ᠬᠠᠤᠯᠢ ᠴᠠᠭᠠᠵᠠ ᠶ᠋ᠢᠨ ᠲᠠᠯ᠎ᠠ ᠪᠠᠷ ᠶᠠᠮᠠᠷ ᠠᠰᠠᠭᠤᠳᠠᠯ ᠲᠤᠯᠭᠠᠷᠠᠭᠰᠠᠨ ᠴᠤ᠌ ᠪᠦᠷ ᠤᠲᠠᠰᠤᠳᠠᠵᠤ ᠯᠠᠪᠯᠠᠨ ᠠᠰᠠᠭᠤᠵᠤ ᠪᠣᠯᠤᠨ᠎ᠠ ᠂ ᠪᠢᠳᠡ ᠬᠠᠤᠯᠢ ᠴᠠᠭᠠᠵᠠ ᠶ᠋ᠢᠨ ᠦᠢᠯᠡᠴᠢᠯᠡᠭᠡ ᠶ᠋ᠢ ᠪᠦᠬᠦ ᠬᠦᠴᠦ ᠪᠡᠷ ᠬᠠᠩᠭᠠᠬᠤ ᠪᠤᠯᠤᠨ᠎ᠠ!
ᠡᠩᠨᠡᠭᠡᠨ ᠦ᠌ ᠰᠤᠷᠭᠠᠨ ᠬᠥᠮᠦᠵᠢᠯ ᠦ᠋ᠨ ᠴᠡᠭᠴᠡᠯᠡᠯᠲᠡ ᠶ᠋ᠢᠨ ᠠᠵᠢᠯ ᠢ᠋ ᠪᠣᠳᠠᠲᠠᠢ ᠭᠠᠵᠠᠷ ᠲᠤᠨᠢ ᠨᠠᠢᠳᠠᠪᠤᠷᠢᠵᠢᠭᠤᠯᠬᠤ ᠶ᠋ᠢ ᠦᠨᠡᠨ ᠬᠦ᠌ ᠪᠠᠲᠤᠯᠠᠬᠤ ᠶ᠋ᠢᠨ ᠲᠥᠯᠥᠭᠡ ᠂ᠰᠤᠷᠤᠯᠴᠠᠯᠭ᠎ᠠ ᠶ᠋ᠢᠨ ᠦᠷ᠎ᠡ ᠪᠦᠲᠦᠮᠵᠢ ᠶ᠋ᠢ ᠦᠨᠡᠨ ᠪᠣᠳᠠᠲᠠᠢ ᠪᠥᠭᠡᠳ ᠪᠣᠳᠠᠲᠠᠢ ᠠᠵᠢᠯ ᠤ᠋ᠨ ᠦᠷ᠎ᠡ ᠪᠦᠲᠦᠮᠵᠢ ᠪᠣᠯᠭᠠᠨ ᠠᠷᠠᠳ ᠲᠦᠮᠡᠨ ᠳ᠋ᠦ᠍ ᠦᠢᠯᠡᠴᠢᠯᠡᠬᠦ ᠬᠥᠳᠡᠯᠭᠡᠬᠦ ᠬᠦᠴᠦᠨ ᠪᠣᠯᠭᠠᠨ ᠬᠤᠪᠢᠷᠠᠭᠤᠯᠬᠤ ᠬᠡᠷᠡᠭᠲᠡᠢ ᠃ ᠣᠢᠷ᠎ᠠ ᠳ᠋ᠤ᠌ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠡᠯ᠎ᠡ ᠨᠠᠮ ᠤ᠋ᠨ ᠡᠭᠦᠷ ᠵᠠᠯᠭᠠᠯᠳᠤᠭ᠎ᠠ ᠪᠠᠷ 《 ᠯᠧᠢ ᠹᠧᠩ ᠡᠴᠡ ᠰᠤᠷᠤᠯᠴᠠᠬᠤ ᠳᠤᠭᠤᠢᠯᠠᠩ 》 ᠢ᠋ ᠪᠠᠢᠭᠤᠯᠵᠤ 《 ᠪᠢ ᠣᠯᠠᠨ ᠲᠦᠮᠡᠨ ᠳ᠋ᠦ᠍ ᠪᠣᠳᠠᠲᠤ ᠬᠠᠪᠰᠤᠷᠤᠯᠭ᠎ᠠ ᠦᠵᠡᠭᠦᠯᠬᠦ 》 ᠭᠣᠣᠯ ᠰᠡᠳᠦᠪᠲᠦ ᠦᠢᠯᠡᠳᠦᠯᠭᠡ ᠶ᠋ᠢᠨ ᠠᠵᠢᠯᠯᠠᠭ᠎ᠠ ᠥᠷᠨᠢᠭᠦᠯᠪᠡ ᠃ᠨᠠᠢᠷᠠᠭᠤᠯᠤᠭᠴᠢ ᠲᠠᠢ ᠬᠠᠮᠲᠤ ᠶᠢᠰᠦᠳᠦᠭᠡᠷ ᠨᠠᠮ ᠤ᠋ᠨ ᠡᠭᠦᠷ ᠪᠣᠯᠤᠨ ᠠᠷᠪᠠᠳᠤᠭᠠᠷ ᠨᠠᠮ ᠤ᠋ᠨ ᠡᠭᠦᠷ ᠦ᠋ᠨ ᠶᠠᠮᠠᠷ ᠪᠣᠳᠠᠲᠤ ᠠᠵᠢᠯ ᠬᠢᠭᠰᠡᠨ ᠢ᠋ ᠦᠵᠡᠶ᠎ᠡ ᠃
ᠶᠢᠰᠦᠳᠦᠭᠡᠷ ᠨᠠᠮ ᠤ᠋ᠨ ᠡᠭᠦᠷ ᠳ᠋ᠦᠩᠱᠧᠩ ᠲᠣᠭᠣᠷᠢᠭ ᠤ᠋ᠨ ᠽᠣᠤ ᠾᠦᠸᠧ ᠬᠣᠣ ᠲᠣᠰᠬᠣᠨ ᠤ᠋ ᠠᠷᠠᠳ ᠤ᠋ᠨ ᠵᠥᠪᠯᠡᠯ ᠳ᠋ᠦ᠍ ᠭᠦᠨᠵᠡᠭᠡᠢᠷᠡᠵᠦ ᠬᠠᠤᠯᠢ ᠴᠠᠭᠠᠵᠠ ᠶ᠋ᠢᠨ ᠤᠬᠠᠭᠤᠯᠭ᠎ᠠ ᠬᠢᠪᠡ ᠃ ᠲᠣᠰᠬᠣᠨ ᠤ᠋ ᠠᠷᠠᠳ ᠲᠤ᠌ ᠢᠷᠭᠡᠨ ᠦ᠌ ᠬᠠᠤᠯᠢ ᠶ᠋ᠢᠨ ᠪᠢᠴᠢᠭ᠌ ᠂ ᠵᠠᠰᠠᠭ ᠵᠠᠬᠢᠷᠭᠠᠨ ᠤ᠋ ᠵᠠᠷᠭᠤ ᠶ᠋ᠢᠨ ᠬᠡᠷᠡᠭ ᠢ᠋ ᠬᠦᠯᠢᠶᠡᠨ ᠠᠪᠬᠤ ᠬᠡᠪᠴᠢᠶ᠎ᠡ ᠂ ᠳᠠᠬᠢᠨ ᠰᠢᠭᠦᠯᠭᠡᠬᠦ ᠭᠤᠶᠤᠴᠢᠯᠠᠯ ᠤ᠋ᠨ ᠳᠡᠰ ᠳᠠᠷᠠᠭᠠᠯᠠᠯ ᠵᠡᠷᠭᠡ ᠤᠬᠠᠭᠤᠯᠭ᠎ᠠ ᠶ᠋ᠢᠨ ᠮᠠᠲ᠋ᠧᠷᠢᠶᠠᠯ ᠢ᠋ ᠲᠠᠷᠬᠠᠭᠠᠨ ᠂ ᠲᠣᠰᠬᠣᠨ ᠤ᠋ ᠠᠷᠠᠳ ᠤ᠋ᠨ ᠳᠤᠮᠳᠠᠬᠢ ᠵᠢᠭᠡᠯᠡᠯᠭᠡ ᠶ᠋ᠢᠨ ᠵᠠᠷᠭᠤ ᠂ ᠬᠠᠤᠯᠢ ᠴᠠᠭᠠᠵᠠ ᠶ᠋ᠢᠨ ᠲᠤᠰᠠᠯᠠᠮᠵᠢ ᠂ ᠭᠦᠢᠴᠡᠳᠬᠡᠬᠦ ᠲᠠᠯ᠎ᠠ ᠶ᠋ᠢᠨ ᠬᠠᠤᠯᠢ ᠴᠠᠭᠠᠵᠠ ᠶ᠋ᠢᠨ ᠠᠰᠠᠭᠤᠳᠠᠯ ᠳ᠋ᠤ᠌ ᠬᠠᠷᠢᠭᠤᠯᠲᠠ ᠥᠭᠭᠦᠨ᠎ᠡ ᠃ ᠲᠣᠰᠬᠣᠨ ᠤ᠋ ᠠᠷᠠᠳ ᠤ᠋ᠨ ᠭᠡᠷ ᠲᠦ᠍ ᠬᠦᠷᠴᠦ 《 ᠢᠷᠭᠡᠨ ᠦ᠌ ᠬᠠᠤᠯᠢ ᠶ᠋ᠢᠨ ᠪᠢᠴᠢᠭ᠌ 》 ᠢ᠋ ᠤᠬᠠᠭᠤᠯᠤᠭᠰᠠᠨ ᠪᠠᠢᠨ᠎ᠠ᠃
ᠠᠷᠪᠠᠳᠤᠭᠠᠷ ᠨᠠᠮ ᠤ᠋ᠨ ᠡᠭᠦᠷ ᠨᠢ ᠪᠠᠷᠢᠯᠭ᠎ᠠ ᠶ᠋ᠢᠨ ᠭᠠᠵᠠᠷ ᠲᠤ᠌ ᠬᠦᠷᠴᠦ 《 ᠢᠷᠭᠡᠨ ᠦ᠌ ᠬᠠᠤᠯᠢ ᠶ᠋ᠢᠨ ᠪᠢᠴᠢᠭ᠌ 》 ᠲᠦ᠍ ᠬᠠᠤᠯᠢ ᠲᠦᠭᠡᠮᠡᠯᠵᠢᠭᠦᠯᠬᠦ ᠤᠬᠠᠭᠤᠯᠭ᠎ᠠ ᠬᠢᠵᠦ᠂ 《 ᠢᠷᠭᠡᠨ ᠦ᠌ ᠬᠠᠤᠯᠢ ᠶ᠋ᠢᠨ ᠪᠢᠴᠢᠭ᠌ 》 ᠢ᠋ ᠨᠡᠢᠲᠡᠯᠡᠨ ᠬᠡᠷᠡᠭᠵᠢᠭᠦᠯᠬᠦ ᠴᠢᠬᠤᠯᠠ ᠠᠴᠢ ᠬᠣᠯᠪᠣᠭᠳᠠᠯ ᠪᠣᠯᠤᠨ ᠬᠠᠤᠯᠢ ᠵᠢᠨ ᠠᠭᠤᠯᠭ᠎ᠠ ᠶ᠋ᠢ ᠰᠤᠷᠲᠠᠯᠴᠢᠯᠠᠬᠤ ᠶ᠋ᠢᠨ ᠬᠠᠮᠲᠤ ᠬᠥᠯᠥᠰᠥᠨ ᠦ᠌ ᠠᠵᠢᠯᠴᠢᠳ ᠤ᠋ᠨ ᠠᠮᠢᠳᠤᠷᠠᠯ ᠤ᠋ᠨ ᠠᠵᠢᠯ ᠳ᠋ᠤ᠌ ᠨᠢᠭᠲᠠ ᠬᠣᠯᠪᠣᠭ᠎ᠠ ᠲᠠᠢ ᠨᠡᠢᠲᠡᠯᠢᠭ ᠬᠡᠷᠡᠭ ᠦ᠋ᠨ ᠵᠢᠱᠢᠶ᠎ᠡ᠂ ᠡᠭᠦᠨ ᠡᠴᠡ ᠭᠠᠳᠠᠨ᠎ᠠ ᠪᠠᠰᠠ ᠬᠦᠴᠦ ᠶᠠᠪᠤᠭᠰᠠᠳ ᠤ᠋ᠨ ᠳᠤᠷᠠᠳᠤᠭᠰᠠᠨ ᠬᠥᠳᠡᠯᠮᠦᠷᠢ ᠶ᠋ᠢᠨ ᠬᠥᠯᠥᠰᠥ ᠣᠯᠭᠣᠮᠵᠢ ᠂ ᠭᠡᠷ ᠪᠠᠢᠰᠢᠩ ᠲᠦᠷᠢᠶᠡᠰᠦᠯᠡᠬᠦ ᠂ ᠠᠵᠢᠯ ᠠ᠋ᠴᠠ ᠪᠣᠯᠤᠭᠰᠠᠨ ᠭᠡᠮᠲᠦᠯ ᠦ᠋ᠨ ᠳᠠᠭᠠᠳᠬᠠᠯ ᠵᠢᠴᠢ ᠠᠷᠠᠳ ᠤ᠋ᠨ ᠳᠤᠮᠳᠠᠬᠢ ᠵᠢᠭᠡᠯᠡᠯᠭᠡ ᠵᠡᠷᠭᠡ ᠬᠠᠯᠠᠮᠰᠢᠯ ᠠᠰᠠᠭᠤᠳᠠᠯ ᠤ᠋ᠨ ᠲᠤᠬᠠᠢ ᠨᠠᠷᠢᠨ ᠲᠠᠢᠯᠪᠤᠷᠢᠯᠠᠯᠲᠠ ᠬᠢᠵᠡᠢ ᠃
ᠬᠠᠤᠯᠢ ᠲᠦᠭᠡᠮᠡᠯᠵᠢᠭᠦᠯᠬᠦ ᠤᠬᠠᠭᠤᠯᠭ᠎ᠠ ᠪᠠᠷ ᠳᠠᠮᠵᠢᠭᠤᠯᠤᠨ ᠠᠷᠠᠳ ᠣᠯᠠᠨ ᠢ᠋ ᠢᠳᠡᠪᠬᠢᠲᠡᠢ ᠪᠡᠷ ᠬᠥᠲᠥᠯᠦᠨ ᠵᠢᠯᠣᠭᠣᠳᠴᠤ ᠬᠠᠤᠯᠢ ᠮᠡᠳᠡᠬᠦ ᠂ ᠬᠠᠤᠯᠢ ᠮᠡᠳᠡᠬᠦ ᠂ ᠬᠠᠤᠯᠢ ᠶ᠋ᠢ ᠬᠦᠨᠳᠦᠳᠬᠡᠬᠦ ᠂ ᠬᠠᠤᠯᠢ ᠶ᠋ᠢ ᠰᠠᠬᠢᠬᠤ ᠂ ᠬᠠᠤᠯᠢ ᠶ᠋ᠢ ᠬᠡᠷᠡᠭᠯᠡᠬᠦ ᠵᠡᠷᠭᠡ ᠵᠢ ᠰᠤᠷᠲᠠᠯᠴᠢᠯᠠᠭᠰᠠᠨ ᠪᠠᠢᠨ᠎ᠠ᠃ ᠬᠠᠤᠯᠢ ᠴᠠᠭᠠᠵᠠ ᠶ᠋ᠢᠨ ᠵᠡᠪᠰᠡᠭ ᠢ᠋ ᠬᠡᠷᠡᠭᠯᠡᠨ ᠵᠠᠭᠠᠯᠳᠤᠯᠭ᠎ᠠ ᠬᠢᠬᠦ ᠪᠠ ᠲᠤᠰ ᠪᠡᠶ᠎ᠡ ᠶ᠋ᠢᠨ ᠬᠠᠤᠯᠢ ᠶᠣᠰᠣᠨ ᠤ᠋ ᠡᠷᠬᠡ ᠠᠰᠢᠭ ᠢ᠋ᠶ᠋ᠠᠨ ᠪᠠᠲᠤᠯᠠᠬᠤ ᠪᠠᠷ ᠳᠠᠮᠵᠢᠭᠤᠯᠤᠨ ᠂ ᠨᠡᠢᠭᠡᠮ ᠦ᠋ᠨ ᠬᠡᠷᠡᠭ ᠶᠠᠪᠤᠳᠠᠯ ᠰᠢᠢᠳᠪᠦᠷᠢᠯᠡᠬᠦ ᠳ᠋ᠡᠭᠡᠨ ᠬᠠᠤᠯᠢ ᠶᠣᠰᠣᠭᠠᠷ ᠂ ᠤᠴᠢᠷ ᠶᠠᠪᠤᠳᠠᠯ ᠲᠣᠬᠢᠶᠠᠯᠳᠤᠪᠠᠯ ᠬᠠᠤᠯᠢ ᠢ᠋ ᠡᠷᠢᠬᠦ ᠂ ᠠᠰᠠᠭᠤᠳᠠᠯ ᠢ᠋ ᠰᠢᠢᠳᠪᠦᠷᠢᠯᠡᠬᠦ ᠳ᠋ᠦ᠍ ᠬᠠᠤᠯᠢ ᠢ᠋ ᠬᠡᠷᠡᠭᠯᠡᠬᠦ ᠂ ᠵᠥᠷᠢᠴᠡᠯ ᠢ᠋ ᠰᠢᠢᠳᠪᠦᠷᠢᠯᠡᠬᠦ ᠳ᠋ᠦ᠍ ᠬᠠᠤᠯᠢ ᠢ᠋ ᠲᠦᠰᠢᠭᠯᠡᠬᠦ ᠵᠢ ᠰᠤᠷᠲᠠᠯᠴᠢᠯᠠᠭᠰᠠᠨ ᠪᠢᠠᠨᠠ᠃
ᠦᠨᠡᠯᠡᠬᠦ 0ᠦᠨᠡᠯᠡᠯᠲᠡ ᠲᠠᠢ