ᠡᠨᠡ ᠵᠢᠯ ᠡᠴᠡ ᠨᠡᠰᠢ ᠂ ᠪᠥᠬᠥ ᠬᠣᠲᠠ ᠶ᠋ᠢᠨ ᠰᠢᠭᠦᠬᠦ ᠬᠣᠷᠢᠶ᠎ᠠ ᠰᠢᠭᠦᠨ ᠲᠠᠰᠤᠯᠵᠤ ᠭᠦᠢᠴᠡᠳᠬᠡᠬᠦ ᠂ ᠵᠠᠬᠢᠳᠠᠯ ᠰᠤᠷᠪᠤᠯᠵᠢᠯᠠᠭ᠎ᠠ ᠶ᠋ᠢ ᠨᠠᠮᠳᠠᠭᠠᠬᠤ ᠂ ᠡᠵᠡᠩᠨᠡᠯᠲᠡ ᠶ᠋ᠢᠨ ᠣᠷᠴᠢᠨ ᠲᠣᠭᠣᠷᠢᠨ ᠢ᠋ ᠰᠠᠢᠵᠢᠷᠠᠭᠤᠯᠬᠤ ᠂ ᠡᠩᠨᠡᠭᠡᠨ ᠦ᠌ ᠰᠤᠷᠭᠠᠨ ᠬᠥᠮᠦᠵᠢᠯ ᠢ᠋ ᠴᠡᠭᠴᠡᠯᠡᠬᠦ ᠵᠡᠷᠭᠡ ᠡᠯ᠎ᠡ ᠲᠥᠷᠥᠯ ᠦ᠋ᠨ ᠠᠵᠢᠯ ᠡᠭᠦᠷᠭᠡ ᠬᠦᠨᠳᠦ ᠨᠦᠰᠡᠷ ᠂ ᠪᠦᠬᠦ ᠺᠠᠲᠠᠷ ᠴᠠᠭᠳᠠᠭ᠎ᠠ ᠨᠠᠷ 《ᠭᠤᠷᠪᠠᠨ ᠦᠬᠡᠷ》 ᠦ᠋ᠨ ᠵᠣᠷᠢᠭ ᠰᠠᠨᠠᠭ᠎ᠠ ᠶ᠋ᠢ ᠭᠦᠢᠴᠡᠳ ᠪᠠᠳᠠᠷᠠᠭᠤᠯᠤᠨ ᠬᠠᠲᠠᠭᠤᠵᠢᠯᠲᠠᠢ ᠲᠡᠮᠡᠴᠡᠵᠦ ᠪᠡᠶ᠎ᠡ ᠮᠠᠬᠠᠪᠣᠳ ᠪᠣᠯᠤᠨ ᠰᠡᠳᠬᠢᠯ ᠰᠠᠨᠠᠭ᠎ᠠ ᠪᠠᠨ ᠪᠦᠷ ᠥᠨᠳᠥᠷ ᠶᠠᠳᠠᠷᠠᠭᠠᠨ ᠲᠠᠢ ᠪᠠᠢᠨ᠎ᠠ ᠃ ᠺᠠᠲᠠᠷ ᠴᠠᠭᠳᠠᠭ᠎ᠠ ᠶ᠋ᠢᠨ ᠪᠡᠶ᠎ᠡ ᠰᠡᠳᠬᠢᠴᠡ ᠶ᠋ᠢᠨ ᠡᠷᠡᠭᠦᠯ ᠮᠡᠨᠳᠦ ᠶ᠋ᠢ ᠦᠨᠡᠨᠬᠦ ᠬᠠᠯᠠᠮᠵᠢᠯᠠᠵᠤ ᠂ ᠢᠳᠡᠪᠬᠢᠲᠡᠢ ᠡᠷᠡᠭᠦᠯ ᠮᠡᠨᠳᠦ ᠶ᠋ᠢᠨ ᠰᠡᠳᠬᠢᠴᠡ ᠶ᠋ᠢᠨ ᠬᠡᠪ ᠴᠢᠨᠠᠷ ᠢ᠋ ᠬᠥᠮᠦᠵᠢᠭᠦᠯᠬᠦ ᠶ᠋ᠢᠨ ᠲᠥᠯᠥᠭᠡ ᠂ ᠣᠢᠷ᠎ᠠ ᠳ᠋ᠤ᠌ ᠣᠷᠳᠣᠰ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠤᠯᠤᠰ ᠤ᠋ᠨ ᠬᠣᠶᠠᠳᠤᠭᠠᠷ ᠳᠡᠰ ᠦ᠋ᠨ ᠰᠡᠳᠬᠢᠴᠡ ᠶ᠋ᠢᠨ ᠵᠥᠪᠯᠡᠯᠭᠡ ᠥᠭᠭᠦᠭᠴᠢ ᠂ ᠤᠯᠤᠰ ᠤ᠋ᠨ ᠪᠦᠯᠬᠦᠮ ᠦ᠋ᠨ ᠬᠠᠪᠰᠤᠷᠤᠨ ᠵᠢᠯᠣᠭᠣᠳᠬᠤ ᠵᠥᠪᠯᠡᠯᠭᠡ ᠥᠭᠭᠦᠭᠴᠢ ᠂ ᠡᠨᠧᠷᠭᠢ ᠶ᠋ᠢᠨ ᠰᠡᠳᠬᠢᠴᠡ ᠶ᠋ᠢᠨ ᠵᠥᠪᠯᠡᠯᠭᠡ ᠥᠭᠭᠦᠭᠴᠢ ᠂ ᠪᠠᠭᠰᠢ ᠨᠢ ᠪᠥᠬᠥ ᠬᠣᠲᠠ ᠶ᠋ᠢᠨ ᠬᠣᠶᠠᠷ ᠱᠠᠲᠤᠨ ᠤ᠋ ᠰᠢᠭᠦᠬᠦ ᠬᠣᠷᠢᠶᠠᠨ ᠤ᠋ ᠺᠠᠲᠠᠷ ᠴᠠᠭᠳᠠᠭ᠎ᠠ ᠳ᠋ᠤ᠌ 《ᠠᠵᠢᠯᠯᠠᠬᠤ ᠭᠡᠷ ᠪᠦᠯᠢ ᠶ᠋ᠢᠨ ᠠᠮᠢᠳᠤᠷᠠᠯ ᠤ᠋ᠨ ᠬᠣᠣᠰ ᠰᠢᠯᠢᠳᠡᠭ》《 ᠦᠢᠯᠡᠳᠦᠯ ᠴᠢᠳᠠᠪᠬᠢ 》ᠠᠵᠢᠯᠯᠠᠭ᠎ᠠ ᠥᠷᠨᠢᠭᠦᠯᠪᠡ ᠃
ᠠᠵᠢᠯᠯᠠᠭ᠎ᠠ ᠶ᠋ᠢᠨ ᠳᠤᠮᠳᠠ ᠂ ᠰᠠᠴᠤᠷᠠ ᠪᠠᠭᠰᠢ ᠨᠠᠮ ᠰᠡᠯᠡᠭᠦᠦ ᠮᠥᠷᠲᠡᠭᠡᠨ ᠬᠣᠱᠣᠩ ᠱᠣᠭ ᠲᠤᠰᠬᠠᠯ ᠭᠠᠷᠭᠠᠨ ᠂ ᠬᠥᠮᠦᠰ ᠦ᠋ᠨ ᠠᠩᠬᠠᠷᠤᠯ ᠢ᠋ ᠲᠠᠲᠠᠵᠤ ᠢᠯᠠᠯᠲᠠ ᠣᠯᠤᠭᠰᠠᠨ ᠬᠡᠷᠡᠭ ᠵᠢᠱ᠌ᠢᠶ᠎ᠡ ᠪᠡᠷ ᠢ᠋ᠶ᠋ᠡᠨ ᠲᠤᠰ ᠪᠡᠶ᠎ᠡ ᠶ᠋ᠢᠨ ᠡᠳᠦᠷ ᠳᠣᠳᠣᠮ ᠤ᠋ᠨ ᠠᠮᠢᠳᠤᠷᠠᠯ ᠂ ᠠᠵᠢᠯ ᠤ᠋ᠨ ᠳᠤᠮᠳᠠᠬᠢ ᠵᠢᠵᠢᠭ ᠰᠠᠵᠢᠭ ᠵᠦᠢᠯᠡᠰ ᠵᠢᠴᠢ ᠲᠥᠷᠥᠭᠳᠡᠯ ᠨᠢ ᠭᠦᠢᠬᠡᠨ ᠡᠴᠡ ᠭᠦᠨ ᠂ ᠭᠦᠨᠵᠡᠭᠡᠢ ᠳᠥᠭᠥᠮ ᠲᠦᠳᠡ ᠵᠠᠳᠠᠯᠤᠨ ᠰᠢᠨᠵᠢᠯᠡᠵᠦ ᠂ ᠺᠠᠲᠠᠷ ᠴᠠᠭᠳᠠᠭ᠎ᠠ ᠨᠠᠷ ᠥᠪᠡᠷ ᠦ᠋ᠨ ᠰᠢᠨᠵᠢᠯᠡᠬᠦ ᠤᠬᠠᠭᠠᠨᠴᠢ ᠪᠠᠷ ᠳᠠᠷᠤᠯᠲᠠ ᠪᠠᠭᠤᠷᠠᠭᠤᠯᠤᠨ ᠬᠠᠮᠢᠶᠠᠷᠬᠤ ᠤᠷᠮ᠎ᠠ ᠰᠡᠳᠬᠢᠯᠭᠡ ᠲᠡᠢ ᠪᠣᠯᠭᠠᠵᠤ ᠂ ᠥᠪᠡᠷ ᠦ᠋ᠨ ᠪᠡᠶ᠎ᠡ ᠶ᠋ᠢᠨ ᠵᠣᠬᠢᠴᠠᠭᠤᠯᠬᠤ ᠭᠡᠷ ᠪᠦᠯᠢ ᠪᠣᠯᠤᠨ ᠠᠵᠢᠯ ᠤ᠋ᠨ ᠬᠠᠷᠢᠯᠴᠠᠭ᠎ᠠ ᠰᠤᠷᠤᠯᠴᠠᠯᠭ᠎ᠠ ᠶ᠋ᠢ ᠪᠡᠨ ᠲᠡᠩᠴᠡᠪᠦᠷᠢᠲᠡᠢ ᠪᠠᠢᠯᠭᠠᠵᠤ᠂ ᠺᠠᠲᠠᠷ ᠴᠠᠭᠳᠠᠭ᠎ᠠ ᠨᠠᠷ ᠤᠨ ᠰᠠᠢᠨ ᠦᠨᠡᠯᠡᠯᠲᠡ ᠵᠢ ᠣᠯᠤᠭᠰᠠᠨ ᠪᠠᠢᠨ᠎ᠠ᠃
ᠣᠢᠷ᠎ᠠ ᠶ᠋ᠢᠨ ᠵᠢᠯ ᠡᠴᠡ ᠨᠡᠰᠢ ᠂ ᠬᠡᠯᠪᠡᠷᠢ ᠶ᠋ᠢ ᠬᠤᠪᠢᠷᠠᠭᠤᠯᠬᠤ ᠴᠠᠭ ᠬᠤᠭᠤᠴᠠᠭᠠᠨ ᠳ᠋ᠠᠬᠢ ᠡᠯ᠎ᠡ ᠵᠦᠢᠯ ᠦ᠋ᠨ ᠵᠥᠷᠢᠴᠡᠯ ᠵᠢᠭᠤᠷᠠᠭᠠᠨ ᠶᠡᠬᠡ ᠬᠡᠮᠵᠢᠶ᠎ᠡ ᠪᠡᠷ ᠢᠯᠡᠷᠡᠨ ᠭᠠᠷᠴᠤ ᠂ ᠰᠢᠭᠦᠬᠦ ᠬᠣᠷᠢᠶᠠᠨ ᠤ᠋ 《 ᠬᠡᠷᠡᠭ ᠣᠯᠠᠨ ᠬᠥᠮᠦᠨ ᠴᠥᠭᠡᠨ》 ᠦ᠌ ᠵᠥᠷᠢᠴᠡᠯ ᠡᠳᠦᠷ ᠢᠷᠡᠬᠦᠶ᠎ᠡ ᠳᠣᠪᠣᠢᠵᠤ ᠪᠠᠢᠨ᠎ᠠ ᠃ ᠮᠠᠰᠢ ᠣᠯᠠᠨ ᠺᠠᠲᠠᠷ ᠴᠠᠭᠳᠠᠭ᠎ᠠ ᠨᠠᠷ ᠣᠨᠴᠠᠭᠠᠢᠯᠠᠨ ᠨᠢᠭᠡᠳᠦᠭᠡᠷ ᠹᠷᠣᠨᠲ ᠤ᠋ᠨ ᠦᠨᠳᠦᠰᠦᠨ ᠱᠠᠲᠤᠨ ᠤ᠋ ᠰᠢᠭᠦᠭᠴᠢ ᠶ᠋ᠢᠨ ᠡᠭᠦᠷᠭᠡ ᠬᠦᠨᠳᠦ ᠨᠦᠰᠡᠷ ᠂ ᠮᠠᠰᠢ ᠣᠯᠠᠨ ᠺᠠᠲᠠᠷ ᠴᠠᠭᠳᠠᠭ᠎ᠠ ᠠᠮᠠᠷᠠᠯᠲᠠ ᠶ᠋ᠢᠨ ᠡᠳᠦᠷ ᠴᠠᠭ ᠨᠡᠮᠡᠵᠦ ᠠᠵᠢᠯᠯᠠᠬᠤ ᠪᠠ ᠠᠵᠢᠯ ᠨᠡᠮᠡᠬᠦ ᠠᠵᠢᠯ ᠤ᠋ᠨ ᠤᠷᠲᠤ ᠬᠤᠭᠤᠴᠠᠭ᠎ᠠ ᠪᠠᠷ ᠠᠴᠢᠶᠠᠯᠠᠯ ᠬᠡᠲᠦᠷᠡᠬᠦ ᠪᠠᠢᠳᠠᠯ ᠨᠡᠢᠳᠡᠮ ᠣᠷᠣᠰᠢᠵᠤ ᠪᠠᠢᠨ᠎ᠠ ᠃ ᠣᠷᠳᠣᠰ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠨᠠᠮ ᠤ᠋ᠨ ᠤᠳᠤᠷᠢᠳᠬᠤ ᠳᠤᠭᠤᠢᠯᠠᠩ ᠨᠢ ᠺᠠᠲᠠᠷ ᠴᠠᠭᠳᠠᠭ᠎ᠠ ᠶ᠋ᠢᠨ ᠪᠡᠶ᠎ᠡ ᠰᠡᠳᠬᠢᠴᠡ ᠶ᠋ᠢᠨ ᠡᠷᠡᠭᠦᠯ ᠴᠢᠭᠢᠷᠠᠭ ᠤ᠋ᠨ ᠠᠰᠠᠭᠤᠳᠠᠯ ᠢ᠋ ᠳᠡᠭᠡᠳᠦ ᠬᠡᠮᠵᠢᠶ᠎ᠡ ᠪᠡᠷ ᠴᠢᠬᠤᠯᠠᠴᠢᠯᠠᠵᠤ ᠂ ᠴᠠᠭᠳᠠᠭ᠎ᠠ ᠳ᠋ᠤ᠌ ᠬᠠᠷᠠᠭᠠᠯᠵᠠᠯ ᠦᠵᠡᠭᠦᠯᠬᠦ ᠡᠯ᠎ᠡ ᠵᠦᠢᠯ ᠦ᠋ᠨ ᠲᠥᠷᠥ ᠶ᠋ᠢᠨ ᠪᠣᠳᠣᠯᠭ᠎ᠠ ᠶ᠋ᠢ ᠤᠯᠠᠮ ᠨᠢᠭᠡ ᠠᠯᠬᠤᠮ ᠨᠠᠢᠳᠠᠪᠤᠷᠢᠵᠢᠭᠤᠯᠤᠨ ᠣᠯᠠᠨ ᠵᠦᠢᠯ ᠦ᠋ᠨ ᠠᠷᠭ᠎ᠠ ᠬᠡᠮᠵᠢᠶ᠎ᠡ ᠶ᠋ᠢ ᠵᠡᠷᠭᠡᠪᠡᠷ ᠠᠪᠴᠤ ᠂ ᠺᠠᠲᠠᠷ ᠴᠠᠭᠳᠠᠭ᠎ᠠ ᠶ᠋ᠢᠨ ᠥᠪᠡᠷ ᠢ᠋ ᠪᠡᠨ ᠲᠣᠬᠢᠷᠠᠭᠤᠯᠬᠤ ᠴᠢᠳᠠᠪᠤᠷᠢ ᠪᠣᠯᠤᠨ ᠳᠠᠷᠤᠯᠲᠠ ᠶ᠋ᠢ ᠡᠰᠡᠷᠭᠦᠴᠡᠬᠦ ᠴᠢᠳᠠᠪᠤᠷᠢ ᠶ᠋ᠢ ᠳᠡᠭᠡᠭᠰᠢᠯᠡᠭᠦᠯᠦᠨ ᠂ ᠡᠩᠨᠡᠭᠡ ᠶ᠋ᠢᠨ ᠲᠥᠪᠯᠡᠷᠡᠬᠦ ᠬᠦᠴᠦᠨ ᠂ ᠨᠢᠭᠲᠠᠷᠠᠭᠤᠯᠬᠤ ᠬᠦᠴᠦᠨ ᠪᠣᠯᠤᠨ ᠳᠠᠢᠴᠢᠨ ᠬᠦᠴᠦᠨ ᠢ᠋ ᠲᠠᠰᠤᠷᠠᠯᠲᠠ ᠦᠭᠡᠢ ᠨᠡᠩ ᠰᠠᠢᠨ ᠣᠶᠤᠨ ᠰᠠᠨᠠᠭᠠᠨ ᠤ᠋ ᠪᠠᠢᠳᠠᠯ ᠢ᠋ᠶ᠋ᠠᠷ ᠠᠵᠢᠯᠯᠠᠵᠤ ᠪᠠᠢᠬᠤ ᠳᠤᠮᠳᠠ ᠣᠷᠣᠭᠤᠯᠵᠤ ᠂ ᠠᠷᠠᠳ ᠣᠯᠠᠨ ᠳ᠋ᠤ᠌ ᠨᠡᠩ ᠰᠠᠢᠨ ᠦᠢᠯᠡᠴᠢᠯᠡᠭᠡ ᠬᠠᠩᠭᠠᠨ᠎ᠠ ᠃
ᠦᠨᠡᠯᠡᠬᠦ 0ᠦᠨᠡᠯᠡᠯᠲᠡ ᠲᠠᠢ