷᠲᠡᠭᠡᠨ ᠵᠠᠰᠠᠬᠤ ᠣᠷᠣᠨ᠎ ᠤ᠋ ᠠᠷᠠᠳ᠎ᠤ᠋ᠨ ᠥᠨᠳᠥᠷ ᠵᠡᠷᠭᠡ ᠎ᠶ᠋ᠢᠨ ᠰᠢᠭᠦᠬᠦ ᠬᠣᠷᠢᠶ᠎ᠠ ᠎ᠶ᠋ᠢᠨ ᠠᠷᠠᠳ᠎ ᠤ᠋ᠨ ᠬᠣᠶᠠᠳᠤᠭᠠᠷ ᠲᠢᠩᠬᠢᠮ ᠎ᠳ᠋ᠦ᠍ ᠮᠡᠳᠡᠭᠦᠯᠦᠨ  ᠬᠦᠷᠭᠡᠨ᠎ᠡ ᠂ ᠬᠤᠭᠤᠴᠠᠭ᠎ᠠ ᠨᠢ ᠬᠡᠲᠦᠷᠡᠭᠰᠡᠨ ᠪᠠᠢᠪᠠᠯ ᠬᠦᠯᠢᠶᠡᠵᠦ ᠠᠪᠬᠤ ᠦᠭᠡᠢ ︔
   2. ᠮᠡᠳᠡᠭᠦᠯᠬᠦ ᠮᠠᠲ᠋ᠧᠷᠢᠶᠠᠯ᠎ ᠢ᠋ ᠡᠮᠦᠨ᠎ᠡ ᠥᠭᠦᠯᠡᠭᠰᠡᠨ ᠳᠡᠰ ᠳᠠᠷᠠᠭᠠᠯᠠᠯ ᠎ᠢ᠋ᠶ᠋ᠠᠷ ᠳᠡᠪᠲᠡᠷᠯᠡᠵᠦ ᠂ ᠨᠢᠭᠡ ᠬᠡᠯᠪᠡᠷᠢ  ᠬᠣᠶᠠᠷ ᠬᠤᠪᠢ ᠨᠡᠮᠡᠵᠦ ᠂ ᠬᠠᠮᠲᠤ᠎ ᠳ᠋ᠤᠨᠢ ᠬᠣᠶᠠᠷ ᠬᠤᠪᠢ ᠭᠤᠶᠤᠴᠢᠯᠠᠯ ᠎ᠤ᠋ᠨ ᠬᠦᠰᠦᠨᠦᠭᠲᠦ ᠳᠠᠭᠠᠯᠳᠤᠭᠤᠯᠵᠤ ᠂ ᠳᠠᠷᠤᠮᠠᠯᠯᠠᠭᠰᠠᠨ  ᠪᠢᠴᠢᠭ᠌ ᠮᠠᠲ᠋ᠧᠷᠢᠶᠠᠯ᠎ ᠢ᠋ ᠥᠩᠭᠡᠲᠦ ᠳᠠᠷᠤᠮᠠᠯᠯᠠᠬᠤ ᠱᠠᠭᠠᠷᠳᠠᠯᠭ᠎ᠠ᠎ ᠲᠠᠢ ᠪᠥᠭᠡᠳ ᠡᠯᠧᠺᠲ᠋ᠷᠣᠨ ᠪᠢᠴᠢᠭᠯᠡᠯ ᠎ᠢ᠋ ᠳᠠᠭᠠᠯᠳᠤᠭᠤᠯᠬᠤ ᠬᠡᠷᠡᠭᠲᠡᠢ ᠃

ᠬᠠᠷᠢᠯᠴᠠᠬᠤ ᠬᠥᠮᠦᠨ ᠄ ᠵᠠᠩ ᠷᠦᠨ ᠰᠢᠶᠣᠣ
ᠬᠠᠷᠢᠯᠴᠠᠬᠤ ᠤᠲᠠᠰᠤ ᠄ 0477—8160321 ᠂ 17604770889
ᠳᠠᠭᠠᠯᠳᠤᠭᠤᠯᠤᠯ ᠄


   

    1. 《 ᠠᠵᠤ ᠠᠬᠤᠢᠯᠠᠯ ᠎ᠤ᠋ᠨ ᠳᠠᠮᠫᠤᠷᠠᠯ ᠎ᠤ᠋ᠨ ᠬᠡᠷᠡᠭ᠎ ᠦ᠋ᠨ ᠬᠠᠮᠢᠶᠠᠷᠤᠭᠴᠢ᠎ ᠶ᠋ᠢᠨ ᠳᠠᠩᠰᠠᠨ ᠳ᠋ᠤ᠌ ᠣᠷᠣᠭᠤᠯᠬᠤ ᠭᠤᠶᠤᠴᠢᠯᠠᠯ᠎ ᠤ᠋ᠨ  ᠪᠢᠴᠢᠭ᠌》


   

    2. 《 ᠭᠡᠷᠡᠴᠢ 》


   

    3. ᠪᠤᠰᠤᠳ ᠬᠦᠰᠦᠨᠦᠭ

 


   

    4. 《 ᠠᠮᠠᠯᠠᠯᠲᠠ᠎ᠶ᠋ᠢᠨ  ᠪᠢᠴᠢᠭ᠌ 》
 ᠣᠷᠳᠣᠰ ᠬᠣᠲᠠ᠎ᠶ᠋ᠢᠨ ᠠᠷᠠᠳ᠎ᠶ᠋ᠢᠨ ᠳᠤᠮᠳᠠ ᠵᠡᠷᠭᠡ  ᠢ᠋ᠢᠨ ᠰᠢᠭᠦᠬᠦ ᠬᠣᠷᠢᠶ᠎ᠠ
 2022 ᠣᠨ ᠤ᠋ 2 ᠰᠠᠷ᠎ᠠ᠎ ᠶ᠋ᠢᠨ 15 ᠎ᠤ᠋ ᠡᠳᠦᠷ

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )