ᠺᠠᠲᠠᠷ ᠴᠠᠭᠳᠠᠭ᠎ᠠ ᠶ᠋ᠢᠨ ᠡᠷᠲᠡ ᠵᠢᠨ ᠤᠩᠰᠢᠯᠭ᠎ᠠ ᠶ᠋ᠢᠨ ᠰᠤᠷᠤᠯᠴᠠᠯᠭ᠎ᠠ ᠶᠢᠨ ᠬᠦᠳᠡᠯᠭᠡᠭᠡᠨ ᠢ ᠦᠷᠨᠢᠭᠦᠯᠪᠡ
2021.04.17 ᠲᠣᠰ ᠥᠷᠲᠡᠭᠡᠨ ᠦ ᠨᠠᠢᠷᠠᠭᠤᠯᠤᠭᠴᠢ

     ᠡᠩᠨᠡᠭᠡᠨ ᠦ᠌ ᠰᠤᠷᠭᠠᠨ ᠬᠥᠮᠦᠵᠢᠯ ᠦ᠋ᠨ ᠴᠡᠭᠴᠡᠯᠡᠯᠲᠡ ᠶ᠋ᠢᠨ ᠠᠵᠢᠯ ᠢ᠋ ᠯᠠᠪᠳᠠᠭᠤᠨ ᠢ᠋ᠶ᠋ᠠᠷ ᠲᠦᠯᠬᠢᠨ ᠠᠬᠢᠭᠤᠯᠵᠤ ᠬᠡᠷᠡᠭ ᠪᠣᠯᠭᠠᠨ ᠳᠠᠩᠰᠠᠯᠠᠬᠤ ᠪᠠ ᠵᠠᠷᠭᠤ ᠳ᠋ᠤ᠌ ᠦᠢᠯᠡᠴᠢᠯᠡᠬᠦ ᠡᠭᠦᠷᠭᠡ ᠴᠢᠳᠠᠪᠬᠢ ᠶ᠋ᠢ ᠤᠯᠠᠮ ᠨᠢᠭᠡ ᠠᠯᠬᠤᠮ ᠨᠡᠢᠯᠡᠭᠦᠯᠦᠨ ᠴᠡᠭᠴᠡᠯᠡᠨ ᠨᠡᠢᠯᠡᠭᠦᠯᠵᠦ ᠂ ᠠᠵᠢᠯ ᠤ᠋ᠨ ᠪᠠᠢᠷᠢᠯᠠᠭᠤᠯᠤᠯᠲᠠ ᠶ᠋ᠢ ᠨᠢᠭᠡᠳᠦᠯᠲᠡᠢ ᠲᠥᠯᠥᠪᠵᠢᠭᠦᠯᠦᠨ ᠂ ᠠᠵᠢᠯ ᠤ᠋ᠨ ᠡᠭᠦᠷᠭᠡ ᠶ᠋ᠢ ᠵᠣᠬᠢᠴᠠᠭᠤᠯᠤᠨ ᠬᠠᠮᠵᠢᠯᠴᠠᠵᠤ ᠂ ᠠᠵᠢᠯ ᠤ᠋ᠨ ᠠᠵᠢᠯᠯᠠᠭᠠᠨ ᠤ᠋ ᠲᠣᠭᠲᠠᠴᠠ ᠶ᠋ᠢ  ᠪᠠᠢᠭᠤᠯᠬᠤ ᠵᠢᠨ ᠲᠥᠯᠦᠭᠡ᠂ 4 ᠰᠠᠷ᠎ᠠ ᠠ᠋ᠴᠠ ᠡᠬᠢᠯᠡᠨ  ᠬᠡᠷᠡᠭ ᠪᠣᠯᠭᠠᠨ ᠳᠠᠩᠰᠠᠯᠠᠬᠤ ᠲᠢᠩᠬᠢᠮ ᠪᠠ ᠵᠠᠷᠭᠤ ᠶ᠋ᠢᠨ ᠦᠢᠯᠡᠴᠢᠯᠡᠭᠡᠨ ᠦ᠌ ᠲᠥᠪ ᠨᠢ  ᠡᠷᠲᠡ ᠵᠢᠨ ᠤᠩᠰᠢᠯᠭ᠎ᠠ ᠵᠢᠨ ᠬᠥᠳᠡᠯᠭᠡᠭᠡᠨ ᠢ᠋ ᠥᠷᠨᠢᠭᠦᠯᠦᠭᠰᠡᠨ ᠶᠤᠮ᠃


     

    ᠡᠷᠲᠡ ᠵᠢᠨ  ᠰᠤᠷᠤᠯᠴᠠᠯᠭ᠎ᠠ ᠪᠠ  ᠲᠣᠬᠢᠷᠠᠭᠤᠯᠤᠯᠲᠠ ᠶ᠋ᠢᠨ ᠲᠠᠯ᠎ᠠ ᠪᠠᠷ ᠂  ᠰᠢ ᠵᠢᠨ ᠫᠢᠩ ᠦ᠋ᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠂ ᠶᠡᠷᠦᠩᠬᠡᠢ ᠱᠦᠵᠢ  ᠰᠢ ᠵᠢᠨ ᠫᠢᠩ ᠦ᠋ᠨ ᠰᠢᠷᠢᠰ ᠶᠠᠷᠢᠶᠠᠨ ᠤ᠋ ᠵᠣᠷᠢᠭ ᠰᠠᠨᠠᠭ᠎ᠠ ᠂ ᠨᠠᠮ ᠤ᠋ᠨ ᠲᠡᠦᠬᠡ ᠤᠯᠤᠰ ᠤ᠋ᠨ ᠲᠡᠦᠬᠡ ᠂ ᠮᠡᠳᠡᠪᠡᠰᠦ ᠵᠣᠬᠢᠬᠤ ᠭᠠᠷ ᠠᠪᠤᠯᠭ᠎ᠠ ᠶ᠋ᠢᠨ ᠲᠣᠭᠣᠷᠢᠨ ᠳ᠋ᠤ᠌ ᠣᠨᠣᠯ ᠤ᠋ᠨ ᠰᠤᠷᠤᠯᠴᠠᠯᠭ᠎ᠠ ᠬᠢᠪᠡ᠃ ᠣᠷᠤᠢ ᠵᠢᠨ  ᠰᠤᠷᠤᠯᠴᠠᠯᠭ᠎ᠠ ᠶ᠋ᠢᠨ ᠴᠠᠭ ᠢ᠋ ᠠᠰᠢᠭᠯᠠᠨ ᠂ ᠠᠵᠢᠯ ᠤ᠋ᠨ ᠪᠠᠢᠷᠢ ᠶ᠋ᠢᠨ ᠡᠭᠦᠷᠭᠡ ᠬᠠᠷᠢᠭᠤᠴᠠᠯᠭ᠎ᠠ ᠲᠠᠢ ᠪᠠᠨ ᠤᠶᠠᠯᠳᠤᠭᠤᠯᠤᠨ 《 ᠢᠷᠭᠡᠨ ᠦ᠌ ᠬᠠᠤᠯᠢ ᠶ᠋ᠢᠨ ᠪᠢᠴᠢᠭ᠌ 》 《 ᠢᠷᠭᠡᠨ ᠦ᠌ ᠵᠠᠷᠭᠤ ᠶ᠋ᠢᠨ ᠬᠠᠤᠯᠢ ᠵᠢᠴᠢ ᠬᠠᠤᠯᠢ ᠴᠠᠭᠠᠵᠠ ᠶ᠋ᠢᠨ ᠲᠠᠢᠯᠪᠤᠷᠢᠯᠠᠯᠲᠠ ᠶ᠋ᠢᠨ ᠡᠮᠬᠢᠳᠬᠡᠯ 》 ᠵᠡᠷᠭᠡ ᠬᠠᠤᠯᠢ ᠴᠠᠭᠠᠵᠠ ᠶ᠋ᠢᠨ ᠲᠤᠬᠠᠢᠯᠠᠭᠰᠠᠨ ᠠᠵᠢᠯ ᠤ᠋ᠨ ᠮᠡᠳᠡᠯᠭᠡ ᠶ᠋ᠢ ᠰᠤᠷᠤᠯᠴᠠᠵᠤ ᠂ ᠲᠤᠬᠠᠢᠯᠠᠭᠰᠠᠨ ᠠᠵᠢᠯ ᠤ᠋ᠨ ᠰᠤᠷᠤᠯᠴᠠᠯᠭ᠎ᠠ ᠪᠠᠷ ᠬᠣᠶᠠᠷ ᠢ᠋  ᠳᠡᠭᠡᠭᠰᠢᠯᠡᠭᠦᠯᠦᠨ᠎ᠡ᠃
     ᠰᠤᠷᠤᠯᠴᠠᠯᠭ᠎ᠠ ᠶ᠋ᠢᠨ ᠬᠡᠯᠪᠡᠷᠢ ᠶ᠋ᠢᠨ ᠲᠠᠯ᠎ᠠ ᠪᠠᠷ ᠂ ᠰᠡᠷᠡᠮᠵᠢᠯᠡᠭᠦᠯᠬᠦ ᠬᠥᠮᠦᠵᠢᠯ ᠦ᠋ᠨ ᠹᠢᠯᠢᠮ ᠰᠣᠨᠢᠷᠬᠠᠬᠤ ᠪᠠᠷ ᠳᠠᠮᠵᠢᠭᠤᠯᠤᠨ ᠂ ᠺᠠᠲ᠋ᠷ ᠴᠠᠭᠳᠠᠭ᠎ᠠ ᠶ᠋ᠢᠨ ᠠᠷᠢᠭᠤᠨ ᠴᠢᠬᠡᠴᠢ ᠪᠡᠷ ᠪᠡᠶ᠎ᠡ ᠪᠡᠨ ᠱᠠᠭᠠᠷᠳᠠᠬᠤ ᠲᠠᠨᠢᠯᠲᠠ ᠶ᠋ᠢ ᠤᠯᠠᠮ ᠨᠢᠭᠡ ᠠᠯᠬᠤᠮ ᠴᠢᠩᠭᠠᠳᠬᠠᠵᠤ ᠂ ᠢᠯᠵᠢᠷᠡᠯ ᠢ᠋ ᠡᠰᠡᠷᠭᠦᠴᠡᠨ ᠬᠤᠪᠢᠷᠠᠬᠤ ᠶ᠋ᠢ ᠰᠡᠷᠭᠡᠢᠯᠡᠬᠦ ᠦᠵᠡᠯ ᠰᠠᠨᠠᠭᠠᠨ ᠤ᠋ ᠰᠡᠷᠭᠡᠢᠯᠡᠯᠲᠡ ᠶ᠋ᠢᠨ ᠱᠤᠭᠤᠮ ᠢ᠋ ᠪᠡᠬᠢᠵᠢᠭᠦᠯᠦᠶ᠎ᠡ ᠨᠠᠮ ᠤ᠋ᠨ ᠲᠡᠦᠬᠡ ᠶ᠋ᠢᠨ ᠪᠠᠷᠢᠮᠲᠠᠲᠤ ᠺᠢᠨᠣ᠋ ᠶ᠋ᠢ ᠦᠵᠡᠵᠦ ᠂   ᠯᠢ  ᠳ᠋ᠠ ᠵᠣᠣ ᠂ ᠴᠧᠨ ᠳ᠋ᠦ᠋ ᠰᠢᠦ ᠂ ᠮᠠᠤ ᠽᠧ ᠳ᠋ᠦᠩ ᠵᠡᠷᠭᠡ ᠠᠯᠳᠠᠷᠲᠤ ᠡᠪ ᠬᠠᠮᠲᠤᠴᠤᠳ ᠤ᠋ᠨ ᠦᠯᠢᠭᠡᠷ ᠢ᠋ ᠰᠣᠨᠢᠷᠬᠠᠭᠤᠯᠤᠭᠰᠠᠨ ᠶᠤᠮ᠃
    ᠤᠯᠤᠰ ᠲᠥᠷᠥ ᠬᠠᠤᠯᠢ ᠴᠠᠭᠠᠵᠠ ᠶ᠋ᠢᠨ ᠡᠩᠨᠡᠭᠡ ᠶ᠋ᠢᠨ ᠰᠤᠷᠭᠠᠨ ᠬᠥᠮᠦᠵᠢᠯ ᠢ᠋ ᠴᠡᠭᠴᠡᠯᠡᠬᠦ ᠠᠵᠢᠯ ᠢ᠋ ᠥᠷᠨᠢᠭᠦᠯᠦᠭᠰᠡᠨ ᠡᠴᠡ ᠨᠡᠰᠢ᠂ ᠣᠷᠳᠣᠰ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ《ᠡᠷᠲᠡ ᠵᠢᠨ ᠤᠩᠰᠢᠯᠭ᠎ᠠ +  ᠣᠷᠤᠢ ᠵᠢᠨ ᠰᠤᠷᠤᠯᠴᠠᠯᠭ᠎ᠠ》 ᠵᠢᠨ ᠰᠢᠨ᠎ᠡ ᠬᠡᠪ ᠵᠠᠭᠪᠤᠷ  ᠢ᠋ ᠪᠤᠢ ᠪᠣᠯᠭᠠᠭᠰᠠᠨ ᠶᠤᠮ᠃《ᠡᠷᠲᠡ ᠵᠢᠨ ᠤᠩᠰᠢᠯᠭ᠎ᠠ +  ᠣᠷᠤᠢ ᠵᠢᠨ ᠰᠤᠷᠤᠯᠴᠠᠯᠭ᠎ᠠ 》 ᠨᠢ  ᠺᠠᠲᠠᠷ ᠴᠠᠭᠳᠠᠭ᠎ᠠ ᠳ᠋ᠤ᠌ ᠬᠠᠮᠲᠤ ᠪᠠᠷ ᠰᠤᠷᠤᠯᠴᠠᠬᠤ ᠂ ᠰᠣᠯᠢᠯᠴᠠᠬᠤ ᠂ ᠦᠰᠦᠨ ᠪᠣᠢᠵᠢᠬᠤ ᠲᠠᠪᠴᠠᠩ  ᠬᠠᠩᠭᠠᠵᠤ  ᠦᠵᠡᠯ ᠰᠠᠨᠠᠭᠠᠨ ᠤ᠋ ᠲᠠᠯ᠎ᠠ ᠪᠠᠷ《ᠴᠠᠬᠢᠯᠭᠠᠨ ᠴᠡᠨᠡᠭᠯᠡᠵᠦ》 ᠵᠣᠷᠢᠭ ᠰᠠᠨᠠᠭᠠᠨ ᠤ᠋ ᠲᠠᠯ᠎ᠠ ᠪᠠᠷ 《ᠺᠠᠯᠼ  ᠨᠥᠬᠦᠪᠦᠷᠢᠯᠡᠵᠦ》 ᠰᠤᠷᠤᠯᠴᠠᠬᠤ ᠤᠷᠮ᠎ᠠ ᠵᠣᠷᠢᠭ ᠢ᠋ ᠬᠥᠭᠵᠢᠭᠡᠵᠦ ᠂ ᠰᠤᠷᠤᠯᠴᠠᠬᠤ ᠤᠬᠠᠮᠰᠠᠷᠲᠤ ᠴᠢᠨᠠᠷ ᠪᠠ ᠰᠠᠨᠠᠭᠠᠴᠢᠯᠠᠭᠠᠲᠤ ᠴᠢᠨᠠᠷ ᠢ᠋ ᠳᠡᠭᠡᠭᠰᠢᠯᠡᠭᠦᠯᠦᠭᠰᠡᠨ ᠪᠠᠢᠵᠠᠢ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )