4 ᠰᠠᠷ᠎ᠠ ᠶ᠋ᠢᠨ 10 ᠤ᠋ ᠦᠳᠡ ᠶ᠋ᠢᠨ ᠬᠣᠢᠨ᠎ᠠ᠂ ᠭᠠᠷᠠᠭ ᠤ᠋ᠨ ᠰᠡᠭᠦᠯᠴᠢ ᠳ᠋ᠤ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠣᠳᠣ ᠶᠠᠭ ᠬᠣᠯᠠ ᠡᠴᠡ ᠬᠥᠳᠡᠯᠮᠦᠷᠢ ᠬᠦᠴᠦ ᠭᠠᠷᠭᠠᠭᠰᠠᠳ ᠤ᠋ᠨ ᠬᠣᠣᠷ ᠬᠥᠨᠥᠭᠡᠯ ᠳ᠋ᠦ᠍ ᠤᠴᠠᠷᠠᠬᠤ ᠬᠠᠷᠢᠭᠤᠴᠠᠯᠭ᠎ᠠ ᠶ᠋ᠢᠨ ᠵᠢᠭᠤᠷᠠᠯᠳᠤᠭᠠᠨ ᠤ᠋ ᠬᠣᠶᠠᠳᠤᠭᠠᠷ ᠰᠢᠭᠦᠯᠲᠡ ᠶ᠋ᠢᠨ ᠬᠡᠷᠡᠭ ᠢ᠋ ᠰᠢᠭᠦᠨ ᠰᠢᠢᠳᠪᠦᠷᠢᠯᠡᠪᠡ᠃
ᠵᠠᠭᠠᠯᠳᠤᠭᠳᠠᠭᠴᠢ ᠯᠢᠶᠠᠩ ᠣᠪᠣᠭᠲᠤ ᠶ᠋ᠢᠨ ᠬᠦᠨᠳᠦ ᠰᠢᠷᠬᠠᠳᠤᠭᠰᠠᠨ ᠢ᠋ᠶ᠋ᠠᠷ ᠬᠢᠨᠠᠨ ᠲᠣᠭᠲᠠᠭᠠᠭᠳᠠᠭᠠᠳ ᠬᠣᠶᠠᠳᠤᠭᠠᠷ ᠳᠡᠰ ᠦ᠋ᠨ ᠵᠡᠮᠳᠡᠭᠷᠡᠭᠰᠡᠨ ᠣᠷᠣ ᠶ᠋ᠢ ᠰᠢᠭᠦᠯᠲᠡ ᠳ᠋ᠦ᠍ ᠣᠷᠣᠯᠴᠠᠬᠤ ᠶ᠋ᠢᠨ ᠠᠷᠭ᠎ᠠ ᠦᠭᠡᠢ ᠪᠣᠯᠤᠭᠰᠠᠨ ᠪᠣᠯᠪᠠᠴᠤ ᠲᠡᠭᠦᠨ ᠦ᠌ ᠣᠷᠣᠯᠠᠭᠴᠢ ᠨᠢ ᠴᠦ᠍ ᠬᠠᠷᠠᠮᠦᠢᠷᠡᠨ ᠮᠣᠵᠢ ᠶ᠋ᠢᠨ ᠪᠤᠰᠤᠳ ᠵᠠᠭᠠᠯᠳᠤᠭᠳᠠᠭᠴᠢ ᠪᠤᠶᠤ ᠣᠷᠣᠯᠠᠭᠴᠢ ᠴᠤ᠌ ᠪᠦᠷ ᠭᠠᠳᠠᠷ ᠮᠣᠵᠢ ᠶ᠋ᠢᠨ ᠭᠠᠷᠠᠭ ᠤ᠋ᠨ ᠨᠢᠭᠡᠨ ᠡᠴᠡ ᠭᠠᠷᠠᠭ ᠤ᠋ᠨ ᠲᠠᠪᠤᠨ ᠪᠣᠯᠲᠠᠯᠠᠬᠢ ᠬᠡᠳᠦᠨ ᠲᠠᠯ᠎ᠠ ᠶ᠋ᠢᠨ ᠲᠤᠬᠠᠢ ᠶ᠋ᠢᠨ ᠬᠥᠮᠦᠨ ᠦ᠌ ᠴᠠᠭ ᠪᠠᠰᠠ ᠵᠥᠷᠢᠴᠡᠯ ᠮᠥᠷᠭᠥᠯᠳᠦᠭᠡᠨ ᠲᠡᠢ ᠪᠠᠢᠯ᠎ᠠ᠃ ᠠᠷᠠᠳ ᠤ᠋ᠨ ᠲᠥᠯᠥᠭᠡ ᠬᠠᠤᠯᠢ ᠪᠠᠷᠢᠬᠤ ᠵᠣᠷᠢᠯᠲᠠ ᠶ᠋ᠢ ᠦᠢᠯᠡᠳᠦᠯᠭᠡᠵᠢᠭᠦᠯᠵᠦ ᠂ ᠡᠯ᠎ᠡ ᠲᠠᠯ᠎ᠠ ᠶ᠋ᠢᠨ ᠵᠠᠷᠭᠤ ᠬᠢᠬᠦ ᠳ᠋ᠦ᠍ ᠳᠥᠭᠥᠮ ᠦᠵᠡᠭᠦᠯᠵᠦ ᠂ ᠲᠤᠬᠠᠢ ᠶ᠋ᠢᠨ ᠬᠥᠮᠦᠨ ᠦ᠌ ᠵᠠᠷᠭᠤ ᠬᠢᠬᠦ ᠳ᠋ᠦ᠍ ᠬᠤᠪᠢ ᠨᠡᠮᠡᠷᠢᠯᠡᠨ ᠂ ᠳᠠᠭᠠᠭᠠᠨ ᠰᠢᠢᠳᠪᠦᠷᠢᠯᠡᠬᠦ ᠰᠢᠭᠦᠭᠴᠢ ᠲᠤᠰᠢᠶᠠᠯᠲᠠᠨ ᠭᠠᠷᠠᠭ ᠤ᠋ᠨ ᠰᠡᠭᠦᠯᠴᠢ ᠳ᠋ᠦ᠍ ᠲᠢᠩᠬᠢᠮ ᠳ᠋ᠦ᠍ ᠰᠢᠭᠦᠯᠲᠡ ᠬᠢᠬᠦ ᠪᠡᠷ ᠲᠣᠬᠢᠷᠠᠭᠤᠯᠪᠠ ᠃
ᠰᠦᠯᠵᠢᠶᠡᠨ ᠲᠢᠩᠬᠢᠮ ᠦ᠋ᠨ ᠰᠢᠭᠦᠯᠲᠡ ᠶ᠋ᠢᠨ ᠤᠷᠤᠭᠰᠢᠲᠠᠢ ᠶᠠᠪᠤᠭᠳᠠᠬᠤ ᠶ᠋ᠢ ᠪᠠᠲᠤᠯᠠᠬᠤ ᠶ᠋ᠢᠨ ᠲᠥᠯᠥᠭᠡ ᠪᠢᠴᠢᠭᠡᠴᠢ ᠤᠷᠢᠳᠴᠢᠯᠠᠨ ᠰᠢᠭᠦᠬᠦ ᠲᠢᠩᠬᠢᠮ ᠳ᠋ᠦ᠍ ᠬᠦᠷᠴᠦ ᠮᠡᠷᠭᠡᠵᠢᠯ ᠦ᠋ᠨ ᠰᠠᠯᠠᠭ᠎ᠠ ᠮᠥᠴᠢᠷ ᠦ᠋ᠨ ᠬᠥᠮᠦᠰ ᠲᠡᠢ ᠲᠣᠨᠣᠭ ᠲᠥᠬᠥᠭᠡᠷᠦᠮᠵᠢ ᠲᠣᠬᠢᠷᠠᠭᠤᠯᠤᠨ ᠂ ᠡᠯ᠎ᠡ ᠲᠥᠷᠥᠯ ᠦ᠋ᠨ ᠰᠦᠯᠵᠢᠶᠡᠨ ᠦ᠌ ᠵᠣᠯᠭᠠᠯᠲᠠ ᠶ᠋ᠢᠨ ᠪᠡᠯᠡᠳᠬᠡᠯ ᠬᠢᠬᠦ ᠪᠦᠬᠦ ᠰᠦᠯᠵᠢᠶ᠎ᠡ ᠪᠡᠷ ᠰᠢᠭᠦᠯᠲᠡ ᠡᠬᠢᠯᠡᠬᠦ ᠶᠠᠪᠤᠴᠠ ᠳ᠋ᠤ᠌ ᠤᠲᠠᠰᠤ ᠲᠠᠰᠤᠷᠠᠬᠤ ᠂ ᠳᠠᠭᠤ ᠥᠬᠡᠢ ᠂ ᠵᠢᠷᠤᠭ ᠳᠦᠷᠰᠦ ᠥᠬᠡᠢ ᠂ ᠺᠠᠷᠲᠦ᠋ᠨ ᠵᠡᠷᠭᠡ ᠠᠰᠠᠭᠤᠳᠠᠯ ᠭᠠᠷᠤᠭᠰᠠᠨ ᠥᠬᠡᠢ ᠃ ᠰᠢᠭᠦᠯᠲᠡ ᠳᠠᠭᠤᠰᠤᠭᠰᠠᠨ ᠤ᠋ ᠳᠠᠷᠠᠭ᠎ᠠ ᠲᠤᠬᠠᠢ ᠶ᠋ᠢᠨ ᠬᠥᠮᠦᠰ ᠴᠥᠮ ᠡᠨᠡ ᠬᠦ᠌ ᠰᠢᠭᠦᠯᠲᠡ ᠡᠬᠢᠯᠡᠬᠦ ᠠᠷᠭ᠎ᠠ ᠨᠢ ᠲᠡᠳᠡᠨ ᠳ᠋ᠦ᠍ ᠴᠠᠭ ᠪᠠ ᠵᠠᠷᠤᠳᠠᠯ ᠢ᠋ ᠠᠷᠪᠢᠯᠠᠵᠠᠢ ᠭᠡᠵᠦ ᠢᠯᠡᠷᠬᠡᠢᠯᠡᠭᠰᠡᠨ ᠪᠠᠢᠨ᠎ᠠ᠃
ᠣᠢᠷ᠎ᠠ ᠶ᠋ᠢᠨ ᠵᠢᠯ ᠡᠴᠡ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ 《ᠠᠷᠠᠳ ᠲᠦᠮᠡᠨ ᠢ᠋ᠶ᠋ᠡᠷ ᠭᠣᠣᠯ ᠪᠣᠯᠭᠠᠬᠤ》 ᠬᠥᠭᠵᠢᠯᠲᠡ ᠶ᠋ᠢᠨ ᠦᠵᠡᠯ ᠰᠠᠨᠠᠭ᠎ᠠ ᠶ᠋ᠢ ᠢᠮᠠᠭᠲᠠ ᠪᠠᠷᠢᠮᠲᠠᠯᠠᠵᠠᠢ᠃ ᠡᠩᠨᠡᠭᠡᠨ ᠦ᠌ ᠰᠤᠷᠭᠠᠨ ᠬᠥᠮᠦᠵᠢᠯ ᠦ᠋ᠨ ᠴᠡᠭᠴᠡᠯᠡᠯᠲᠡ ᠶ᠋ᠢᠨ ᠠᠵᠢᠯ ᠤ᠋ᠨ ᠪᠠᠢᠷᠢᠯᠠᠭᠤᠯᠤᠯᠲᠠ ᠶ᠋ᠢ ᠤᠯᠠᠮ ᠨᠢᠭᠡ ᠠᠯᠬᠤᠮ ᠲᠤᠤᠱᠯᠠᠭᠤᠯᠤᠨ ᠨᠠᠢᠳᠠᠪᠤᠷᠢᠵᠢᠭᠤᠯᠵᠤ 《 ᠪᠢ ᠣᠯᠠᠨ ᠲᠦᠮᠡᠨ ᠳ᠋ᠦ᠍ ᠪᠣᠳᠠᠲᠤ ᠶᠠᠪᠤᠳᠠᠯ ᠬᠢᠵᠦ ᠥᠭᠭᠦᠨ᠎ᠡ 》 ᠭᠡᠬᠦ ᠭᠣᠣᠯ ᠰᠡᠳᠦᠪᠲᠦ ᠦᠢᠯᠡᠳᠦᠯᠭᠡ ᠶ᠋ᠢᠨ ᠠᠵᠢᠯᠯᠠᠭ᠎ᠠ ᠲᠠᠢ ᠤᠶᠠᠯᠳᠤᠭᠤᠯᠤᠨ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠣᠯᠠᠨ ᠲᠦᠮᠡᠨ ᠦ᠌ ᠪᠠᠴᠢᠮ ᠰᠢᠢᠳᠪᠦᠷᠢᠯᠡᠵᠦ ᠪᠠᠢᠭ᠎ᠠ ᠣᠯᠠᠨ ᠲᠦᠮᠡᠨ ᠦ᠌ ᠰᠠᠨᠠᠭᠠᠰᠢᠷᠠᠵᠤ ᠪᠠᠢᠭ᠎ᠠ ᠠᠰᠠᠭᠤᠳᠠᠯ ᠢ᠋ ᠰᠢᠢᠳᠪᠦᠷᠢᠯᠡᠨ ᠭᠠᠷᠠᠭ ᠤ᠋ᠨ ᠰᠡᠭᠦᠯᠴᠢ ᠶ᠋ᠢᠨ ᠱᠤᠭᠤᠮ ᠳᠡᠭᠡᠷ᠎ᠡ ᠲᠢᠩᠬᠢᠮ ᠨᠡᠭᠡᠭᠡᠨ ᠰᠢᠢᠳᠪᠦᠷᠢᠯᠡᠵᠦ ᠂ ᠠᠷᠠᠳ ᠤ᠋ᠨ ᠲᠥᠯᠥᠭᠡ ᠬᠠᠤᠯᠢ ᠪᠠᠷᠢᠬᠤ ᠶ᠋ᠢ ᠪᠣᠳᠠᠲᠠᠢ ᠭᠠᠵᠠᠷ ᠲᠤᠨᠢ ᠨᠠᠢᠳᠠᠪᠤᠷᠢᠵᠢᠭᠤᠯᠪᠠ ᠃
ᠦᠨᠡᠯᠡᠬᠦ 0ᠦᠨᠡᠯᠡᠯᠲᠡ᠎ᠲᠠᠢ