ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠨᠠᠮ ᠤ᠋ᠨ  ᠳᠤᠭᠤᠢᠯᠠᠩ ᠤ᠋ᠨ ᠣᠨᠣᠯ ᠰᠤᠷᠤᠯᠴᠠᠬᠤ ᠲᠥᠪ ᠦ᠋ᠨ ᠳᠤᠭᠤᠢᠯᠠᠩ ᠱ᠋ᠢ ᠵᠢᠨ ᠫᠢᠩ ᠦ᠋ᠨ ᠬᠠᠤᠯᠢ ᠪᠠᠷ ᠵᠠᠰᠠᠬᠤ ᠦᠵᠡᠯ ᠰᠠᠨᠠᠭ᠎ᠠ ᠵᠢᠴᠢ ᠡᠩᠨᠡᠭᠡᠨ ᠦ᠌ ᠰᠤᠷᠭᠠᠨ ᠬᠥᠮᠦᠵᠢᠯ ᠢ᠋ ᠴᠡᠭᠴᠡᠯᠡᠬᠦ ᠠᠵᠢᠯ ᠤ᠋ᠨ ᠲᠤᠰᠬᠠᠢ ᠰᠡᠳᠦᠪᠲᠦ ᠰᠤᠳᠤᠯᠤᠨ ᠶᠠᠷᠢᠯᠴᠠᠬᠤ ᠬᠤᠷᠠᠯ ᠬᠢᠪᠡ
2021.08.13 ᠲᠣᠰ ᠥᠷᠲᠡᠭᠡᠨ ᠦ ᠨᠠᠢᠷᠠᠭᠤᠯᠤᠭᠴᠢ

      ᠰᠣᠨᠢᠨ ᠮᠡᠳᠡᠭᠡ ᠨᠡᠢᠲᠡᠯᠡᠬᠦ ᠬᠤᠷᠠᠯ ᠳᠡᠭᠡᠷ᠎ᠡ ᠣᠷᠳᠤᠰ ᠬᠣᠲᠠ ᠶ᠋ᠢᠨᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠳᠡᠳ᠋ ᠱᠦᠵᠢ ᠂ ᠳᠡᠳ᠋ ᠬᠣᠷᠢᠶᠠᠨ ᠳᠠᠷᠤᠭ᠎ᠠ ᠯᠢ ᠵᠢᠩ ᠭᠦᠸᠧ ᠣᠷᠳᠣᠰ ᠬᠣᠲᠠ ᠶ᠋ᠢᠨ ᠰᠢᠭᠦᠬᠦ ᠬᠣᠷᠢᠶᠠᠨ ᠤ᠋ ᠳᠤᠭᠤᠢᠯᠠᠩ ᠶ᠋ᠢᠨ ᠰᠤᠷᠭᠠᠨ ᠬᠥᠮᠦᠵᠢᠯ ᠢ᠋ ᠴᠡᠭᠴᠡᠯᠡᠬᠦ ᠠᠵᠢᠯ ᠤ᠋ᠨ ᠠᠬᠢᠴᠠ ᠶ᠋ᠢᠨ ᠪᠠᠢᠳᠠᠯ ᠢ᠋ ᠮᠡᠳᠡᠭᠳᠡᠪᠡ ᠃

 


     

     ᠪᠦᠬᠦ ᠤᠯᠤᠰ ᠤ᠋ᠨ ᠠᠩᠬᠠᠳᠤᠭᠠᠷ ᠪᠦᠯᠦᠭ ᠤᠯᠤᠰ ᠲᠥᠷᠥ ᠬᠠᠤᠯᠢ ᠴᠠᠭᠠᠵᠠ ᠶ᠋ᠢᠨ  ᠳᠤᠭᠤᠢᠯᠠᠩ ᠦ᠌ ᠬᠥᠮᠦᠵᠢᠯ ᠴᠡᠭᠴᠡᠯᠡᠯᠲᠡ ᠥᠷᠨᠢᠭᠦᠯᠦᠭᠰᠡᠨ ᠡᠴᠡ ᠨᠡᠰᠢ ᠣᠷᠳᠣᠰ ᠬᠣᠲᠠ ᠶ᠋ᠢᠨ ᠬᠣᠶᠠᠷ ᠱᠠᠲᠤᠨ ᠤ᠋ ᠰᠢᠭᠦᠬᠦ ᠬᠣᠷᠢᠶ᠎ᠠ ᠶ᠋ᠢ ᠱᠢ ᠵᠢᠨ ᠫᠢᠩ ᠦ᠋ᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠣᠭᠣᠳᠤᠯᠭ᠎ᠠ ᠪᠣᠯᠭᠠᠨ ᠂ ᠶᠡᠷᠦᠩᠬᠡᠢ ᠱᠦᠵᠢ ᠱᠢ ᠵᠢᠨ ᠫᠢᠩ ᠦ᠋ᠨ ᠴᠢᠬᠤᠯᠠ ᠵᠢᠭᠠᠪᠤᠷᠢ ᠶ᠋ᠢᠨ ᠵᠣᠷᠢᠭ ᠰᠠᠨᠠᠭ᠎ᠠ ᠶ᠋ᠢ ᠡᠷᠡᠰ ᠲᠤᠤᠱᠯᠠᠭᠤᠯᠵᠤ ᠨᠠᠮ ᠤ᠋ᠨ ᠲᠥᠪ ᠬᠣᠷᠢᠶ᠎ᠠ ᠂ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠣᠷᠢᠶ᠎ᠠ ᠂ ᠬᠣᠲᠠ ᠶ᠋ᠢᠨ ᠨᠠᠮ ᠤ᠋ᠨ ᠬᠣᠷᠢᠶᠠᠨ ᠤ᠋ ᠰᠢᠢᠳᠪᠦᠷᠢᠲᠦ ᠪᠣᠳᠣᠯᠭ᠎ᠠ ᠶ᠋ᠢᠨ ᠪᠠᠢᠷᠢᠯᠠᠭᠤᠯᠤᠯᠲᠠ ᠶᠣᠰᠣᠭᠠᠷ ᠲᠥᠪ ᠬᠣᠷᠢᠶᠠᠨ ᠤ᠋ ᠳᠥᠷᠪᠡᠳᠦᠭᠡᠷ ᠱᠠᠭᠠᠷᠳᠠᠨ ᠵᠢᠯᠣᠭᠣᠳᠬᠤ ᠳᠤᠭᠤᠢᠯᠠᠩ ᠳ᠋ᠤ᠌ ᠴᠢᠩᠭ᠎ᠠ ᠬᠢᠨᠠᠯᠲᠠ ᠲᠠᠯᠪᠢᠭᠰᠠᠨ ᠪᠠᠢᠨ᠎ᠠ
     ᠪᠥᠬᠥ ᠬᠣᠲᠠ ᠶ᠋ᠢᠨ ᠰᠢᠭᠦᠬᠦ ᠬᠣᠷᠢᠶ᠎ᠠ ᠤᠯᠤᠰ ᠲᠥᠷᠥ ᠶ᠋ᠢᠨ ᠬᠥᠲᠥᠯᠦᠮᠵᠢ ᠶ᠋ᠢ ᠳᠣᠪᠣᠢᠯᠭᠠᠨ ᠰᠤᠷᠤᠯᠴᠠᠯᠭ᠎ᠠ ᠬᠥᠮᠦᠵᠢᠯ ᠢ᠋ ᠦᠷᠭᠦᠯᠵᠢᠯᠡᠨ ᠭᠦᠨᠵᠡᠭᠡᠢᠷᠡᠭᠦᠯᠪᠡ ᠃ ᠪᠦᠬᠦ ᠴᠠᠭᠳᠠᠭ᠎ᠠ ᠶ᠋ᠢᠨ《ᠤᠯᠤᠰ ᠲᠥᠷᠥ ᠶ᠋ᠢ ᠡᠷᠬᠢᠮᠯᠡᠬᠦ》 ᠠᠵᠢᠯᠯᠠᠭ᠎ᠠ ᠶ᠋ᠢ ᠭᠦᠨᠵᠡᠭᠡᠢ ᠥᠷᠨᠢᠭᠦᠯᠵᠦ ᠂《ᠥᠷᠯᠥᠭᠡ ᠶ᠋ᠢᠨ ᠤᠩᠰᠢᠨ ᠣᠷᠣᠢ ᠶ᠋ᠢᠨ ᠰᠤᠷᠤᠯᠴᠠᠯᠭ᠎ᠠ + ᠰᠤᠷᠤᠯᠴᠠᠯᠭ᠎ᠠ ᠶ᠋ᠢᠨ ᠵᠣᠷᠰᠢᠯᠲᠤ ᠬᠤᠷᠠᠯ + ᠲᠥᠪᠯᠡᠷᠡᠭᠦᠯᠦᠨ ᠰᠤᠳᠤᠯᠤᠨ ᠶᠠᠷᠢᠯᠴᠠᠬᠤ 》 ᠰᠤᠷᠤᠯᠴᠠᠯᠭ᠎ᠠ ᠶ᠋ᠢᠨ ᠵᠠᠭᠪᠤᠷ ᠤ᠋ᠨ ᠲᠤᠰᠬᠠᠢ ᠰᠡᠳᠦᠪ ᠦ᠋ᠨ ᠲᠠᠢᠯᠤᠮᠵᠢ 127 ᠲᠠᠯᠠᠪᠤᠷ ᠤᠳᠠᠭ᠎ᠠ ᠂ ᠰᠢᠷᠢᠰ ᠠᠵᠢᠯᠯᠠᠭ᠎ᠠ 69 ᠤᠳᠠᠭ᠎ᠠ ᠶᠠᠪᠤᠭᠳᠠᠵᠤ ᠂ ᠪᠦᠬᠦ ᠬᠣᠲᠠ ᠶ᠋ᠢᠨ ᠰᠢᠭᠦᠬᠦ ᠬᠣᠷᠢᠶᠠᠨ ᠤ᠋ ᠰᠡᠷᠡᠮᠵᠢᠯᠡᠭᠦᠯᠬᠦ ᠬᠥᠮᠦᠵᠢᠯ ᠦ᠋ᠨ ᠶᠡᠬᠡ ᠬᠤᠷᠠᠯ ᠂ ᠴᠢᠬᠡᠴᠢ ᠵᠠᠰᠠᠭ ᠤ᠋ᠨ ᠬᠥᠮᠦᠵᠢᠯ ᠦ᠋ᠨ ᠮᠡᠳᠡᠭᠦᠯᠦᠯᠲᠡ ᠶ᠋ᠢᠨ ᠬᠤᠷᠠᠯ ᠢ᠋ 88 ᠤᠳᠠᠭ᠎ᠠ ᠡᠷᠬᠢᠯᠡᠪᠡ ᠲᠡᠷᠢᠭᠦᠨ ᠦ᠌ ᠨᠡᠢᠲᠡᠯᠢᠭ  ᠵᠢᠱᠢᠶᠡᠴᠢ ᠶ᠋ᠢ ᠭᠠᠷᠭᠠᠭᠰᠠᠨ 66 ᠨᠡᠷᠡᠰ  ᠺᠠᠲᠠᠷ ᠴᠠᠭᠳᠠᠭ᠎ᠠ ᠶ᠋ᠢ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠤᠯᠤᠰ ᠲᠥᠷᠥ ᠬᠠᠤᠯᠢ ᠴᠠᠭᠠᠵᠠ ᠶ᠋ᠢᠨ ᠰᠢᠰᠲ᠋ᠧᠮ ᠦ᠋ᠨ《ᠲᠡᠷᠢᠭᠦᠨ ᠦ᠌ ᠬᠤᠪᠢ ᠬᠥᠮᠦᠨ》 ᠦ᠌ ᠰᠢᠯᠭᠠᠷᠠᠭᠤᠯᠤᠭᠰᠠᠨ 12 ᠨᠡᠷᠡᠰ  ᠺᠠᠲᠠᠷ ᠴᠠᠭᠳᠠᠭ᠎ᠠ ᠶ᠋ᠢ ᠣᠷᠳᠣᠰ ᠬᠣᠲᠠ ᠶ᠋ᠢᠨ ᠤᠯᠤᠰ ᠲᠥᠷᠥ ᠬᠠᠤᠯᠢ ᠴᠠᠭᠠᠵᠠ ᠶ᠋ᠢᠨ ᠰᠢᠰᠲ᠋ᠧᠮ ᠦ᠋ᠨ《ᠲᠡᠷᠢᠭᠦᠨ ᠦ᠌ ᠨᠡᠢᠲᠡᠯᠢᠭ ᠵᠢᠱ᠌ᠢᠶ᠎ᠡ》ᠶ᠋ᠢᠨ ᠲᠥᠯᠥᠭᠡᠯᠡᠭᠴᠢ ᠪᠡᠷ ᠲᠣᠭᠲᠠᠭᠠᠵᠠᠢ᠃
     ᠪᠥᠬᠥ ᠬᠣᠲᠠ ᠶ᠋ᠢᠨ ᠰᠢᠭᠦᠬᠦ ᠬᠣᠷᠢᠶ᠎ᠠ ᠪᠠᠢᠴᠠᠭᠠᠨ ᠵᠠᠯᠠᠷᠠᠭᠤᠯᠬᠤ ᠠᠵᠢᠯ ᠢ᠋ ᠭᠦᠨᠵᠡᠭᠡᠢ ᠠᠬᠢᠭᠤᠯᠤᠭᠰᠠᠨ ᠪᠠᠢᠨ᠎ᠠ ᠃ ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ 534  ᠺᠠᠲᠠᠷ ᠴᠠᠭᠳᠠᠭ᠎ᠠ ᠥᠪᠡᠷᠲᠡᠭᠡᠨ ᠪᠠᠢᠴᠠᠭᠠᠬᠤ ᠵᠦᠢᠯ ᠦ᠋ᠨ ᠮᠡᠳᠡᠭᠦᠯᠦᠯᠲᠡ ᠶ᠋ᠢᠨ ᠬᠦᠰᠦᠨᠦᠭ ᠢ᠋ᠶ᠋ᠡᠷ ᠠᠰᠠᠭᠤᠳᠠᠯ ᠢ᠋ ᠰᠠᠨᠠᠭᠠᠴᠢᠯᠠᠭ᠎ᠠ ᠲᠠᠢ ᠪᠠᠷ ᠲᠣᠳᠣᠷᠬᠠᠢᠯᠠᠭᠰᠠᠨ ᠨᠢ 102 ᠬᠥᠮᠦᠨ ᠨᠠᠮ ᠤ᠋ᠨ ᠳᠤᠭᠤᠢᠯᠠᠩ ᠪᠤᠶᠤ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ ᠬᠢᠨᠠᠨ ᠪᠠᠢᠴᠠᠭᠠᠬᠤ ᠵᠥᠪᠯᠡᠯ ᠳ᠋ᠦ᠍ ᠠᠰᠠᠭᠤᠳᠠᠯ ᠢ᠋ ᠰᠠᠨᠠᠭᠠᠴᠢᠯᠠᠭ᠎ᠠ ᠠ᠋ᠴᠠ ᠪᠠᠨ ᠲᠠᠢᠯᠪᠤᠷᠢᠯᠠᠭᠰᠠᠨ ᠪᠠᠢᠨ᠎ᠠ ᠃ ᠪᠥᠬᠥ ᠬᠣᠲᠠ ᠶ᠋ᠢᠨ ᠰᠢᠭᠦᠬᠦ ᠬᠣᠷᠢᠶ᠎ᠠ ᠨᠢᠭᠡᠨᠲᠡ 673 ᠬᠥᠮᠦᠨ ᠢ᠋ ᠵᠣᠬᠢᠶᠠᠨ ᠪᠠᠢᠭᠤᠯᠤᠨ ᠰᠢᠢᠳᠪᠦᠷᠢᠯᠡᠪᠡ ᠃ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ 2  ᠺᠠᠲᠠᠷ ᠴᠠᠭᠳᠠᠭ᠎ᠠ ᠂ ᠡᠵᠡᠨ ᠬᠣᠷᠣᠭ᠎ᠠ ᠬᠤᠰᠢᠭᠤᠨ ᠤ᠋ ᠰᠢᠭᠦᠬᠦ ᠬᠣᠷᠢᠶ᠎ᠠ ᠶ᠋ᠢᠨ 2  ᠺᠠᠲᠠᠷ ᠴᠠᠭᠳᠠᠭ᠎ᠠ ᠰᠠᠬᠢᠯᠭ᠎ᠠ ᠪᠠᠲᠤ ᠬᠠᠤᠯᠢ ᠴᠠᠭᠠᠵᠠ ᠠ᠋ᠴᠠ ᠵᠥᠷᠢᠴᠡᠭᠰᠡᠨ ᠬᠦᠨᠳᠦ ᠨᠣᠴᠢᠲᠠᠢ ᠬᠡᠷᠡᠭ ᠲᠦ᠍ ᠬᠣᠯᠪᠣᠭᠳᠠᠭᠰᠠᠨ ᠠ᠋ᠴᠠ ᠪᠣᠯᠵᠤ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ ᠬᠢᠨᠠᠨ ᠪᠠᠢᠴᠠᠭᠠᠬᠤ ᠵᠥᠪᠯᠡᠯ ᠳ᠋ᠦ᠍ ᠦᠯᠡᠳᠡᠭᠡᠨ ᠬᠡᠷᠡᠭ ᠪᠣᠯᠭᠠᠨ ᠳᠠᠩᠰᠠᠯᠠᠵᠤ ᠬᠢᠨᠠᠨ ᠪᠠᠢᠴᠠᠭᠠᠪᠠ ᠃
      ᠪᠥᠬᠥ ᠬᠣᠲᠠ ᠶ᠋ᠢᠨ ᠰᠢᠭᠦᠬᠦ ᠬᠣᠷᠢᠶ᠎ᠠ ᠵᠠᠰᠠᠨ ᠪᠠᠢᠭᠤᠯᠬᠤ ᠶ᠋ᠢ ᠵᠡᠷᠭᠡᠪᠡᠷ ᠠᠳᠬᠤᠵᠤ ᠂ ᠠᠷᠬᠠᠭ ᠡᠪᠡᠳᠴᠢᠨ ᠢ᠋ ᠵᠠᠰᠠᠨ ᠴᠡᠭᠴᠡᠯᠡᠪᠡ ᠃ ᠪᠥᠬᠥ ᠬᠣᠲᠠ ᠶ᠋ᠢᠨ ᠰᠢᠭᠦᠬᠦ ᠬᠣᠷᠢᠶ᠎ᠠ ᠬᠡᠮ ᠠᠷᠬᠠᠭ ᠪᠣᠯᠤᠨ ᠳᠣᠪᠣᠢᠮ᠎ᠠ ᠠᠰᠠᠭᠤᠳᠠᠯ ᠢ᠋ ᠡᠮᠬᠢᠯᠡᠵᠦ 208 ᠵᠦᠢᠯ ᠨᠢ ᠨᠢᠭᠡᠨᠲᠡ 205 ᠵᠦᠢᠯ ᠪᠣᠯᠭᠠᠨ ᠴᠡᠭᠴᠡᠯᠡᠪᠡ ᠃ ᠪᠠᠢᠴᠠᠭᠠᠬᠤ ᠪᠠ ᠵᠠᠰᠠᠬᠤ ᠶ᠋ᠢ ᠤᠶᠠᠯᠳᠤᠭᠤᠯᠬᠤ ᠂ ᠳᠠᠷᠤᠢ ᠪᠠᠢᠴᠠᠭᠠᠬᠤ ᠂ ᠳᠠᠷᠤᠢ ᠡᠯ᠎ᠡ ᠲᠥᠷᠥᠯ ᠦ᠋ᠨ ᠳᠦᠷᠢᠮ ᠳ᠋ᠦ᠍ ᠵᠠᠰᠠᠪᠤᠷᠢ ᠣᠷᠣᠭᠤᠯᠤᠨ ᠲᠡᠭᠦᠯᠳᠡᠷᠵᠢᠭᠦᠯᠬᠦ 264 ᠲᠥᠷᠥᠯ ᠦ᠋ᠨ ᠰᠤᠷᠲᠠᠯ ᠤ᠋ᠨ ᠳᠦᠷᠢ ᠲᠥᠷᠬᠦ ᠮᠡᠳᠡᠭᠳᠡᠮ᠎ᠡ ᠰᠠᠢᠵᠢᠷᠠᠪᠠ ᠃
     ᠪᠥᠬᠥ ᠬᠣᠲᠠ ᠶ᠋ᠢᠨ ᠰᠢᠭᠦᠬᠦ ᠬᠣᠷᠢᠶ᠎ᠠ ᠠᠷᠠᠳ ᠤ᠋ᠨ ᠠᠮᠢᠳᠤᠷᠠᠯ ᠤ᠋ᠨ ᠱᠠᠭᠠᠷᠳᠠᠯᠭ᠎ᠠ ᠶ᠋ᠢ ᠳᠣᠪᠣᠢᠯᠭᠠᠵᠤ 《 ᠪᠢ ᠣᠯᠠᠨ ᠲᠦᠮᠡᠨ ᠳ᠋ᠦ᠍ ᠪᠣᠳᠠᠲᠤ ᠶᠠᠪᠤᠳᠠᠯ ᠬᠢᠵᠦ ᠥᠭᠬᠦ 》 ᠠᠵᠢᠯᠯᠠᠭ᠎ᠠ ᠶ᠋ᠢ ᠯᠠᠪᠳᠠᠭᠤᠨ ᠪᠠᠲᠤᠲᠠᠢ ᠥᠷᠨᠢᠭᠦᠯᠪᠡ ᠃ 《ᠡᠭᠦᠳᠡ ᠨᠡᠭᠡᠭᠡᠵᠦ ᠢᠳᠬᠠᠯ  ᠬᠤᠷᠢᠶᠠᠬᠤ》 ᠰᠠᠨᠠᠯ ᠬᠤᠷᠢᠶᠠᠬᠤ ᠰᠠᠭᠤᠳᠠᠯ ᠤ᠋ᠨ ᠬᠤᠷᠠᠯ ᠢ᠋ 39 ᠤᠳᠠᠭ᠎ᠠ ᠬᠤᠷᠠᠯᠳᠤᠭᠤᠯᠵᠤ 299 ᠵᠤᠷᠪᠤᠰ ᠰᠠᠨᠠᠯ ᠬᠤᠷᠢᠶᠠᠬᠤ ᠰᠠᠨᠠᠭᠤᠯᠭ᠎ᠠ ᠶ᠋ᠢ ᠨᠢᠭᠡᠨᠲᠡ ᠪᠦᠬᠦᠨ ᠢ᠋ ᠴᠡᠭᠴᠡᠯᠡᠨ ᠰᠠᠢᠵᠢᠷᠠᠭᠤᠯᠵᠤ ᠪᠡᠶᠡᠯᠡᠭᠦᠯᠪᠡ ᠃ ᠠᠷᠠᠳ ᠣᠯᠠᠨ ᠤ᠋ ᠲᠤᠢᠯ ᠢ᠋ᠶ᠋ᠠᠷ ᠪᠠᠴᠢᠮᠳᠠᠵᠤ ᠵᠣᠪᠠᠵᠤ ᠪᠠᠢᠬᠤ ᠠᠰᠠᠭᠤᠳᠠᠯ ᠳ᠋ᠤ᠌ ᠴᠢᠭᠯᠡᠭᠦᠯᠦᠨ ᠠᠷᠠᠳ ᠲᠤ᠌ ᠳᠥᠭᠥᠮ ᠦᠵᠡᠭᠦᠯᠬᠦ ᠰᠢᠷᠢᠰ ᠦᠢᠯᠡᠴᠢᠯᠡᠭᠡᠨ ᠦ᠌ ᠠᠷᠭ᠎ᠠ ᠬᠡᠮᠵᠢᠶ᠎ᠡ 131 ᠵᠦᠢᠯ ᠣᠯᠠᠨ ᠲᠦᠮᠡᠨ ᠳ᠋ᠦ᠍ 114 ᠪᠣᠳᠠᠲᠠᠢ ᠠᠵᠢᠯ ᠬᠢᠵᠦ ᠂ ᠣᠯᠠᠨ ᠲᠦᠮᠡᠨ ᠦ᠌ 346 ᠵᠦᠢᠯ ᠢ᠋ ᠰᠢᠢᠳᠪᠦᠷᠢᠯᠡᠪᠡ ᠃
     ᠳᠠᠷᠠᠭ᠎ᠠ ᠠᠯᠬᠤᠮ ᠳ᠋ᠤ᠌ ᠪᠥᠬᠥ ᠬᠣᠲᠠ ᠶ᠋ᠢᠨ ᠰᠢᠭᠦᠬᠦ ᠬᠣᠷᠢᠶ᠎ᠠ ᠰᠤᠷᠭᠠᠨ ᠬᠥᠮᠦᠵᠢᠯ ᠦ᠋ᠨ ᠴᠡᠭᠴᠡᠯᠡᠯᠲᠡ ᠶ᠋ᠢᠨ 《ᠡᠷᠭᠢᠵᠦ ᠬᠠᠷᠠᠬᠤ》ᠠᠵᠢᠯ ᠢ᠋ ᠪᠥᠬᠥ ᠲᠠᠯ᠎ᠠ ᠪᠠᠷ ᠥᠷᠨᠢᠭᠦᠯᠵᠦ ᠂ ᠬᠦᠷᠦᠯᠴᠡᠬᠦ ᠥᠬᠡᠢ ᠲᠠᠯ᠎ᠠ ᠪᠠᠨ ᠨᠥᠬᠥᠪᠥᠷᠢᠯᠡᠨ ᠂ ᠪᠠᠭᠤᠷᠠᠢ ᠲᠠᠯ᠎ᠠ ᠪᠠᠨ ᠨᠥᠬᠥᠪᠥᠷᠢᠯᠡᠨ ᠂ ᠬᠢᠨᠠᠨ ᠵᠢᠯᠣᠭᠣᠳᠴᠤ ᠲᠤᠰᠬᠠᠭᠰᠠᠨ ᠠᠰᠠᠭᠤᠳᠠᠯ ᠢ᠋ ᠪᠥᠬᠥ ᠲᠠᠯ᠎ᠠ ᠪᠠᠷ ᠴᠡᠭᠴᠡᠯᠡᠨ ᠰᠠᠢᠵᠢᠷᠠᠭᠤᠯᠪᠠ ᠂ ᠬᠡᠷᠡᠭ ᠵᠠᠷᠭᠤ ᠶ᠋ᠢᠨ ᠰᠦᠪᠡᠭᠴᠢ ᠶ᠋ᠢ ᠪᠥᠬᠥ ᠲᠠᠯ᠎ᠠ ᠪᠠᠷ ᠰᠢᠢᠳᠪᠦᠷᠢᠯᠡᠨ ᠳᠠᠭᠤᠰᠬᠠᠵᠤ ᠂ ᠬᠡᠮ ᠠᠷᠬᠠᠭ ᠭᠡᠮ ᠢ᠋ ᠴᠡᠭᠴᠡᠯᠡᠨ ᠵᠠᠰᠠᠵᠤ ᠴᠡᠪᠡᠷᠯᠡᠨ ᠂ ᠤᠷᠲᠤ ᠬᠤᠭᠤᠴᠠᠭᠠᠨ ᠤ᠋ ᠪᠦᠲᠦᠮᠵᠢᠲᠡᠢ ᠳᠦᠷᠢᠮ ᠲᠣᠭᠲᠠᠴᠠ ᠲᠡᠭᠦᠯᠳᠡᠷᠵᠢᠨ ᠂ ᠡᠩᠨᠡᠭᠡᠨ ᠦ᠌ ᠴᠢᠳᠠᠪᠤᠷᠢ ᠬᠡᠪ ᠴᠢᠨᠠᠷ ᠢ᠋ ᠢᠯᠡᠳᠲᠡ ᠳᠡᠭᠡᠭᠰᠢᠯᠡᠭᠦᠯᠦᠨ᠎ᠡ ᠃ 《 ᠪᠢ ᠣᠯᠠᠨ ᠲᠦᠮᠡᠨ ᠳ᠋ᠦ᠍ ᠪᠣᠳᠠᠲᠤ ᠶᠠᠪᠤᠳᠠᠯ ᠬᠢᠵᠦ ᠥᠭᠭᠦ》ᠦᠢᠯᠡᠳᠦᠯᠭᠡ ᠶ᠋ᠢᠨ ᠠᠵᠢᠯᠯᠠᠭ᠎ᠠ ᠶ᠋ᠢ ᠦᠷᠭᠦᠯᠵᠢᠯᠡᠨ ᠭᠦᠨᠵᠡᠭᠡᠢᠷᠡᠭᠦᠯᠵᠦ ᠂ ᠰᠤᠷᠭᠠᠨ ᠬᠥᠮᠦᠵᠢᠯ ᠦ᠋ᠨ ᠴᠡᠭᠴᠡᠯᠡᠯᠲᠡ ᠶ᠋ᠢᠨ ᠦᠷ᠎ᠡ ᠪᠦᠲᠦᠭᠡᠯ ᠢ᠋ ᠦᠷᠭᠦᠯᠵᠢᠯᠡᠨ ᠪᠡᠬᠢᠵᠢᠭᠦᠯᠵᠦ ᠂ ᠪᠥᠬᠥ ᠬᠣᠲᠠ ᠶ᠋ᠢᠨ ᠰᠢᠭᠦᠬᠦ ᠬᠣᠷᠢᠶ᠎ᠠ ᠶ᠋ᠢᠨ ᠰᠢᠭᠦᠨ ᠲᠠᠰᠤᠯᠬᠤ ᠭᠦᠢᠴᠡᠳᠬᠡᠬᠦ ᠠᠵᠢᠯ ᠤ᠋ᠨ  ᠳᠡᠭᠡᠳᠦ ᠴᠢᠨᠠᠷ ᠴᠢᠨᠰᠠᠭ᠎ᠠ ᠲᠠᠢ ᠬᠥᠭᠵᠢᠯᠲᠡ ᠶ᠋ᠢ ᠲᠦᠯᠬᠢᠨ ᠠᠬᠢᠭᠤᠯᠵᠤ ᠣᠷᠳᠣᠰ ᠤ᠋ᠨ ᠴᠢᠨᠠᠷ ᠰᠠᠢᠲᠠᠢ ᠬᠥᠭᠵᠢᠯᠲᠡ ᠶ᠋ᠢ ᠪᠡᠶᠡᠯᠡᠭᠦᠯᠬᠦ ᠳ᠋ᠦ᠍ ᠬᠠᠤᠯᠢ ᠴᠠᠭᠠᠵᠠ ᠶ᠋ᠢᠨ ᠬᠦᠴᠦᠲᠡᠢ ᠦᠢᠯᠡᠴᠢᠯᠡᠭᠡ ᠬᠠᠩᠭᠠᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )