ᠣᠷᠳᠣᠰ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠨᠢᠭᠤᠴᠠ ᠶ᠋ᠢ ᠬᠠᠮᠠᠭᠠᠯᠠᠬᠤ ᠠᠵᠢᠯ ᠤ᠋ᠨ ᠲᠤᠰᠬᠠᠢ ᠰᠡᠳᠦᠪᠲᠦ ᠪᠣᠯᠪᠠᠰᠤᠷᠠᠯ ᠢ᠋ ᠥᠷᠨᠢᠭᠦᠯᠵᠦ ᠨᠢᠭᠤᠴᠠ ᠶ᠋ᠢ ᠬᠠᠮᠠᠭᠠᠯᠠᠬᠤ ᠠᠮᠤᠷ ᠲᠦᠪᠰᠢᠨ ᠦ᠌ ᠰᠡᠷᠭᠡᠢᠯᠡᠯᠲᠡ ᠶ᠋ᠢᠨ ᠱᠤᠭᠤᠮ ᠢ᠋ ᠪᠠᠲᠤᠳᠭᠠᠶ᠎ᠠ
2021.07.19 ᠲᠣᠰ ᠥᠷᠲᠡᠭᠡᠨ᠎ᠦ ᠨᠠᠢᠷᠠᠭᠤᠯᠤᠭᠴᠢ

     ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ ᠨᠢᠭᠤᠴᠠ ᠶ᠋ᠢ ᠬᠠᠮᠠᠭᠠᠯᠠᠬᠤ ᠦᠵᠡᠯ ᠤᠬᠠᠮᠰᠠᠷ ᠢ᠋ ᠦᠨᠡᠨ ᠬᠦ᠌ ᠳᠡᠭᠡᠭᠰᠢᠯᠡᠭᠦᠯᠬᠦ ᠶ᠋ᠢᠨ ᠲᠥᠯᠥᠭᠡ ᠨᠢᠭᠤᠴᠠ ᠶ᠋ᠢ ᠬᠠᠮᠠᠭᠠᠯᠠᠬᠤ ᠰᠠᠬᠢᠯᠭ᠎ᠠ ᠪᠠᠲᠤ ᠶ᠋ᠢ ᠴᠢᠩᠭᠠᠳᠬᠠᠶ᠎ᠠ᠃ 7 ᠰᠠᠷ᠎ᠠ ᠶ᠋ᠢᠨ 12 ᠤ᠋ ᠡᠳᠦᠷ ᠣᠷᠳᠣᠰ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠪᠦᠬᠦ ᠬᠣᠲᠠ ᠶ᠋ᠢᠨ ᠰᠢᠭᠦᠬᠦ ᠬᠣᠷᠢᠶᠠᠨ ᠤ᠋ ᠨᠢᠭᠤᠴᠠ ᠶ᠋ᠢ ᠬᠠᠮᠠᠭᠠᠯᠠᠬᠤ ᠠᠵᠢᠯ ᠤ᠋ᠨ ᠲᠤᠰᠬᠠᠢ ᠰᠡᠳᠦᠪᠲᠦ ᠪᠣᠯᠪᠠᠰᠤᠷᠠᠯ ᠤ᠋ᠨ ᠬᠤᠷᠠᠯ ᠡᠷᠬᠢᠯᠡᠪᠡ᠃ ᠬᠣᠲᠠ ᠶ᠋ᠢᠨ ᠤᠯᠤᠰ ᠤ᠋ᠨ ᠨᠢᠭᠤᠴᠠ ᠶ᠋ᠢ ᠬᠠᠮᠠᠭᠠᠯᠠᠬᠤ ᠲᠣᠪᠴᠢᠶ᠎ᠠ ᠶ᠋ᠢᠨ ᠤᠬᠠᠭᠤᠯᠤᠨ ᠲᠠᠢᠯᠪᠤᠷᠢᠯᠠᠭᠴᠢ ᠵᠧᠩ ᠸᠠᠩ ᠨᠥᠬᠥᠷ ᠢ᠋ ᠤᠷᠢᠵᠤ ᠲᠤᠰᠬᠠᠢ ᠰᠡᠳᠦᠪᠲᠦ ᠲᠠᠢᠯᠤᠮᠵᠢ ᠬᠢᠯᠭᠡᠵᠡᠢ᠃ ᠬᠤᠷᠠᠯ ᠨᠢ ᠬᠠᠷᠠᠭᠠᠨ ᠳᠠᠪᠲᠠᠮᠵᠢ ᠶ᠋ᠢᠨ ᠬᠡᠯᠪᠡᠷᠢ ᠪᠡᠷ ᠪᠥᠬᠥ ᠬᠣᠲᠠ ᠶ᠋ᠢᠨ ᠬᠣᠶᠠᠷ ᠱᠠᠲᠤᠨ ᠤ᠋ ᠰᠢᠭᠦᠬᠦ ᠬᠣᠷᠢᠶᠠᠨ ᠤ᠋ ᠪᠦᠬᠦ ᠺᠠᠲᠠᠷ ᠴᠠᠭᠳᠠᠭ᠎ᠠ ᠬᠤᠷᠠᠯ ᠳ᠋ᠤ᠌ ᠣᠷᠣᠯᠴᠠᠪᠠ ᠃ ᠪᠣᠯᠪᠠᠰᠤᠷᠠᠯ ᠤ᠋ᠨ ᠬᠤᠷᠠᠯ ᠢ᠋ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠳᠡᠳ᠋ ᠱᠦᠵᠢ ᠂ ᠳᠡᠳ᠋ ᠬᠣᠷᠢᠶᠠᠨ ᠳᠠᠷᠤᠭ᠎ᠠ ᠯᠢ ᠵᠢᠩ ᠭᠦᠸᠧ ᠡᠷᠬᠢᠯᠡᠪᠡ ᠃

 

     ᠵᠧᠩ ᠶᠠᠩ ᠨᠥᠬᠥᠷ《 ᠠᠷᠪᠠᠨ ᠬᠣᠶᠠᠷ ᠵᠤᠷᠪᠤᠰ ᠤᠯᠠᠭᠠᠨ ᠱᠤᠭᠤᠮ ᠢ᠋ ᠬᠥᠨᠳᠡᠵᠦ ᠪᠣᠯᠬᠤ ᠥᠬᠡᠢ 》 ᠭᠡᠰᠡᠨ ᠲᠤᠰᠬᠠᠢ ᠰᠡᠳᠦᠪᠲᠦ ᠲᠠᠢᠯᠤᠮᠵᠢ ᠬᠢᠬᠦ ᠳ᠋ᠡᠭᠡᠨ ᠨᠢᠭᠤᠴᠠ ᠶ᠋ᠢ ᠬᠠᠮᠠᠭᠠᠯᠠᠬᠤ ᠠᠵᠢᠯ ᠳ᠋ᠤ᠌ ᠲᠤᠯᠭᠠᠷᠠᠵᠤ ᠪᠠᠢᠭ᠎ᠠ ᠪᠠᠢᠳᠠᠯ ᠂ ᠨᠢᠭᠤᠴᠠ ᠶ᠋ᠢ ᠬᠠᠮᠠᠭᠠᠯᠠᠬᠤ ᠰᠢᠨ᠎ᠡ ᠬᠠᠭᠤᠴᠢᠨ ᠬᠠᠤᠯᠢ ᠶ᠋ᠢᠨ ᠢᠯᠭᠠᠭ᠎ᠠ ᠂《 ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠨᠢᠭᠤᠴᠠ ᠶ᠋ᠢ ᠬᠠᠮᠠᠭᠠᠯᠠᠬᠤ ᠬᠠᠤᠯᠢ》 ᠶ᠋ᠢᠨ 48  ᠳ᠋ᠤᠭᠠᠷ ᠵᠦᠢᠯ ᠳ᠋ᠡᠬᠢ ᠲᠣᠭᠲᠠᠭᠠᠯ ᠠ᠋ᠴᠠ ᠵᠥᠷᠢᠴᠡᠭᠰᠡᠨ 12 ᠵᠦᠢᠯ ᠦ᠋ᠨ ᠠᠵᠢᠯᠯᠠᠭ᠎ᠠ ᠂ ᠨᠢᠭᠤᠴᠠ ᠶ᠋ᠢ ᠬᠠᠮᠠᠭᠠᠯᠠᠬᠤ ᠲᠤᠬᠠᠢ ᠮᠡᠳᠡᠪᠡᠰᠦ ᠵᠣᠬᠢᠬᠤ ᠮᠡᠳᠡᠯᠭᠡ ᠵᠢᠴᠢ ᠡᠳᠦᠷ ᠲᠤᠲᠤᠮ ᠤ᠋ᠨ ᠠᠵᠢᠯᠯᠠᠭ᠎ᠠ ᠵᠡᠷᠭᠡ ᠲᠠᠯ᠎ᠠ ᠲᠠᠢ ᠤᠶᠠᠯᠳᠤᠭᠤᠯᠬᠤ ᠬᠣᠯᠪᠣᠭᠳᠠᠯ ᠪᠦᠬᠦᠢ ᠲᠥᠰᠦᠯ ᠢ᠋ ᠰᠠᠢᠲᠤᠷ ᠬᠢᠵᠡᠢ ᠃

     ᠬᠤᠷᠠᠯ ᠳᠡᠭᠡᠷ᠎ᠡ ᠳᠡᠳ᠋ ᠬᠣᠷᠢᠶᠠᠨ ᠳᠠᠷᠤᠭ᠎ᠠ ᠯᠢ ᠵᠢᠩ ᠭᠣᠣ ᠨᠢᠭᠤᠴᠠ ᠶ᠋ᠢ ᠬᠠᠮᠠᠭᠠᠯᠠᠬᠤ ᠠᠵᠢᠯ ᠢ᠋ ᠤᠯᠠᠮ ᠰᠠᠢᠨ ᠬᠢᠬᠦ ᠲᠤᠬᠠᠢ ᠴᠢᠬᠤᠯᠠᠴᠢᠯᠠᠭᠰᠠᠨ ᠪᠠᠢᠨ᠎ᠠ ᠃

     ᠨᠢᠭᠡ ᠳ᠋ᠦ᠍᠂ ᠤᠯᠤᠰ ᠲᠥᠷᠥ ᠶ᠋ᠢᠨ ᠵᠣᠭᠰᠣᠴᠠ ᠪᠠᠨ ᠳᠡᠭᠡᠭᠰᠢᠯᠡᠭᠦᠯᠵᠦ ᠂ ᠰᠢᠭᠦᠬᠦ ᠬᠣᠷᠢᠶᠠᠨ ᠤ᠋ ᠨᠢᠭᠤᠴᠠ ᠶ᠋ᠢ ᠬᠠᠮᠠᠭᠠᠯᠠᠬᠤ ᠬᠠᠮᠢᠶᠠᠷᠤᠯᠲᠠ ᠶ᠋ᠢᠨ ᠠᠵᠢᠯ ᠢ᠋ ᠦᠨᠡᠨᠬᠦ ᠴᠢᠩᠭᠠᠳᠬᠠᠨ᠎ᠠ ᠃ ᠨᠢᠭᠤᠴᠠ ᠶ᠋ᠢ ᠬᠠᠮᠠᠭᠠᠯᠠᠬᠤ ᠠᠵᠢᠯ ᠨᠢ ᠨᠠᠮ ᠪᠠ ᠤᠯᠤᠰ ᠤ᠋ᠨ ᠠᠵᠢᠯ ᠤ᠋ᠨ ᠶᠡᠬᠡ ᠲᠠᠯ᠎ᠠ ᠳ᠋ᠤ᠌ ᠬᠣᠯᠪᠣᠭᠳᠠᠵᠤ ᠂ ᠤᠯᠤᠰ ᠲᠥᠷᠥ ᠶ᠋ᠢᠨ ᠬᠠᠷᠢᠭᠤᠴᠠᠯᠭ᠎ᠠ ᠶ᠋ᠢ ᠡᠭᠦᠷᠭᠡᠯᠡᠵᠦ ᠂ ᠶᠡᠷᠦᠩᠬᠡᠢ ᠱᠦᠵᠢ ᠰᠢ ᠵᠢᠨ ᠫᠢᠩ ᠦ᠋ᠨ ᠨᠢᠭᠤᠴᠠ ᠶ᠋ᠢ ᠬᠠᠮᠠᠭᠠᠯᠠᠬᠤ ᠪᠠ ᠴᠢᠬᠤᠯᠠ ᠠᠵᠢᠯ ᠤ᠋ᠨ ᠲᠤᠬᠠᠢ ᠴᠢᠬᠤᠯᠠ ᠵᠢᠭᠠᠪᠤᠷᠢ ᠴᠣᠬᠣᠯᠠᠪᠤᠷᠢ ᠶ᠋ᠢᠨ ᠵᠣᠷᠢᠭ ᠰᠠᠨᠠᠭ᠎ᠠ ᠶ᠋ᠢ ᠭᠦᠨᠵᠡᠭᠡᠢ ᠰᠤᠷᠤᠯᠴᠠᠨ ᠣᠢᠯᠠᠭᠠᠵᠤ ᠂ ᠳᠡᠭᠡᠳᠦ ᠱᠠᠲᠤᠨ ᠤ᠋ ᠰᠢᠭᠦᠬᠦ ᠬᠣᠷᠢᠶ᠎ᠠ ᠪᠠ ᠬᠣᠲᠠ ᠶ᠋ᠢᠨ ᠨᠠᠮ ᠤ᠋ᠨ ᠬᠣᠷᠢᠶᠠᠨ ᠤ᠋ ᠨᠢᠭᠤᠴᠠ ᠶ᠋ᠢ ᠬᠠᠮᠠᠭᠠᠯᠠᠬᠤ ᠴᠢᠬᠤᠯᠠ ᠠᠵᠢᠯ ᠤ᠋ᠨ ᠪᠠᠢᠷᠢᠯᠠᠭᠤᠯᠤᠯᠲᠠ ᠶᠣᠰᠣᠭᠠᠷ ᠨᠢᠭᠤᠴᠠ ᠶ᠋ᠢ ᠬᠠᠮᠠᠭᠠᠯᠠᠬᠤ ᠠᠵᠢᠯ ᠢ᠋ ᠬᠢᠨᠠᠨ ᠭᠦᠢᠴᠡᠳᠬᠡᠬᠦ ᠠᠵᠢᠯ ᠲᠠᠢ ᠨᠢᠭᠲᠠ ᠤᠶᠠᠯᠳᠤᠭᠤᠯᠵᠤ ᠂ ᠪᠦᠬᠦ ᠲᠠᠯ᠎ᠠ ᠪᠠᠷ ᠪᠠᠲᠤ ᠪᠡᠬᠢ ᠪᠠᠲᠤᠯᠠᠪᠠ ᠃

     ᠬᠣᠶᠠᠷ ᠲᠤ᠌᠂ ᠨᠢᠭᠤᠴᠠ ᠶ᠋ᠢ ᠬᠠᠮᠠᠭᠠᠯᠠᠬᠤ ᠠᠵᠢᠯ ᠤ᠋ᠨ ᠬᠠᠮᠢᠶᠠᠷᠤᠯᠲᠠ ᠶ᠋ᠢ ᠴᠢᠩᠭᠠᠳᠬᠠᠵᠤ ᠂ ᠰᠡᠷᠭᠡᠢᠯᠡᠬᠦ ᠦᠵᠡᠯ ᠤᠬᠠᠮᠰᠠᠷ ᠢ᠋ᠶ᠋ᠠᠨ ᠦᠨᠡᠨᠬᠦ ᠨᠡᠮᠡᠭᠳᠡᠭᠦᠯᠬᠦ ᠬᠡᠷᠡᠭᠲᠡᠢ ᠃ ᠨᠢᠭᠤᠴᠠ ᠶ᠋ᠢ ᠬᠠᠮᠠᠭᠠᠯᠠᠬᠤ ᠳᠦᠷᠢᠮ ᠲᠣᠭᠲᠠᠭᠠᠯ ᠢ᠋ ᠤᠯᠠᠮ ᠨᠢᠭᠡ ᠠᠯᠬᠤᠮ ᠪᠠᠢᠭᠤᠯᠤᠨ ᠲᠡᠭᠦᠯᠳᠡᠷᠵᠢᠭᠦᠯᠵᠦ ᠨᠢᠭᠤᠴᠠ ᠶ᠋ᠢ ᠬᠠᠮᠠᠭᠠᠯᠠᠬᠤ ᠬᠠᠷᠢᠭᠤᠴᠠᠯᠭ᠎ᠠ ᠶ᠋ᠢᠨ ᠨᠠᠢᠳᠠᠪᠤᠷᠢᠵᠢᠭᠤᠯᠤᠯᠲᠠ ᠶ᠋ᠢ ᠴᠢᠩᠬ᠎ᠠ ᠠᠳᠬᠤᠬᠤ ᠬᠡᠷᠡᠭᠲᠡᠢ ᠃ ᠨᠢᠭᠤᠴᠠ ᠶ᠋ᠢ ᠬᠠᠮᠠᠭᠠᠯᠠᠬᠤ ᠤᠬᠠᠭᠤᠯᠭ᠎ᠠ ᠬᠥᠮᠦᠵᠢᠯ ᠢ᠋ ᠴᠢᠩᠭᠠᠳᠬᠠᠵᠤ ᠥᠷᠭᠡᠨ ᠣᠯᠠᠨ ᠺᠠᠲ᠋ᠷ ᠴᠠᠭᠳᠠᠭ᠎ᠠ ᠶ᠋ᠢ ᠬᠥᠲᠥᠯᠦᠨ ᠵᠢᠯᠣᠭᠣᠳᠴᠤ ᠂ ᠤᠯᠤᠰ ᠤ᠋ᠨ ᠨᠢᠭᠤᠴᠠ ᠶ᠋ᠢ ᠬᠠᠮᠠᠭᠠᠯᠠᠬᠤ ᠬᠠᠷᠢᠭᠤᠴᠠᠯᠭᠠᠲᠤ ᠰᠡᠳᠬᠢᠯᠭᠡ ᠪᠠ ᠤᠬᠠᠮᠰᠠᠷᠲᠤ ᠴᠢᠨᠠᠷ ᠢ᠋ ᠴᠢᠩᠭᠠᠳᠬᠠᠵᠤ ᠂ 《ᠠᠮᠤᠷ ᠲᠦᠪᠰᠢᠨ ᠦ᠌ ᠬᠣᠷᠢᠭ᠎ᠠ ᠱᠤᠭᠤᠮ》 ᠢ᠋ ᠴᠢᠩᠭ᠎ᠠ ᠰᠠᠬᠢᠵᠤ ᠂ ᠰᠡᠷᠡᠮᠵᠢ ᠶ᠋ᠢᠨ ᠬᠣᠩᠬᠣ ᠶ᠋ᠢ ᠬᠡᠵᠢᠶᠡᠳᠡ ᠳᠤᠤᠭᠠᠷᠭᠠᠬᠤ ᠶ᠋ᠢ ᠡᠷᠡᠰ ᠬᠣᠷᠢᠭᠯᠠᠨ᠎ᠠ ᠃

     ᠭᠤᠷᠪᠠ ᠳ᠋ᠤ᠌᠂ ᠲᠣᠭᠲᠠᠭᠰᠠᠨ ᠬᠤᠭᠤᠴᠠᠭ᠎ᠠ ᠲᠠᠢ ᠪᠠᠷ ᠨᠢᠭᠤᠴᠠ ᠶ᠋ᠢ ᠬᠠᠮᠠᠭᠠᠯᠠᠬᠤ ᠥᠪᠡᠷ ᠢ᠋ ᠪᠡᠨ ᠪᠠᠢᠴᠠᠭᠠᠵᠤ ᠥᠪᠡᠷ ᠢ᠋ ᠪᠡᠨ ᠦᠨᠡᠯᠡᠬᠦ ᠶ᠋ᠢ ᠵᠣᠬᠢᠶᠠᠨ ᠪᠠᠢᠭᠤᠯᠵᠤ ᠨᠢᠭᠤᠴᠠ ᠶ᠋ᠢ ᠬᠠᠮᠠᠭᠠᠯᠠᠬᠤ ᠲᠤᠬᠠᠢᠯᠠᠭᠰᠠᠨ ᠠᠵᠢᠯ ᠤ᠋ᠨ ᠴᠢᠳᠠᠪᠤᠷᠢ ᠶ᠋ᠢ ᠳᠡᠭᠡᠭᠰᠢᠯᠡᠭᠦᠯᠬᠦ ᠬᠡᠷᠡᠭᠲᠡᠢ ᠃ ᠨᠢᠭᠤᠴᠠ ᠶ᠋ᠢ ᠬᠠᠮᠠᠭᠠᠯᠠᠬᠤ ᠠᠵᠢᠯ ᠤ᠋ᠨ ᠭᠣᠣᠯ ᠵᠠᠩᠭᠢᠯᠠᠭ᠎ᠠ ᠂ ᠵᠠᠩᠭᠢᠯᠠᠭ᠎ᠠ ᠂ ᠰᠡᠷᠭᠡᠭ ᠴᠠᠭ ᠢ᠋ ᠢᠮᠠᠭᠲᠠ ᠠᠯᠳᠠᠯ ᠥᠬᠡᠢ ᠠᠩᠬᠠᠷᠴᠤ ᠂ ᠥᠪᠡᠷ ᠢ᠋ ᠪᠡᠨ ᠪᠠᠢᠴᠠᠭᠠᠵᠤ ᠥᠪᠡᠷ ᠢ᠋ ᠪᠡᠨ ᠦᠨᠡᠯᠡᠬᠦ ᠪᠠᠷᠢᠮᠵᠢᠶ᠎ᠠ ᠶ᠋ᠢ ᠴᠠᠭ ᠲᠤᠬᠠᠢ ᠳ᠋ᠤᠨᠢ ᠠᠷᠢᠯᠭᠠᠵᠤ ᠂ ᠠᠶᠤᠯ ᠲᠦᠭᠰᠢᠭᠦᠷᠢ ᠶ᠋ᠢᠨ ᠳᠠᠯᠳᠠ ᠭᠡᠮ ᠢ᠋ ᠴᠠᠭ ᠲᠤᠬᠠᠢ ᠳ᠋ᠤᠨᠢ ᠴᠡᠭᠴᠡᠯᠡᠨ ᠥᠭᠡᠷᠡᠴᠢᠯᠡᠵᠦ ᠢᠯᠡᠷᠡᠭᠦᠯᠦᠭᠰᠡᠨ ᠠᠰᠠᠭᠤᠳᠠᠯ ᠢ᠋ ᠰᠠᠢᠲᠤᠷ ᠬᠠᠮᠠᠭᠠᠯᠠᠵᠤ ᠂ ᠨᠢᠭᠤᠴᠠ ᠶ᠋ᠢ ᠬᠠᠮᠠᠭᠠᠯᠠᠬᠤ ᠠᠮᠤᠷ ᠲᠦᠪᠰᠢᠨ ᠦ᠌ ᠰᠡᠷᠭᠡᠢᠯᠡᠯᠲᠡ ᠶ᠋ᠢᠨ ᠱᠤᠭᠤᠮ ᠢ᠋ ᠦᠨᠡᠨᠬᠦ ᠰᠠᠢᠲᠤᠷ ᠰᠠᠬᠢᠬᠤ ᠬᠡᠷᠡᠭᠲᠡᠢ ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )