ᠣᠷᠳᠣᠰ ᠬᠣᠲᠠ ᠶ᠋ᠢᠨ ᠠᠷᠠᠳ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ
2021 ᠣᠨ ᠤ᠋ ᠰᠠᠯᠠᠭ᠎ᠠ ᠮᠥᠴᠢᠷ ᠦ᠋ᠨ ᠲᠥᠰᠥᠪ ᠦ᠋ᠨ ᠢᠯᠡ ᠮᠡᠳᠡᠭᠦᠯᠦᠯᠲᠡ
2021 ᠣᠨ ᠤ᠋ 2 ᠰᠠᠷ᠎ᠠ ᠶ᠋ᠢᠨ 18 ᠤ᠋ ᠡᠳᠦᠷ
ᠭᠠᠷᠴᠠᠭ
ᠨᠢᠭᠡᠳᠦᠭᠡᠷ ᠬᠡᠰᠡᠭ ᠂ ᠰᠠᠯᠠᠭ᠎ᠠ ᠮᠥᠴᠢᠷ ᠦ᠋ᠨ ᠲᠣᠢᠮᠣ ᠪᠠᠢᠳᠠᠯ
ᠨᠢᠭᠡ ᠂ ᠰᠠᠯᠠᠭ᠎ᠠ ᠮᠥᠴᠢᠷ ᠦ᠋ᠨ ᠭᠣᠣᠯ ᠡᠭᠦᠷᠭᠡ ᠴᠢᠳᠠᠪᠤᠷᠢ ᠂ ᠬᠠᠷᠢᠭᠤᠴᠠᠯᠭ᠎ᠠ
ᠬᠣᠶᠠᠷ ᠂ ᠪᠠᠢᠭᠤᠯᠤᠮᠵᠢ ᠶ᠋ᠢᠨ ᠪᠠᠢᠷᠢᠯᠠᠭᠤᠯᠤᠯᠲᠠ ᠵᠢᠴᠢ ᠲᠥᠰᠥᠪ ᠦ᠋ᠨ ᠨᠢᠭᠡᠴᠡ ᠶ᠋ᠢᠨ ᠪᠦᠲᠦᠴᠡ ᠶ᠋ᠢᠨ ᠪᠠᠢᠳᠠᠯ
ᠬᠣᠶᠠᠳᠤᠭᠠᠷ ᠬᠡᠰᠡᠭ᠂ 2021 ᠣᠨ ᠤ᠋ ᠰᠠᠯᠠᠭ᠎ᠠ ᠮᠥᠴᠢᠷ ᠦ᠋ᠨ ᠲᠥᠰᠥᠪ ᠢ᠋ ᠲᠣᠬᠢᠷᠠᠭᠤᠯᠤᠭᠰᠠᠨ ᠪᠠᠢᠳᠠᠯ ᠤ᠋ᠨ ᠲᠤᠬᠠᠢ ᠲᠣᠳᠣᠷᠬᠠᠢᠯᠠᠯᠲᠠ
ᠨᠢᠭᠡ ᠂ ᠰᠠᠯᠠᠭ᠎ᠠ ᠮᠥᠴᠢᠷ ᠦ᠋ᠨ ᠲᠥᠰᠥᠪ ᠦ᠋ᠨ ᠣᠷᠣᠯᠭ᠎ᠠ ᠵᠠᠷᠤᠯᠭ᠎ᠠ ᠶ᠋ᠢᠨ ᠶᠡᠷᠦᠩᠬᠡᠢ ᠪᠠᠢᠳᠠᠯ ᠤ᠋ᠨ ᠲᠣᠳᠣᠷᠬᠠᠢᠯᠠᠯᠲᠠ
ᠬᠣᠶᠠᠷ ᠂ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠰᠠᠯᠭᠠᠨ ᠦᠭᠭᠦᠭᠰᠡᠨ ᠵᠣᠭᠣᠰᠤᠨ ᠤ᠋ ᠣᠷᠣᠯᠭ᠎ᠠ ᠵᠠᠷᠤᠯᠭ᠎ᠠ ᠶ᠋ᠢᠨ ᠪᠠᠢᠳᠠᠯ ᠤ᠋ᠨ ᠲᠣᠳᠣᠷᠬᠠᠢᠯᠠᠯᠲᠠ
ᠭᠤᠷᠪᠠ ᠂ ᠵᠠᠰᠠᠭ ᠤ᠋ᠨ ᠣᠷᠳᠣᠨ ᠤ᠋ ᠴᠢᠨᠠᠷᠲᠠᠢ ᠰᠠᠭᠤᠷᠢ ᠮᠥᠩᠭᠥ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠰᠠᠯᠭᠠᠨ ᠥᠭᠬᠦ ᠵᠠᠷᠤᠯᠭ᠎ᠠ ᠶ᠋ᠢᠨ ᠪᠠᠢᠳᠠᠯ ᠤ᠋ᠨ ᠲᠣᠳᠣᠷᠬᠠᠢᠯᠠᠯᠲᠠ
ᠳᠥᠷᠪᠡ ᠂ ᠡᠳ᠋ ᠦ᠋ᠨ ᠵᠠᠰᠠᠭ ᠠ᠋ᠴᠠ ᠰᠠᠯᠭᠠᠨ ᠦᠭᠭᠦᠭᠰᠡᠨ ᠵᠣᠭᠣᠰ 《 ᠭᠤᠷᠪᠠᠨ ᠠᠯᠪᠠᠨ ᠵᠠᠷᠤᠳᠠᠯ 》 ᠤ᠋ᠨ ᠲᠥᠰᠥᠪ ᠦ᠋ᠨ ᠪᠠᠢᠳᠠᠯ ᠤ᠋ᠨ ᠲᠣᠳᠣᠷᠬᠠᠢᠯᠠᠯᠲᠠ
ᠭᠤᠷᠪᠠᠳᠤᠭᠠᠷ ᠬᠡᠰᠡᠭ ᠂ ᠪᠤᠰᠤᠳ ᠢᠯᠡ ᠪᠣᠯᠭᠠᠬᠤ ᠵᠦᠢᠯᠡᠰ ᠦ᠋ᠨ ᠲᠣᠳᠣᠷᠬᠠᠢᠯᠠᠯᠲᠠ
ᠨᠢᠭᠡ ᠂ ᠪᠠᠢᠭᠤᠯᠤᠯᠭ᠎ᠠ ᠶ᠋ᠢᠨ ᠠᠵᠢᠯᠯᠠᠭᠠᠨ ᠤ᠋ ᠵᠠᠷᠤᠳᠠᠯ ᠢ᠋ ᠲᠣᠬᠢᠷᠠᠭᠤᠯᠤᠭᠰᠠᠨ ᠪᠠᠢᠳᠠᠯ ᠤ᠋ᠨ ᠲᠣᠳᠣᠷᠬᠠᠢᠯᠠᠯᠲᠠ
ᠬᠣᠶᠠᠷ ᠂ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠲᠥᠰᠥᠪ ᠦ᠋ᠨ ᠪᠠᠢᠳᠠᠯ ᠤ᠋ᠨ ᠲᠣᠳᠣᠷᠬᠠᠢᠯᠠᠯᠲᠠ
ᠭᠤᠷᠪᠠ ᠂ ᠤᠯᠤᠰ ᠤ᠋ᠨ ᠥᠮᠴᠢᠯᠡᠯᠲᠦ ᠡᠳ᠋ ᠬᠥᠷᠥᠩᠭᠡ ᠶ᠋ᠢ ᠡᠵᠡᠯᠡᠨ ᠬᠡᠷᠡᠭᠯᠡᠭᠰᠡᠨ ᠪᠠᠢᠳᠠᠯ ᠤ᠋ᠨ ᠲᠣᠳᠣᠷᠬᠠᠢᠯᠠᠯᠲᠠ
ᠳᠥᠷᠪᠡ ᠂ ᠲᠥᠷᠥᠯ ᠵᠦᠢᠯ ᠦ᠋ᠨ ᠵᠠᠷᠤᠯᠭ᠎ᠠ ᠶ᠋ᠢᠨ ᠠᠮᠵᠢᠯᠲᠠ ᠪᠦᠲᠦᠮᠵᠢ ᠶ᠋ᠢᠨ ᠪᠠᠢᠳᠠᠯ ᠤ᠋ᠨ ᠲᠣᠳᠣᠷᠬᠠᠢᠯᠠᠯᠲᠠ
ᠳᠥᠷᠪᠡᠳᠦᠭᠡᠷ ᠬᠡᠰᠡᠭ᠂ ᠨᠡᠷ᠎ᠡ ᠲᠣᠮᠢᠶᠠᠨ ᠤ᠋ ᠲᠠᠢᠯᠪᠤᠷᠢ
ᠲᠠᠪᠤᠳᠤᠭᠠᠷ ᠬᠡᠰᠡᠭ ᠂ ᠲᠥᠰᠥᠪ ᠢ᠋ ᠢᠯᠡ ᠪᠣᠯᠭᠠᠵᠤ ᠬᠠᠷᠢᠯᠴᠠᠬᠤ ᠠᠷᠭ᠎ᠠ ᠪᠠ ᠮᠡᠳᠡᠭᠡ ᠵᠠᠩᠭᠢ ᠶ᠋ᠢ ᠬᠠᠷᠢᠭᠤ ᠲᠤᠰᠬᠠᠬᠤ ᠠᠷᠭ᠎ᠠ ᠵᠠᠮ
ᠵᠢᠷᠭᠤᠳᠤᠭᠠᠷ ᠬᠡᠰᠡᠭ ᠂2021 ᠣᠨ ᠤ᠋ ᠰᠠᠯᠠᠭ᠎ᠠ ᠮᠥᠴᠢᠷ ᠦ᠋ᠨ ᠲᠥᠰᠥᠪ ᠦ᠋ᠨ ᠢᠯᠡ ᠨᠡᠢᠲᠡᠯᠡᠬᠦ ᠬᠦᠰᠦᠨᠦᠭᠲᠦ
ᠨᠢᠭᠡ ᠂ ᠰᠠᠯᠠᠭ᠎ᠠ ᠮᠥᠴᠢᠷ ᠦ᠋ᠨ ᠣᠷᠣᠯᠭ᠎ᠠ ᠵᠠᠷᠤᠯᠭ᠎ᠠ ᠶ᠋ᠢᠨ ᠶᠡᠷᠦᠩᠬᠡᠢ ᠪᠠᠢᠳᠠᠯ ᠤ᠋ᠨ ᠬᠦᠰᠦᠨᠦᠭᠲᠦ
ᠬᠣᠶᠠᠷ ᠂ ᠰᠠᠯᠠᠭ᠎ᠠ ᠮᠥᠴᠢᠷ ᠦ᠋ᠨ ᠣᠷᠣᠯᠭ᠎ᠠ ᠶ᠋ᠢᠨ ᠶᠡᠷᠦᠩᠬᠡᠢ ᠪᠠᠢᠳᠠᠯ ᠤ᠋ᠨ ᠬᠦᠰᠦᠨᠦᠭᠲᠦ
ᠭᠤᠷᠪᠠ ᠂ ᠰᠠᠯᠠᠭ᠎ᠠ ᠮᠥᠴᠢᠷ ᠦ᠋ᠨ ᠵᠠᠷᠤᠯᠭ᠎ᠠ ᠶ᠋ᠢᠨ ᠶᠡᠷᠦᠩᠬᠡᠢ ᠪᠠᠢᠳᠠᠯ ᠤ᠋ᠨ ᠬᠦᠰᠦᠨᠦᠭᠲᠦ
ᠳᠥᠷᠪᠡ ᠂ ᠡᠳ᠋ ᠦ᠋ᠨ ᠵᠠᠰᠠᠭ ᠠ᠋ᠴᠠ ᠰᠠᠯᠭᠠᠨ ᠦᠭᠭᠦᠭᠰᠡᠨ ᠵᠣᠭᠣᠰ ᠤ᠋ᠨ ᠣᠷᠣᠯᠭ᠎ᠠ ᠵᠠᠷᠤᠯᠭ᠎ᠠ ᠶ᠋ᠢᠨ ᠶᠡᠷᠦᠩᠬᠡᠢ ᠪᠠᠢᠳᠠᠯ ᠤ᠋ᠨ ᠬᠦᠰᠦᠨᠦᠭᠲᠦ
ᠲᠠᠪᠤ ᠂ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠵᠠᠷᠤᠯᠭ᠎ᠠ ᠶ᠋ᠢᠨ ᠪᠠᠢᠳᠠᠯ ᠤ᠋ᠨ ᠬᠦᠰᠦᠨᠦᠭᠲᠦ
ᠵᠢᠷᠭᠤᠭ᠎ᠠ ᠂ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠦᠨᠳᠦᠰᠦᠨ ᠵᠠᠷᠤᠯᠭ᠎ᠠ ᠶ᠋ᠢᠨ ᠪᠠᠢᠳᠠᠯ ᠤ᠋ᠨ ᠬᠦᠰᠦᠨᠦᠭᠲᠦ
ᠳᠣᠯᠣᠭ᠎ᠠ ᠂ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ 《 ᠭᠤᠷᠪᠠᠨ ᠠᠯᠪᠠᠨ ᠵᠠᠷᠤᠳᠠᠯ 》 ᠤ᠋ᠨ ᠵᠠᠷᠤᠯᠭ᠎ᠠ ᠶ᠋ᠢᠨ ᠪᠠᠢᠳᠠᠯ ᠤ᠋ᠨ ᠬᠦᠰᠦᠨᠦᠭᠲᠦ
ᠨᠠᠢ᠍ᠮᠠ ᠂ ᠵᠠᠰᠠᠭ ᠤ᠋ᠨ ᠣᠷᠳᠣᠨ ᠤ᠋ ᠴᠢᠨᠠᠷᠲᠠᠢ ᠰᠠᠭᠤᠷᠢ ᠮᠥᠩᠭᠥ ᠶ᠋ᠢᠨ ᠲᠥᠰᠥᠪ ᠦ᠋ᠨ ᠵᠠᠷᠤᠯᠭ᠎ᠠ ᠶ᠋ᠢᠨ ᠬᠦᠰᠦᠨᠦᠭᠲᠦ
ᠶᠢᠰᠦ ᠂ ᠲᠥᠷᠥᠯ ᠵᠦᠢᠯ ᠦ᠋ᠨ ᠵᠠᠷᠤᠯᠭ᠎ᠠ ᠶ᠋ᠢᠨ ᠠᠮᠵᠢᠯᠲᠠ ᠪᠦᠲᠦᠮᠵᠢ ᠶ᠋ᠢᠨ ᠬᠠᠷᠠᠯᠲᠠ ᠶ᠋ᠢ ᠮᠡᠳᠡᠭᠦᠯᠬᠦ ᠬᠦᠰᠦᠨᠦᠭᠲᠦ
ᠠᠷᠪᠠ ᠂ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠲᠥᠰᠥᠪ ᠦ᠋ᠨ ᠨᠠᠷᠢᠨ ᠬᠦᠰᠦᠨᠦᠭᠲᠦ
ᠨᠢᠭᠡᠳᠦᠭᠡᠷ ᠬᠡᠰᠡᠭ ᠂ ᠰᠠᠯᠠᠭ᠎ᠠ ᠮᠥᠴᠢᠷ ᠦ᠋ᠨ ᠲᠣᠢᠮᠣ ᠪᠠᠢᠳᠠᠯ
ᠨᠢᠭᠡ ᠂ ᠭᠣᠣᠯ ᠡᠭᠦᠷᠭᠡ ᠴᠢᠳᠠᠪᠤᠷᠢ
ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠪᠣᠯ ᠤᠯᠤᠰ ᠤ᠋ᠨ ᠰᠢᠭᠦᠨ ᠲᠠᠰᠤᠯᠬᠤ ᠪᠠᠢᠭᠤᠯᠭ᠎ᠠ ᠮᠥᠨ ᠪᠥᠭᠡᠳ ᠬᠣᠲᠠ ᠶ᠋ᠢᠨ ᠠᠷᠠᠳ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠵᠢᠴᠢ ᠲᠡᠭᠦᠨ ᠦ᠌ ᠪᠠᠢᠩᠭᠤ ᠶ᠋ᠢᠨ ᠬᠣᠷᠢᠶ᠎ᠠ ᠳ᠋ᠤ᠌ ᠬᠠᠷᠢᠭᠤᠴᠠᠵᠤ ᠠᠵᠢᠯ ᠢ᠋ᠶ᠋ᠠᠨ ᠮᠡᠳᠡᠭᠦᠯᠦᠨ᠎ᠡ ᠃ ᠭᠣᠣᠯ ᠡᠭᠦᠷᠭᠡ ᠨᠢ᠄
(1)ᠨᠠᠮ ᠤ᠋ᠨ ᠱᠤᠭᠤᠮ᠂ ᠴᠢᠭᠯᠡᠯᠲᠡ ᠂ᠲᠥᠷᠥ ᠶ᠋ᠢᠨ ᠪᠣᠳᠣᠯᠭ᠎ᠠ ᠶ᠋ᠢ ᠲᠤᠤᠱᠯᠠᠭᠤᠯᠤᠨ ᠬᠡᠷᠡᠭᠵᠢᠭᠦᠯᠬᠦ ᠳ᠋ᠦ᠍ ᠦᠨᠳᠦᠰᠦᠨ ᠬᠠᠤᠯᠢ ᠪᠠ ᠬᠠᠤᠯᠢ ᠴᠠᠭᠠᠵᠠ ᠶ᠋ᠢ ᠬᠡᠷᠡᠭᠵᠢᠭᠦᠯᠬᠦ ᠪᠣᠯ ᠥᠭᠡᠷᠡᠴᠢᠯᠡᠯᠲᠡ ᠨᠡᠭᠡᠭᠡᠯᠲᠡ ᠪᠠ ᠠᠵᠤ ᠠᠬᠤᠢ ᠶ᠋ᠢᠨ ᠪᠦᠲᠦᠭᠡᠨ ᠪᠠᠢᠭᠤᠯᠤᠯᠲᠠ ᠳ᠋ᠤ᠌ ᠬᠦᠴᠦᠲᠡᠢ ᠬᠠᠤᠯᠢ ᠴᠠᠭᠠᠵᠠ ᠶ᠋ᠢᠨ ᠪᠠᠲᠤᠯᠠᠭ᠎ᠠ ᠪᠠ ᠬᠠᠤᠯᠢ ᠴᠠᠭᠠᠵᠠ ᠶ᠋ᠢᠨ ᠦᠢᠯᠡᠴᠢᠯᠡᠭᠡ ᠬᠠᠩᠭ᠋ᠠᠨ᠎ᠠ ᠃
(2)ᠬᠠᠤᠯᠢ ᠶᠣᠰᠣᠭᠠᠷ ᠰᠢᠭᠦᠨ ᠲᠠᠰᠤᠯᠬᠤ ᠳ᠋ᠤ᠌ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠳ᠋ᠤ᠌ ᠬᠠᠷᠢᠶᠠᠯᠠᠭᠳᠠᠬᠤ ᠪᠠ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠰᠢᠭᠦᠨ ᠲᠠᠰᠤᠯᠬᠤ ᠶᠣᠰᠣᠲᠠᠢ ᠪᠤᠰᠤᠳ ᠡᠷᠡᠭᠦᠦ ᠶ᠋ᠢᠨ ᠬᠡᠷᠡᠭ ᠂ ᠢᠷᠭᠡᠨ ᠦ᠌ ᠬᠡᠷᠡᠭ ᠂ ᠵᠠᠰᠠᠭ ᠵᠠᠬᠢᠷᠭᠠᠨ ᠤ᠋ ᠬᠡᠷᠡᠭ ᠦ᠋ᠨ ᠨᠢᠭᠡᠳᠦᠭᠡᠷ ᠰᠢᠭᠦᠯᠲᠡ ᠶ᠋ᠢᠨ ᠬᠡᠷᠡᠭ ᠢ᠋ ᠰᠢᠭᠦᠨ ᠲᠠᠰᠤᠯᠠᠨ᠎ᠠ ᠃
(3)ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠬᠠᠷᠢᠶᠠᠯᠠᠬᠤ ᠡᠷᠡᠭᠦᠦ ᠶ᠋ᠢᠨ ᠬᠡᠷᠡᠭ ᠂ ᠢᠷᠭᠡᠨ ᠦ᠌ ᠬᠡᠷᠡᠭ ᠂ ᠵᠠᠰᠠᠭ ᠵᠠᠬᠢᠷᠭᠠᠨ ᠤ᠋ ᠬᠣᠶᠠᠳᠤᠭᠠᠷ ᠰᠢᠭᠦᠯᠲᠡ ᠶ᠋ᠢᠨ ᠬᠡᠷᠡᠭ ᠢ᠋ ᠬᠠᠤᠯᠢ ᠶᠣᠰᠣᠭᠠᠷ ᠰᠢᠭᠦᠨ ᠲᠠᠰᠤᠯᠤᠨ᠎ᠠ ᠃
(4)ᠡᠷᠡᠭᠦᠦ ᠰᠢᠳᠬᠡᠯ ᠢ᠋ ᠬᠥᠩᠭᠡᠯᠡᠬᠦ᠂ ᠳᠠᠩᠰᠠᠨ ᠰᠤᠯᠠᠯᠠᠬᠤ ᠬᠡᠷᠡᠭ ᠢ᠋ ᠬᠠᠤᠯᠢ ᠶᠣᠰᠣᠭᠠᠷ ᠰᠢᠭᠦᠨ ᠰᠢᠢᠳᠪᠦᠷᠢᠯᠡᠨ᠎ᠡ᠃
(5)ᠲᠤᠰ ᠬᠣᠷᠢᠶ᠎ᠠ ᠨᠢ ᠦᠨᠳᠦᠰᠦᠨ ᠱᠠᠲᠤᠨ ᠤ᠋ ᠠᠷᠠᠳ ᠤ᠋ᠨ ᠰᠢᠭᠦᠬᠦ ᠬᠣᠷᠢᠶᠠᠨ ᠤ᠋ ᠬᠦᠴᠦᠨ ᠲᠡᠢ ᠪᠣᠯᠤᠭᠰᠠᠨ ᠰᠢᠭᠦᠨ ᠲᠠᠰᠤᠯᠤᠯᠲᠠ ᠂ ᠬᠢᠨᠠᠨ ᠲᠠᠰᠤᠯᠤᠯᠲᠠ ᠶ᠋ᠢ ᠦᠯᠦ ᠵᠥᠪᠰᠢᠶᠡᠷᠡᠭᠰᠡᠨ ᠡᠯ᠎ᠡ ᠲᠥᠷᠥᠯ ᠦ᠋ᠨ ᠰᠢᠭᠦᠨ ᠲᠠᠰᠤᠯᠤᠯᠲᠠ ᠳ᠋ᠤ᠌ ᠬᠢᠨᠠᠯᠲᠠ ᠲᠠᠯᠪᠢᠬᠤ ᠬᠡᠷᠡᠭ ᠢ᠋ ᠬᠦᠯᠢᠶᠡᠨ ᠠᠪᠴᠤ ᠰᠢᠢᠳᠪᠦᠷᠢᠯᠡᠨ᠎ᠡ᠃
(6) ᠬᠠᠤᠯᠢ ᠶᠣᠰᠣᠭᠠᠷ ᠦᠨᠳᠦᠰᠦᠨ ᠱᠠᠲᠤᠨ ᠤ᠋ ᠠᠷᠠᠳ ᠤ᠋ᠨ ᠰᠢᠭᠦᠬᠦ ᠬᠣᠷᠢᠶᠠᠨ ᠳ᠋ᠤ᠌ ᠬᠠᠷᠢᠶᠠᠯᠠᠬᠤ ᠡᠷᠬᠡ ᠪᠡᠨ ᠬᠡᠷᠡᠭᠵᠢᠭᠦᠯᠦᠨ ᠦᠨᠳᠦᠰᠦᠨ ᠱᠠᠲᠤᠨ ᠤ᠋ ᠠᠷᠠᠳ ᠤ᠋ᠨ ᠰᠢᠭᠦᠬᠦ ᠬᠣᠷᠢᠶᠠᠨ ᠤ᠋ ᠰᠢᠭᠦᠨ ᠲᠠᠰᠤᠯᠬᠤ ᠠᠵᠢᠯ ᠢ᠋ ᠬᠢᠨᠠᠨ ᠵᠢᠯᠣᠭᠣᠳᠤᠨ᠎ᠠ ᠃
(7)ᠬᠠᠤᠯᠢ ᠬᠡᠷᠡᠭᠵᠢᠭᠦᠯᠬᠦ ᠡᠷᠬᠡ ᠪᠣᠯᠤᠨ ᠬᠠᠤᠯᠢ ᠴᠠᠭᠠᠵᠠ ᠪᠠᠷ ᠲᠣᠭᠲᠠᠭᠠᠬᠤ ᠡᠷᠬᠡ ᠶ᠋ᠢ ᠬᠠᠤᠯᠢ ᠶᠣᠰᠣᠭᠠᠷ ᠬᠡᠷᠡᠭᠵᠢᠭᠦᠯᠦᠨ᠎ᠡ᠃
(8) ᠤᠯᠤᠰ ᠤ᠋ᠨ ᠲᠥᠯᠥᠪᠦᠷᠢ ᠶ᠋ᠢᠨ ᠬᠡᠷᠡᠭ ᠢ᠋ ᠬᠠᠤᠯᠢ ᠶᠣᠰᠣᠭᠠᠷ ᠰᠢᠭᠦᠨ᠎ᠡ᠃
(9)ᠦᠨᠳᠦᠰᠦᠨ ᠱᠠᠲᠤᠨ ᠤ᠋ ᠠᠷᠠᠳ ᠤ᠋ᠨ ᠰᠢᠭᠦᠬᠦ ᠬᠣᠷᠢᠶᠠᠨ ᠤ᠋ ᠬᠢᠨᠠᠨ ᠪᠠᠢᠴᠠᠭᠠᠬᠤ ᠠᠵᠢᠯ ᠢ᠋ ᠤᠳᠤᠷᠢᠳᠤᠨ᠎ᠠ ᠃
(10)ᠠᠯᠪᠠᠨ ᠪᠠᠢᠭᠤᠯᠭ᠎ᠠ ᠶ᠋ᠢᠨ ᠦᠵᠡᠯ ᠰᠠᠨᠠᠭ᠎ᠠ ᠤᠯᠤᠰ ᠲᠥᠷᠥ ᠶ᠋ᠢᠨ ᠬᠥᠮᠦᠵᠢᠯ ᠂ ᠲᠤᠰᠬᠠᠢ ᠮᠡᠷᠭᠡᠵᠢᠯ ᠦ᠋ᠨ ᠪᠣᠯᠪᠠᠰᠤᠷᠠᠯ ᠢ᠋ ᠵᠣᠬᠢᠶᠠᠨ ᠪᠠᠢᠭᠤᠯᠬᠤ ᠠᠵᠢᠯ ᠢ᠋ ᠬᠠᠷᠢᠭᠤᠴᠠᠨ᠎ᠠ᠃ ᠦᠨᠳᠦᠰᠦᠨ ᠱᠠᠲᠤᠨ ᠤ᠋ ᠠᠷᠠᠳ ᠤ᠋ᠨ ᠰᠢᠭᠦᠬᠦ ᠬᠣᠷᠢᠶᠠᠨ ᠤ᠋ ᠦᠵᠡᠯ ᠰᠠᠨᠠᠭ᠎ᠠ ᠤᠯᠤᠰ ᠲᠥᠷᠥ ᠶ᠋ᠢᠨ ᠠᠵᠢᠯ ᠪᠠ ᠬᠥᠮᠦᠵᠢᠯ ᠪᠣᠯᠪᠠᠰᠤᠷᠠᠯ ᠤ᠋ᠨ ᠠᠵᠢᠯ ᠢ᠋ ᠵᠢᠯᠣᠭᠣᠳᠤᠨ᠎ᠠ᠃ ᠡᠷᠬᠡ ᠮᠠᠲᠠᠯ ᠤ᠋ᠨ ᠬᠡᠪᠴᠢᠶᠡᠨ ᠳᠣᠲᠣᠷ᠎ᠠ ᠬᠠᠤᠯᠢ ᠶ᠋ᠢᠨ ᠲᠤᠰᠢᠶᠠᠯᠲᠠᠨ ᠂ ᠭᠦᠢᠴᠡᠳᠬᠡᠭᠴᠢ ᠂ ᠪᠢᠴᠢᠭᠡᠴᠢ ᠂ ᠬᠠᠤᠯᠢ ᠴᠠᠭᠠᠵᠠ ᠶ᠋ᠢᠨ ᠴᠠᠭᠳᠠᠭ᠎ᠠ ᠂ ᠬᠠᠤᠯᠢ ᠶ᠋ᠢᠨ ᠡᠮᠴᠢ ᠶ᠋ᠢᠨ ᠬᠢᠨᠠᠨ ᠲᠣᠭᠲᠠᠭᠠᠭᠴᠢ ᠪᠠ ᠬᠠᠤᠯᠢ ᠴᠠᠭᠠᠵᠠ ᠶ᠋ᠢᠨ ᠵᠠᠰᠠᠭ ᠵᠠᠬᠢᠷᠭᠠᠨ ᠤ᠋ ᠠᠵᠢᠯᠲᠠᠨ ᠢ᠋ ᠬᠠᠮᠢᠶᠠᠷᠤᠨ᠎ᠠ ᠃ ᠬᠣᠲᠠ ᠶ᠋ᠢᠨ ᠨᠠᠮ ᠤ᠋ᠨ ᠬᠣᠷᠢᠶ᠎ᠠ ᠪᠠ ᠬᠣᠰᠢᠭᠤ ᠲᠣᠭᠣᠷᠢᠭ ᠤ᠋ᠨ ᠨᠠᠮ ᠤ᠋ᠨ ᠬᠣᠷᠢᠶ᠎ᠠ ᠶ᠋ᠢ ᠬᠠᠪᠰᠤᠷᠤᠨ ᠬᠣᠰᠢᠭᠤ ᠲᠣᠭᠣᠷᠢᠭ ᠤ᠋ᠨ ᠠᠷᠠᠳ ᠤ᠋ᠨ ᠰᠢᠭᠦᠬᠦ ᠬᠣᠷᠢᠶᠠᠨ ᠤ᠋ ᠤᠳᠤᠷᠢᠳᠬᠤ ᠺᠠᠲᠠᠷ ᠢ᠋ ᠬᠥᠮᠦᠵᠢᠭᠦᠯᠬᠦ ᠂ ᠰᠢᠯᠢᠨ ᠳᠡᠪᠰᠢᠭᠦᠯᠬᠦ ᠂ ᠬᠠᠮᠢᠶᠠᠷᠬᠤ ᠪᠠ ᠤᠳᠤᠷᠢᠳᠬᠤ ᠪᠠᠭ ᠤ᠋ᠨ ᠪᠠᠢᠭᠤᠯᠤᠯᠲᠠ ᠶ᠋ᠢᠨ ᠠᠵᠢᠯ ᠢ᠋ ᠰᠠᠢᠲᠤᠷ ᠬᠢᠨ᠎ᠡ ᠃ ᠬᠣᠲᠠ ᠶ᠋ᠢᠨ ᠪᠠᠢᠭᠤᠯᠤᠮᠵᠢ ᠶ᠋ᠢᠨ ᠣᠷᠤᠨ ᠲᠣᠭᠠᠨ ᠤ ᠰᠠᠯᠠᠭ᠎ᠠ ᠮᠥᠴᠢᠷ ᠢ᠋ ᠬᠠᠪᠰᠤᠷᠤᠨ ᠪᠥᠬᠥ ᠬᠣᠲᠠ ᠶ᠋ᠢᠨ ᠡᠯ᠎ᠡ ᠱᠠᠲᠤᠨ ᠤ᠋ ᠠᠷᠠᠳ ᠤ᠋ᠨ ᠰᠢᠭᠦᠬᠦ ᠬᠣᠷᠢᠶᠠᠨ ᠤ᠋ ᠪᠠᠢᠭᠤᠯᠤᠮᠵᠢ ᠂ ᠣᠷᠣᠨ ᠲᠣᠭᠠᠨ ᠤ᠋ ᠠᠵᠢᠯ ᠢ᠋ ᠬᠠᠮᠢᠶᠠᠷᠤᠨ᠎ᠠ ᠃
(11)ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠬᠣᠯᠪᠣᠭᠳᠠᠯ ᠪᠦᠬᠦᠢ ᠵᠠᠷᠤᠳᠠᠯ ᠪᠠ ᠵᠡᠪᠰᠡᠭ ᠲᠣᠨᠣᠭᠯᠠᠯ ᠤ᠋ᠨ ᠡᠳ᠋ ᠪᠣᠳᠠᠰ ᠢ᠋ ᠬᠠᠮᠢᠶᠠᠷᠤᠨ᠎ᠠ ᠃
(12)ᠰᠢᠭᠦᠨ ᠲᠠᠰᠤᠯᠬᠤ ᠠᠵᠢᠯ ᠳ᠋ᠤ᠌ ᠬᠠᠤᠯᠢ ᠳᠦᠷᠢᠮ ᠢ᠋ ᠤᠬᠠᠭᠤᠯᠤᠨ ᠂ ᠢᠷᠭᠡᠨ ᠤᠬᠠᠮᠰᠠᠷ ᠠ᠋ᠴᠠ ᠪᠠᠨ ᠦᠨᠳᠦᠰᠦᠨ ᠬᠠᠤᠯᠢ ᠂ ᠬᠠᠤᠯᠢ ᠴᠠᠭᠠᠵᠠ ᠶ᠋ᠢ ᠵᠢᠷᠦᠮᠯᠡᠬᠦ ᠬᠡᠷᠡᠭᠲᠡᠢ ᠃
(13)ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠬᠠᠷᠢᠭᠤᠴᠠᠬᠤ ᠶᠣᠰᠣᠲᠠᠢ ᠪᠤᠰᠤᠳ ᠵᠦᠢᠯ ᠢ᠋ ᠭᠦᠢᠴᠡᠳᠬᠡᠨ᠎ᠡ᠃
ᠬᠣᠶᠠᠷ ᠂ ᠪᠠᠢᠭᠤᠯᠤᠮᠵᠢ ᠶ᠋ᠢᠨ ᠪᠠᠢᠷᠢᠯᠠᠭᠤᠯᠤᠯᠲᠠ ᠵᠢᠴᠢ ᠲᠥᠰᠥᠪ ᠦ᠋ᠨ ᠨᠢᠭᠡᠴᠡ ᠶ᠋ᠢᠨ ᠪᠦᠲᠦᠴᠡ ᠶ᠋ᠢᠨ ᠪᠠᠢᠳᠠᠯ
ᠲᠥᠰᠥᠪ ᠦ᠋ᠨ ᠨᠢᠭᠡᠴᠡ ᠡᠴᠡ ᠦᠵᠡᠬᠦ ᠳ᠋ᠦ᠍ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠰᠠᠯᠠᠭ᠎ᠠ ᠮᠥᠴᠢᠷ ᠦ᠋ᠨ ᠲᠥᠰᠥᠪ᠂ ᠥᠪᠡᠷᠲᠡᠭᠡᠨ ᠵᠠᠰᠠᠬᠤ ᠣᠷᠣᠨ ᠤ᠋ ᠲᠤᠰ ᠱᠠᠲᠤᠨ ᠤ᠋ ᠲᠥᠰᠥᠪ ᠪᠣᠯᠤᠨ ᠥᠪᠡᠷᠲᠡᠭᠡᠨ ᠵᠠᠰᠠᠬᠤ ᠣᠷᠣᠨ ᠤ᠋ ᠬᠠᠷᠢᠶ᠎ᠠ ᠵᠠᠰᠠᠭ ᠵᠠᠬᠢᠷᠭᠠᠨ ᠤ᠋ ᠪᠠᠢᠭᠤᠯᠤᠯᠭ᠎ᠠ ᠶ᠋ᠢᠨ ᠲᠥᠰᠥᠪ ᠪᠠᠭᠲᠠᠨ᠎ᠠ ᠃
(1)ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠰᠠᠯᠠᠭ᠎ᠠ ᠮᠥᠴᠢᠷ ᠦ᠋ᠨ ᠪᠠᠢᠭᠤᠯᠤᠮᠵᠢ ᠵᠢᠴᠢ ᠠᠵᠢᠯᠲᠠᠨ ᠤ᠋ ᠦᠨᠳᠦᠰᠦᠨ ᠪᠠᠢᠳᠠᠯ᠄
ᠬᠠᠤᠯᠢ ᠬᠡᠷᠡᠭᠵᠢᠭᠦᠯᠬᠦ ᠬᠠᠷᠢᠭᠤᠴᠠᠯᠭ᠎ᠠ ᠶ᠋ᠢᠨ ᠳᠦᠷᠢᠮ ᠦ᠋ᠨ ᠥᠭᠡᠷᠡᠴᠢᠯᠡᠯᠲᠡ ᠶ᠋ᠢᠨ ᠠᠵᠢᠯ ᠢ᠋ ᠨᠠᠢᠳᠠᠪᠤᠷᠢᠵᠢᠭᠤᠯᠬᠤ ᠳᠤᠮᠳᠠ ᠬᠣᠲᠠ ᠶ᠋ᠢᠨ ᠠᠷᠠᠳ ᠤᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠨᠢ ᠤᠯᠠᠮᠵᠢᠯᠠᠯᠲᠤ ᠭᠡᠷ ᠪᠦᠯᠢ ᠪᠠᠢᠭᠤᠯᠬᠤ ᠬᠡᠯᠪᠡᠷᠢ ᠶ᠋ᠢ ᠡᠪᠳᠡᠵᠦ ᠰᠢᠭᠦᠨ ᠲᠠᠰᠤᠯᠤᠯᠲᠠ ᠶ᠋ᠢᠨ ᠬᠠᠮᠢᠶᠠᠷᠤᠯᠲᠠ ᠶ᠋ᠢᠨ ᠵᠠᠰᠠᠭ ᠵᠠᠬᠢᠷᠭᠠᠨᠵᠢᠯᠲᠠ ᠂ ᠳᠣᠲᠣᠭᠠᠳᠤ ᠶ᠋ᠢᠨ ᠪᠠᠢᠭᠤᠯᠤᠮᠵᠢ ᠶ᠋ᠢ ᠬᠠᠪᠲᠠᠭᠠᠢᠵᠢᠭᠰᠠᠨ ᠬᠠᠮᠢᠶᠠᠷᠤᠯᠲᠠ ᠶ᠋ᠢᠨ ᠠᠵᠢᠯ ᠤ᠋ᠨ ᠰᠡᠳᠬᠢᠴᠡ ᠪᠡᠷ ᠳᠣᠲᠣᠭᠠᠳᠤ ᠳ᠋ᠠᠭᠠᠨ ᠭᠠᠷᠭᠠᠭᠰᠠᠨ ᠲᠤᠬᠠᠢᠯᠠᠭᠰᠠᠨ ᠠᠵᠢᠯ ᠤ᠋ᠨ ᠰᠠᠯᠠᠭ᠎ᠠ ᠮᠥᠴᠢᠷ ᠲᠦ᠍ ᠪᠦᠯᠦᠭᠵᠢᠭᠦᠯᠦᠭᠰᠡᠨ ᠬᠠᠮᠢᠶᠠᠷᠤᠯᠲᠠ ᠶ᠋ᠢ ᠬᠡᠷᠡᠭᠵᠢᠭᠦᠯᠪᠡ ᠃ ᠨᠡᠢᠲᠡ 8 ᠰᠢᠭᠦᠬᠦ ᠪᠦᠯᠬᠦᠮ(ᠳᠣᠣᠷ᠎ᠠ ᠨᠢ 18 ᠬᠠᠮᠲᠤᠷᠠᠨ ᠵᠥᠪᠯᠡᠬᠦ ᠲᠢᠩᠬᠢᠮ )ᠪᠠ 10 ᠶᠡᠷᠦᠩᠬᠡᠢᠯᠡᠭᠰᠡᠨ ᠰᠠᠯᠠᠭ᠎ᠠ ᠮᠥᠴᠢᠷ ᠢ᠋ ᠪᠠᠢᠷᠢᠯᠠᠭᠤᠯᠵᠤ ᠂ 2017 ᠣᠨ ᠤ᠋ 7 ᠰᠠᠷ᠎ᠠ ᠶ᠋ᠢᠨ 1 ᠦ᠌ ᠡᠳᠦᠷ ᠡᠴᠡ ᠡᠬᠢᠯᠡᠨ ᠰᠢᠨ᠎ᠡ ᠰᠢᠭᠦᠨ ᠲᠠᠰᠤᠯᠬᠤ ᠠᠵᠢᠯᠯᠠᠭ᠎ᠠ ᠵᠢᠴᠢ ᠳᠣᠲᠣᠭᠠᠳᠤ ᠶ᠋ᠢᠨ ᠪᠠᠢᠭᠤᠯᠤᠮᠵᠢ ᠶ᠋ᠢᠨ ᠬᠢᠨᠠᠯᠲᠠ ᠬᠠᠮᠢᠶᠠᠷᠤᠯᠲᠠ ᠶ᠋ᠢᠨ ᠵᠠᠭᠪᠤᠷ ᠢ᠋ ᠪᠦᠬᠦ ᠲᠠᠯ᠎ᠠ ᠪᠠᠷ ᠡᠬᠢᠯᠡᠭᠦᠯᠵᠡᠢ ᠃
1 .ᠰᠢᠭᠦᠬᠦ ᠪᠦᠯᠬᠦᠮ ᠦ᠋ᠨ ᠲᠤᠰᠢᠶᠠᠯ ᠬᠠᠷᠢᠭᠤᠴᠠᠯᠭ᠎ᠠ(8)
(1)ᠡᠷᠡᠭᠦᠦ ᠶ᠋ᠢᠨ ᠬᠡᠷᠡᠭ ᠦ᠋ᠨ ᠰᠢᠭᠦᠨ ᠲᠠᠰᠤᠯᠬᠤ ᠪᠦᠯᠬᠦᠮ
(2)ᠢᠷᠭᠡᠨ ᠦ᠌ ᠬᠡᠷᠡᠭ ᠦ᠋ᠨ ᠰᠢᠭᠦᠨ ᠲᠠᠰᠤᠯᠤᠯᠲᠠ ᠶ᠋ᠢᠨ ᠨᠢᠭᠡᠳᠦᠭᠡᠷ ᠪᠦᠯᠬᠦᠮ
(3)ᠢᠷᠭᠡᠨ ᠦ᠌ ᠬᠡᠷᠡᠭ ᠦ᠋ᠨ ᠰᠢᠭᠦᠨ ᠲᠠᠰᠤᠯᠤᠯᠲᠠ ᠶ᠋ᠢᠨ ᠬᠣᠶᠠᠳᠤᠭᠠᠷ ᠪᠦᠯᠬᠦᠮ
(4)ᠢᠷᠭᠡᠨ ᠦ᠌ ᠬᠡᠷᠡᠭ ᠦ᠋ᠨ ᠰᠢᠭᠦᠨ ᠲᠠᠰᠤᠯᠤᠯᠲᠠ ᠶ᠋ᠢᠨ ᠭᠤᠷᠪᠠᠳᠤᠭᠠᠷ ᠪᠦᠯᠬᠦᠮ
(5)ᠵᠠᠰᠠᠭ ᠵᠠᠬᠢᠷᠭᠠᠨ ᠤ᠋ ᠰᠢᠭᠦᠨ ᠲᠠᠰᠤᠯᠬᠤ ᠪᠦᠯᠬᠦᠮ
(6)ᠳᠠᠬᠢᠨ ᠰᠢᠭᠦᠯᠲᠡ ᠶ᠋ᠢ ᠬᠢᠨᠠᠨ ᠪᠠᠢᠴᠠᠭᠠᠬᠤ ᠬᠢᠨᠠᠬᠤ ᠪᠦᠯᠬᠦᠮ
(7)ᠭᠦᠢᠴᠡᠳᠬᠡᠬᠦ ᠪᠦᠯᠬᠦᠮ
(8)ᠬᠡᠷᠡᠭ ᠪᠣᠯᠭᠠᠨ ᠳᠠᠩᠰᠠᠯᠠᠬᠤ ᠪᠠ ᠵᠠᠷᠭᠤ ᠶ᠋ᠢᠨ ᠦᠢᠯᠡᠴᠢᠯᠡᠭᠡᠨ ᠦ᠌ ᠪᠦᠯᠬᠦᠮ
2. ᠶᠡᠷᠦᠩᠬᠡᠢ ᠰᠠᠯᠠᠭ᠎ᠠ ᠮᠥᠴᠢᠷ(10)
(1)ᠤᠯᠤᠰ ᠲᠥᠷᠥ ᠶ᠋ᠢᠨ ᠬᠡᠯᠲᠡᠰ
(2)ᠠᠯᠪᠠᠨ ᠭᠡᠷ
(3)ᠬᠢᠨᠠᠨ ᠪᠠᠢᠴᠠᠭᠠᠬᠤ ᠭᠠᠵᠠᠷ
(4)ᠬᠠᠤᠯᠢ ᠴᠠᠭᠠᠵᠠ ᠵᠠᠰᠠᠭ ᠵᠠᠬᠢᠷᠭᠠᠨ ᠤ᠋ ᠲᠣᠨᠣᠭ ᠲᠥᠬᠥᠭᠡᠷᠦᠮᠵᠢ ᠶ᠋ᠢᠨ ᠬᠠᠮᠢᠶᠠᠷᠤᠯᠲᠠ ᠶ᠋ᠢᠨ ᠲᠠᠰᠤᠭ
(5)ᠰᠢᠭᠦᠨ ᠲᠠᠰᠤᠯᠬᠤ ᠬᠠᠮᠢᠶᠠᠷᠤᠯᠲᠠ ᠶ᠋ᠢᠨ ᠠᠯᠪᠠᠨ ᠭᠡᠷ
(6)ᠰᠤᠳᠤᠯᠬᠤ ᠲᠠᠰᠤᠭ
(7)ᠵᠠᠬᠢᠳᠠᠯ ᠰᠤᠷᠪᠤᠯᠵᠢᠯᠠᠭ᠎ᠠ ᠶ᠋ᠢᠨ ᠲᠠᠰᠤᠭ
(8)ᠮᠡᠷᠭᠡᠵᠢᠯ ᠦ᠋ᠨ ᠭᠠᠵᠠᠷ
(9)ᠬᠠᠤᠯᠢ ᠶ᠋ᠢᠨ ᠴᠠᠭᠳᠠᠭ᠎ᠠ ᠶ᠋ᠢᠨ ᠰᠠᠯᠪᠤᠷᠢ ᠠᠩᠭᠢ
(10)ᠪᠠᠢᠭᠤᠯᠭ᠎ᠠ ᠶ᠋ᠢᠨ ᠨᠠᠮ ᠤ᠋ᠨ ᠬᠣᠷᠢᠶ᠎ᠠ
ᠠᠵᠢᠯᠲᠠᠨ ᠤ᠋ ᠦᠨᠳᠦᠰᠦᠨ ᠪᠠᠢᠳᠠᠯ ᠄ ᠣᠷᠣᠨ ᠲᠣᠭ᠎ᠠ ᠨᠢ 222 ᠬᠥᠮᠦᠨ ᠂ ᠵᠢᠯ ᠦ᠋ᠨ ᠡᠴᠦᠰ ᠲᠦ᠍ ᠪᠣᠳᠠᠲᠠᠢ ᠪᠠᠢᠬᠤ ᠬᠥᠮᠦᠨ ᠦ᠌ ᠲᠣᠭ᠎ᠠ 296 ᠬᠥᠮᠦᠨ ᠂ ᠲᠡᠳᠬᠦᠪᠦᠷᠢ ᠳ᠋ᠦ᠍ ᠭᠠᠷᠤᠭᠰᠠᠨ 80 ᠬᠥᠮᠦᠨ ᠂ ᠠᠵᠢᠯ ᠠᠴᠠ ᠵᠣᠭᠰᠤᠭᠰᠠᠨ 1 ᠬᠥᠮᠦᠨ ᠂ ᠡᠪ ᠪᠦᠯᠢ 3 ᠬᠥᠮᠦᠨ ᠪᠣᠯᠤᠨ᠎ᠠ ᠃
(2)ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠲᠢᠩᠬᠢᠮ ᠦ᠋ᠨ ᠬᠠᠷᠢᠶ᠎ᠠ ᠨᠢᠭᠡᠴᠡ ᠶ᠋ᠢᠨ ᠪᠠᠢᠷᠢᠯᠠᠭᠤᠯᠤᠯᠲᠠ ᠵᠢᠴᠢ ᠠᠵᠢᠯᠲᠠᠨ ᠤ᠋ ᠪᠠᠢᠳᠠᠯ
2021 ᠣᠨ ᠤ᠋ ᠰᠠᠯᠠᠭ᠎ᠠ ᠮᠥᠴᠢᠷ ᠦ᠋ᠨ ᠲᠥᠰᠥᠪ ᠢ᠋ ᠨᠠᠢᠷᠠᠭᠤᠯᠤᠨ ᠵᠣᠬᠢᠬᠤ ᠬᠡᠪᠴᠢᠶᠡᠨ ᠳ᠋ᠦ᠍ ᠣᠷᠣᠭᠤᠯᠤᠭᠰᠠᠨ ᠬᠣᠶᠠᠳᠤᠭᠠᠷ ᠳᠡᠰ ᠦ᠋ᠨ ᠲᠥᠰᠥᠪ ᠦ᠋ᠨ ᠨᠢᠭᠡᠴᠢ ᠶ᠋ᠢᠨ ᠪᠠᠢᠳᠠᠯ᠄
ᠨᠢᠭᠡᠴᠢ ᠶ᠋ᠢᠨ ᠪᠠᠢᠳᠠᠯ ᠤ᠋ᠨ ᠬᠦᠰᠦᠨᠦᠭᠲᠦ
ᠬᠣᠶᠠᠳᠤᠭᠠᠷ ᠬᠡᠰᠡᠭ᠂ 2021 ᠣᠨ ᠤ᠋ ᠰᠠᠯᠠᠭ᠎ᠠ ᠮᠥᠴᠢᠷ ᠦ᠋ᠨ ᠲᠥᠰᠥᠪ ᠢ᠋ ᠲᠣᠬᠢᠷᠠᠭᠤᠯᠤᠭᠰᠠᠨ ᠪᠠᠢᠳᠠᠯ ᠤ᠋ᠨ ᠲᠤᠬᠠᠢ ᠲᠣᠳᠣᠷᠬᠠᠢᠯᠠᠯᠲᠠ
ᠨᠢᠭᠡ ᠂ ᠰᠠᠯᠠᠭ᠎ᠠ ᠮᠥᠴᠢᠷ ᠦ᠋ᠨ ᠲᠥᠰᠥᠪ ᠦ᠋ᠨ ᠣᠷᠣᠯᠭ᠎ᠠ ᠵᠠᠷᠤᠯᠭ᠎ᠠ ᠶ᠋ᠢᠨ ᠶᠡᠷᠦᠩᠬᠡᠢ ᠪᠠᠢᠳᠠᠯ ᠤ᠋ᠨ ᠲᠣᠳᠣᠷᠬᠠᠢᠯᠠᠯᠲᠠ
ᠣᠷᠣᠯᠭ᠎ᠠ ᠶ᠋ᠢᠨ ᠲᠥᠰᠥᠪ 6696.02 ᠲᠦᠮᠡᠨ ᠲᠥᠭᠥᠷᠢᠭ ᠲᠦ᠍ ᠬᠦᠷᠴᠦ ᠂ ᠡᠭᠦᠨ ᠦ᠌ ᠳᠣᠲᠣᠷ᠎ᠠ 2020 ᠣᠨ ᠳ᠋ᠤ᠌ 0.12 ᠲᠦᠮᠡᠨ ᠲᠥᠭᠥᠷᠢᠭ ᠳ᠋ᠦᠩᠨᠡᠨ ᠰᠢᠯᠵᠢᠭᠦᠯᠵᠦ ᠂ 2020 ᠣᠨ ᠤ᠋ ᠲᠥᠰᠥᠪ ᠡᠴᠡ 1562.35 ᠲᠦᠮᠡᠨ ᠲᠥᠭᠥᠷᠢᠭ ᠪᠠᠭᠠᠰᠬᠠᠵᠤ ᠂ 23.33% ᠪᠠᠷ ᠪᠠᠭᠤᠷᠠᠵᠠᠢ ᠃
ᠵᠠᠷᠤᠯᠭ᠎ᠠ ᠶ᠋ᠢᠨ ᠲᠥᠰᠥᠪ 6696.02 ᠲᠦᠮᠡᠨ ᠲᠥᠭᠥᠷᠢᠭ ᠲᠦ᠍ ᠬᠦᠷᠴᠦ ᠂ ᠡᠭᠦᠨ ᠦ᠌ ᠳᠣᠲᠣᠷ᠎ᠠ 2020 ᠣᠨ ᠳ᠋ᠤ᠌ 0.12 ᠲᠦᠮᠡᠨ ᠲᠥᠭᠥᠷᠢᠭ ᠳ᠋ᠦᠩᠨᠡᠨ ᠰᠢᠯᠵᠢᠭᠦᠯᠵᠦ ᠂ 2020 ᠣᠨ ᠤ᠋ ᠲᠥᠰᠥᠪ ᠡᠴᠡ 1562.35 ᠲᠦᠮᠡᠨ ᠲᠥᠭᠥᠷᠢᠭ ᠪᠠᠭᠠᠰᠬᠠᠵᠤ ᠂ 23.33% ᠪᠠᠷ ᠪᠠᠭᠤᠷᠠᠵᠠᠢ ᠃
( ᠨᠢᠭᠡ)ᠰᠠᠯᠠᠭ᠎ᠠ ᠮᠥᠴᠢᠷ ᠦ᠋ᠨ ᠲᠥᠰᠥᠪ ᠦ᠋ᠨ ᠣᠷᠣᠯᠭ᠎ᠠ ᠶ᠋ᠢᠨ ᠪᠠᠢᠳᠠᠯ ᠤ᠋ᠨ ᠲᠣᠳᠣᠷᠬᠠᠢᠯᠠᠯᠲᠠ
ᠰᠠᠯᠠᠭ᠎ᠠ ᠮᠥᠴᠢᠷ ᠦ᠋ᠨ ᠲᠥᠰᠥᠪ ᠦ᠋ᠨ ᠣᠷᠣᠯᠭ᠎ᠠ 6696.02 ᠲᠦᠮᠡᠨ ᠲᠥᠭᠥᠷᠢᠭ ᠲᠦ᠍ ᠬᠦᠷᠴᠦ᠂ ᠡᠭᠦᠨ ᠳ᠋ᠦ᠍ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠪᠠᠭᠤᠯᠭᠠᠭᠰᠠᠨ ᠣᠷᠣᠯᠭ᠎ᠠ 6695.9 ᠲᠦᠮᠡᠨ ᠲᠥᠭᠥᠷᠢᠭ ᠬᠦᠷᠴᠦ᠂ 99.998%ᠵᠢ ᠡᠵᠡᠯᠡᠨ᠎ᠡ᠃ ᠲᠦᠷᠦᠭᠦᠦ ᠵᠢᠯ ᠦ᠋ᠨ ᠳ᠋ᠦᠩᠨᠡᠨ ᠰᠢᠯᠵᠢᠭᠦᠯᠦᠭᠰᠡᠨ ᠨᠣᠷᠮ᠎ᠠ ᠨᠢ 0.12 ᠲᠦᠮᠡᠨ ᠲᠥᠭᠥᠷᠢᠭ ᠬᠦᠷᠴᠦ᠂0.002%ᠬᠤᠪᠢ ᠵᠢ ᠡᠵᠡᠯᠡᠨ᠎ᠡ᠃
(ᠬᠣᠶᠠᠷ )ᠰᠠᠯᠠᠭ᠎ᠠ ᠮᠥᠴᠢᠷ ᠦ᠋ᠨ ᠲᠥᠰᠥᠪ ᠦ᠋ᠨ ᠵᠠᠷᠤᠯᠭ᠎ᠠ ᠶ᠋ᠢᠨ ᠪᠠᠢᠳᠠᠯ ᠤ᠋ᠨ ᠲᠣᠳᠣᠷᠬᠠᠢᠯᠠᠯᠲᠠ
ᠰᠠᠯᠠᠭ᠎ᠠ ᠮᠥᠴᠢᠷ ᠦ᠋ᠨ ᠲᠥᠰᠥᠪ ᠦ᠋ᠨ ᠵᠠᠷᠤᠯᠭ᠎ᠠ 6696.02 ᠲᠦᠮᠡᠨ ᠲᠥᠭᠥᠷᠢᠭ ,ᠡᠭᠦᠨ ᠳ᠋ᠦ᠍ ᠦᠨᠳᠦᠰᠦᠨ ᠵᠠᠷᠤᠯᠭ᠎ᠠ 4118.3 ᠲᠦᠮᠡᠨ ᠲᠥᠭᠥᠷᠢᠭ ᠪᠠᠢᠵᠤ᠂ 61.50%ᠬᠤᠪᠢ ᠵᠢ ᠡᠵᠡᠯᠡᠨ᠎ᠡ᠃ ᠲᠥᠷᠥᠯ ᠵᠦᠢᠯ ᠦ᠋ᠨ ᠵᠠᠷᠤᠯᠭ᠎ᠠ 257.72 ᠲᠦᠮᠡᠨ ᠲᠥᠭᠦᠷᠢᠭ ᠬᠦᠷᠴᠦ ᠂38.5% ᠬᠤᠪᠢ ᠵᠢ ᠡᠵᠡᠯᠡᠨ᠎ᠡ᠃
ᠭᠣᠣᠯᠳᠠᠭᠤ 《 ᠪᠠᠢᠭᠤᠯᠤᠮᠵᠢ ᠶ᠋ᠢᠨ ᠡᠷᠭᠢᠯᠲᠡ ᠂ ᠰᠢᠭᠦᠬᠦ ᠬᠣᠷᠢᠶᠠᠨ ᠤ᠋ ᠠᠵᠢᠯᠲᠠᠨ ᠤ᠋ ᠭᠠᠳᠠᠭᠰᠢ ᠭᠠᠷᠴᠤ ᠬᠡᠷᠡᠭ ᠰᠢᠢᠳᠪᠦᠷᠢᠯᠡᠬᠦ ᠵᠠᠷᠤᠳᠠᠯ 》ᠵᠡᠷᠭᠡ ᠲᠠᠯ᠎ᠠ ᠶ᠋ᠢᠨ ᠵᠠᠷᠤᠯᠭ᠎ᠠ ᠳ᠋ᠤ᠌ ᠬᠡᠷᠡᠭᠯᠡᠨ᠎ᠡ ᠃
ᠬᠣᠶᠠᠷ ᠂ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠰᠠᠯᠭᠠᠨ ᠦᠭᠭᠦᠭᠰᠡᠨ ᠵᠣᠭᠣᠰᠤᠨ ᠤ᠋ ᠣᠷᠣᠯᠭ᠎ᠠ ᠵᠠᠷᠤᠯᠭ᠎ᠠ ᠶ᠋ᠢᠨ ᠪᠠᠢᠳᠠᠯ ᠤ᠋ᠨ ᠲᠣᠳᠣᠷᠬᠠᠢᠯᠠᠯᠲᠠ
( ᠨᠢᠭᠡ )ᠡᠳ᠋ ᠦ᠋ᠨ ᠵᠠᠰᠠᠭ ᠠ᠋ᠴᠠ ᠥᠭᠬᠦ ᠵᠣᠭᠣᠰᠤᠨ ᠤ᠋ ᠬᠡᠪᠴᠢᠶᠡᠨ ᠦ᠌ ᠪᠠᠢᠳᠠᠯ
ᠡᠳ᠋ ᠦ᠋ᠨ ᠵᠠᠰᠠᠭ ᠠ᠋ᠴᠠ ᠰᠢᠯᠵᠢᠭᠦᠯᠦᠨ ᠦᠭᠭᠦᠭᠰᠡᠨ ᠵᠣᠭᠣᠰᠤᠨ ᠤ᠋ ᠣᠷᠣᠯᠭ᠎ᠠ ᠵᠠᠷᠤᠯᠭ᠎ᠠ ᠶ᠋ᠢᠨ ᠲᠥᠰᠥᠪ 6696.02 ᠲᠦᠮᠡᠨ ᠲᠥᠭᠥᠷᠢᠭ ᠪᠠᠢᠵᠤ᠂ ᠡᠭᠦᠨ ᠳ᠋ᠦ᠍ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠰᠢᠯᠵᠢᠭᠦᠯᠦᠨ ᠦᠭᠭᠦᠭᠰᠡᠨ ᠵᠣᠭᠣᠰ 6695.9 ᠲᠦᠮᠡᠨ ᠲᠥᠭᠥᠷᠢᠭ ᠂ ᠲᠦᠷᠦᠭᠦᠦ ᠵᠢᠯ ᠦ᠋ᠨ ᠳ᠋ᠦᠩᠨᠡᠨ ᠰᠢᠯᠵᠢᠭᠦᠯᠦᠭᠰᠡᠨ ᠨᠢ 0.12 ᠲᠦᠮᠡᠨ ᠲᠥᠭᠥᠷᠢᠭ ᠬᠦᠷᠴᠡᠢ᠃
(ᠬᠣᠶᠠᠷ )ᠬᠣᠶᠠᠷ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠦᠭᠭᠦᠭᠰᠡᠨ ᠵᠣᠭᠣᠰ ᠢ᠋ ᠪᠣᠳᠠᠲᠠᠢ ᠬᠡᠷᠡᠭᠯᠡᠵᠦ ᠲᠣᠬᠢᠷᠠᠭᠤᠯᠤᠭᠰᠠᠨ ᠪᠠᠢᠳᠠᠯ
1. ᠣᠯᠠᠨ ᠨᠡᠢᠲᠡ ᠶ᠋ᠢᠨ ᠠᠮᠤᠷ ᠲᠦᠪᠰᠢᠨ ᠦ᠌ ᠵᠠᠷᠤᠯᠭ᠎ᠠ 581.98 ᠲᠦᠮᠡᠨ ᠲᠥᠭᠥᠷᠢᠭ ᠪᠣᠯᠵᠤ ᠂ ᠲᠦᠷᠦᠭᠦᠦ ᠵᠢᠯ ᠦ᠋ᠨ ᠲᠥᠰᠥᠪ ᠦ᠋ᠨ ᠲᠣᠭ᠎ᠠ ᠠ᠋ᠴᠠ 1555.51 ᠲᠦᠮᠡᠨ ᠲᠥᠭᠥᠷᠢᠭ ᠬᠠᠰᠤᠭᠳᠠᠵᠤ᠂ ᠭᠣᠣᠯᠳᠠᠭᠤ ᠠᠵᠢᠯᠯᠠᠵᠤ ᠪᠠᠢᠭ᠎ᠠ ᠬᠥᠮᠦᠨ ᠂ ᠤᠷᠢᠵᠤ ᠬᠡᠷᠡᠭᠯᠡᠭᠰᠡᠨ ᠬᠥᠮᠦᠨ ᠂ ᠵᠠᠰᠠᠭ ᠤ᠋ᠨ ᠣᠷᠳᠣᠨ ᠦᠢᠯᠡᠴᠢᠯᠡᠭᠡ ᠬᠤᠳᠠᠯᠳᠤᠨ ᠠᠪᠤᠭᠰᠠᠨ ᠬᠥᠮᠦᠰ ᠦᠨ ᠲᠠᠪᠤᠨ ᠳᠠᠭᠠᠳᠬᠠᠯ ᠨᠢᠭᠡ ᠠᠯᠲᠠᠨ ᠤ᠋ ᠮᠥᠩᠭᠥ ᠶ᠋ᠢ ᠲᠤᠰᠢᠶᠠᠬᠤ ᠠ᠋ᠴᠠ ᠪᠤᠰᠤᠳ ᠪᠣᠢ ᠪᠦᠬᠦᠢ ᠰᠢᠭᠦᠬᠦ ᠬᠣᠷᠢᠶᠠᠨ ᠤ᠋ ᠵᠠᠷᠤᠯᠭ᠎ᠠ ᠳ᠋ᠤ᠌ ᠬᠡᠷᠡᠭᠯᠡᠨ᠎ᠡ ᠃
2. ᠨᠡᠢᠭᠡᠮ ᠦ᠋ᠨ ᠪᠠᠲᠤᠯᠠᠭ᠎ᠠ ᠪᠠ ᠠᠵᠢᠯ ᠣᠯᠭᠣᠯᠲᠠ ᠶ᠋ᠢᠨ ᠵᠠᠷᠤᠯᠭ᠎ᠠ ᠶ᠋ᠢ 298.26 ᠲᠦᠮᠡᠨ ᠲᠥᠭᠥᠷᠢᠭ ᠪᠣᠯᠭᠠᠵᠤ ᠂ ᠭᠣᠣᠯᠳᠠᠭᠤ ᠠᠵᠢᠯ ᠳ᠋ᠤ᠌ ᠪᠠᠢᠭ᠎ᠠ ᠬᠥᠮᠦᠰ ᠦ᠋ᠨ ᠡᠯ᠎ᠡ ᠲᠥᠷᠥᠯ ᠦ᠋ᠨ ᠳᠠᠭᠠᠳᠬᠠᠯ ᠵᠡᠷᠭᠡ ᠳ᠋ᠦ᠍ ᠬᠡᠷᠡᠭᠯᠡᠨ᠎ᠡ ᠃
3. ᠡᠷᠡᠭᠦᠯ ᠬᠠᠮᠠᠭᠠᠯᠠᠯ ᠡᠷᠡᠭᠦᠯ ᠮᠡᠨᠳᠦ ᠶ᠋ᠢᠨ ᠵᠠᠷᠤᠯᠭ᠎ᠠ 227.75 ᠲᠦᠮᠡᠨ ᠲᠥᠭᠥᠷᠢᠭ ᠪᠣᠯᠭᠠᠵᠤ᠂ ᠭᠣᠣᠯᠳᠠᠭᠤ ᠠᠵᠢᠯᠯᠠᠵᠤ ᠪᠠᠢᠭ᠎ᠠ ᠬᠥᠮᠦᠰ ᠦ᠋ᠨ ᠡᠮᠴᠢᠯᠡᠭᠡᠨ ᠦ᠌ ᠳᠠᠭᠠᠳᠬᠠᠯ ᠤ᠋ᠨ ᠰᠦᠢᠳᠬᠡᠯ ᠂ ᠲᠥᠯᠥᠪᠯᠡᠭᠡᠲᠦ ᠦᠷᠡᠵᠢᠯ ᠦ᠋ᠨ ᠳᠠᠭᠠᠳᠬᠠᠯ ᠤ᠋ᠨ ᠰᠦᠢᠳᠬᠡᠯ ᠵᠡᠷᠭᠡ ᠳ᠋ᠦ᠍ ᠬᠡᠷᠡᠭᠯᠡᠨ᠎ᠡ ᠃
4. ᠣᠷᠣᠨ ᠰᠠᠭᠤᠴᠠ ᠶ᠋ᠢᠨ ᠪᠠᠲᠤᠯᠠᠭ᠎ᠠ ᠶ᠋ᠢᠨ ᠵᠠᠷᠤᠯᠭ᠎ᠠ 288.03 ᠲᠦᠮᠡᠨ ᠲᠥᠭᠥᠷᠢᠭ ᠪᠣᠯᠭᠠᠵᠤ᠂ ᠭᠣᠣᠯᠳᠠᠭᠤ ᠠᠵᠢᠯᠯᠠᠵᠤ ᠪᠠᠢᠭ᠎ᠠ ᠬᠥᠮᠦᠰ ᠦ᠋ᠨ ᠣᠷᠣᠨ ᠰᠠᠭᠤᠴᠠ ᠶ᠋ᠢᠨ ᠨᠡᠢᠲᠡ ᠶ᠋ᠢᠨ ᠬᠤᠷᠠᠮᠳᠤᠭᠤᠯᠭ᠎ᠠ ᠶ᠋ᠢᠨ ᠮᠥᠩᠭᠥ ᠲᠤᠰᠢᠶᠠᠬᠤ ᠳ᠋ᠤ᠌ ᠬᠡᠷᠡᠭᠯᠡᠨ᠎ᠡ᠃
ᠭᠤᠷᠪᠠ ᠂ ᠵᠠᠰᠠᠭ ᠤ᠋ᠨ ᠣᠷᠳᠣᠨ ᠤ᠋ ᠴᠢᠨᠠᠷᠲᠠᠢ ᠰᠠᠭᠤᠷᠢ ᠮᠥᠩᠭᠥ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠰᠠᠯᠭᠠᠨ ᠥᠭᠬᠦ ᠵᠠᠷᠤᠯᠭ᠎ᠠ ᠶ᠋ᠢᠨ ᠪᠠᠢᠳᠠᠯ ᠤ᠋ᠨ ᠲᠣᠳᠣᠷᠬᠠᠢᠯᠠᠯᠲᠠ
ᠲᠤᠰ ᠨᠢᠭᠡᠴᠡ ᠳᠤ ᠵᠠᠰᠠᠭ ᠤ᠋ᠨ ᠣᠷᠳᠣᠨ ᠤ᠋ ᠴᠢᠨᠠᠷᠲᠠᠢ ᠰᠠᠭᠤᠷᠢ ᠮᠥᠩᠭᠥᠨ ᠦ᠌ ᠡᠳ᠋ ᠦ᠋ᠨ ᠵᠠᠰᠠᠭ ᠠ᠋ᠴᠠ ᠥᠭᠬᠦ ᠮᠥᠩᠭᠥᠨ ᠦ᠌ ᠲᠥᠰᠥᠪ ᠪᠠᠢᠬᠤ ᠦᠭᠡᠢ ᠃
ᠳᠥᠷᠪᠡ ᠂ ᠡᠳ᠋ ᠦ᠋ᠨ ᠵᠠᠰᠠᠭ ᠠ᠋ᠴᠠ ᠰᠠᠯᠭᠠᠨ ᠦᠭᠭᠦᠭᠰᠡᠨ ᠵᠣᠭᠣᠰ 《 ᠭᠤᠷᠪᠠᠨ ᠠᠯᠪᠠᠨ ᠵᠠᠷᠤᠳᠠᠯ 》 ᠤ᠋ᠨ ᠲᠥᠰᠥᠪ ᠦ᠋ᠨ ᠪᠠᠢᠳᠠᠯ ᠤ᠋ᠨ ᠲᠣᠳᠣᠷᠬᠠᠢᠯᠠᠯᠲᠠ
ᠡᠳ᠋ ᠦ᠋ᠨ ᠵᠠᠰᠠᠭ ᠠ᠋ᠴᠠ ᠦᠭᠭᠦᠭᠰᠡᠨ 《ᠭᠤᠷᠪᠠᠨ ᠵᠦᠢᠯ ᠦ᠋ᠨ ᠠᠯᠪᠠᠨ ᠵᠠᠷᠤᠳᠠᠯ》 ᠤ᠋ᠨ ᠵᠠᠷᠤᠯᠭ᠎ᠠ ᠶ᠋ᠢᠨ ᠲᠥᠰᠥᠪ 190.6 ᠲᠦᠮᠡᠨ ᠲᠥᠭᠥᠷᠢᠭ ᠪᠠᠢᠵᠤ᠂ ᠳᠡᠭᠡᠷ᠎ᠡ ᠵᠢᠯ ᠦ᠋ᠨ ᠲᠥᠰᠥᠪ ᠡᠴᠡ 85 ᠲᠦᠮᠡᠨ ᠲᠥᠭᠥᠷᠢᠭ ᠬᠠᠰᠤᠭᠳᠠᠵᠠᠢ᠃ ᠲᠤᠰ ᠵᠢᠯ ᠦ᠋ᠨ ᠲᠥᠰᠥᠪ ᠥᠩᠭᠡᠷᠡᠭᠰᠡᠨ ᠵᠢᠯ ᠦ᠋ᠨ ᠭᠦᠢᠴᠡᠳᠬᠡᠭᠰᠡᠨ ᠲᠣᠭ᠎ᠠ ᠠ᠋ᠴᠠ 93.42 ᠲᠦᠮᠡᠨ ᠲᠥᠭᠥᠷᠢᠭ ᠨᠡᠮᠡᠭᠳᠡᠵᠦ᠂ 49.01% ᠬᠤᠪᠢ ᠪᠠᠷ ᠨᠡᠮᠡᠭᠳᠡᠵᠡᠢ ᠃ ᠡᠭᠦᠨ ᠳ᠋ᠦ᠍ ᠄
1 .ᠠᠯᠪᠠᠨ ᠶᠠᠪᠤᠳᠠᠯ ᠢ᠋ᠶ᠋ᠠᠷ ᠭᠠᠳᠠᠭᠠᠳᠤ ᠳ᠋ᠤ᠌ ᠭᠠᠷᠬᠤ᠂ ᠬᠢᠯᠢ ᠡᠴᠡ ᠭᠠᠷᠬᠤ ᠵᠠᠷᠤᠳᠠᠯ ᠢ᠋ 0 ᠲᠦᠮᠡᠨ ᠲᠥᠭᠥᠷᠢᠭ ᠳᠡᠭᠡᠷ᠎ᠡ ᠵᠢᠯ ᠦ᠋ᠨ ᠲᠥᠰᠥᠪ ᠦ᠋ᠨ ᠲᠣᠭ᠎ᠠ ᠠ᠋ᠴᠠ 0 ᠲᠦᠮᠡᠨ ᠲᠥᠭᠥᠷᠢᠭ ᠨᠡᠮᠡᠭᠳᠡᠵᠦ ᠂ 0% ᠬᠤᠪᠢ ᠪᠠᠷ ᠨᠡᠮᠡᠭᠳᠡᠵᠡᠢ᠃ ᠲᠤᠰ ᠵᠢᠯ ᠦ᠋ᠨ ᠲᠥᠰᠥᠪ ᠢ᠋ ᠳᠡᠭᠡᠷ᠎ᠡ ᠵᠢᠯ ᠦ᠋ᠨ ᠭᠦᠢᠴᠡᠳᠬᠡᠭᠰᠡᠨ ᠲᠣᠭ᠎ᠠ ᠠ᠋ᠴᠠ 0 ᠲᠦᠮᠡᠨ ᠲᠥᠭᠥᠷᠢᠭ ᠨᠡᠮᠡᠭᠳᠡᠵᠦ᠂ 0% ᠬᠤᠪᠢ ᠪᠠᠷ ᠨᠡᠮᠡᠭᠳᠡᠵᠡᠢ᠃
2. ᠠᠯᠪᠠᠨ ᠶᠠᠪᠤᠳᠠᠯ ᠤ᠋ᠨ ᠬᠦᠯᠢᠶᠡᠨ ᠵᠣᠴᠢᠯᠠᠬᠤ ᠵᠠᠷᠤᠳᠠᠯ 19.6 ᠲᠦᠮᠡᠨ ᠲᠥᠭᠥᠷᠢᠭ ᠂ ᠳᠡᠭᠡᠷ᠎ᠡ ᠵᠢᠯ ᠦ᠋ᠨ ᠲᠥᠰᠥᠪ ᠦ᠋ᠨ ᠲᠣᠭ᠎ᠠ ᠠ᠋ᠴᠠ 0 ᠲᠦᠮᠡᠨ ᠲᠥᠭᠥᠷᠢᠭ ᠬᠠᠰᠤᠭᠳᠠᠵᠠᠢ᠃ ᠲᠤᠰ ᠵᠢᠯ ᠦ᠋ᠨ ᠲᠥᠰᠥᠪ ᠦ᠋ᠨ ᠲᠣᠭ᠎ᠠ ᠨᠢ ᠳᠡᠭᠡᠷ᠎ᠡ ᠵᠢᠯ ᠦ᠋ᠨ ᠭᠦᠢᠴᠡᠳᠬᠡᠭᠰᠡᠨ ᠲᠣᠭ᠎ᠠ ᠠ᠋ᠴᠠ 0 ᠲᠦᠮᠡᠨ ᠲᠥᠭᠥᠷᠢᠭ ᠂0% ᠬᠤᠪᠢ ᠪᠠᠷ ᠨᠡᠮᠡᠭᠳᠡᠵᠡᠢ᠃
3. ᠠᠯᠪᠠᠨ ᠶᠠᠪᠤᠳᠠᠯ ᠳ᠋ᠤ᠌ ᠬᠡᠷᠡᠭᠯᠡᠬᠦ ᠲᠡᠷᠭᠡ ᠬᠤᠳᠠᠯᠳᠤᠨ ᠠᠪᠬᠤ ᠵᠢᠴᠢ ᠠᠵᠢᠯᠯᠠᠭᠠᠨ ᠢ᠋ ᠬᠠᠮᠠᠭᠠᠯᠠᠬᠤ ᠵᠠᠷᠤᠳᠠᠯ 171 ᠲᠦᠮᠡᠨ ᠲᠥᠭᠥᠷᠢᠭ ᠂ᠳᠡᠭᠡᠷ᠎ᠡ ᠵᠢᠯ ᠦ᠋ᠨ ᠲᠥᠰᠥᠪ ᠡᠴᠡ 85 ᠲᠦᠮᠡᠨ ᠲᠥᠭᠥᠷᠢᠭ ᠪᠠᠭᠠᠰᠬᠠᠵᠤ ᠂ ᠲᠤᠰ ᠵᠢᠯ ᠦ᠋ᠨ ᠲᠥᠰᠥᠪ ᠡᠴᠡ ᠳᠡᠭᠡᠷ᠎ᠡ ᠵᠢᠯ ᠦ᠋ᠨ ᠭᠦᠢᠴᠡᠳᠬᠡᠭᠰᠡᠨ ᠲᠣᠭ᠎ᠠ ᠠ᠋ᠴᠠ 93.42 ᠲᠦᠮᠡᠨ ᠲᠥᠭᠥᠷᠢᠭᠨᠡᠮᠡᠭᠳᠡᠵᠦ ᠂49.01% ᠬᠤᠪᠢ ᠪᠠᠷ ᠨᠡᠮᠡᠭᠳᠡᠵᠡᠢ ᠃ ᠠᠯᠪᠠᠨ ᠶᠠᠪᠤᠳᠠᠯ ᠳ᠋ᠤ᠌ ᠬᠡᠷᠡᠭᠯᠡᠬᠦ ᠮᠠᠰᠢᠨ ᠲᠡᠷᠭᠡ 0 ᠲᠦᠮᠡᠨ ᠲᠥᠭᠥᠷᠢᠭ᠂ ᠠᠯᠪᠠᠨ ᠳ᠋ᠤ᠌ ᠬᠡᠷᠡᠭᠯᠡᠬᠦ ᠲᠡᠷᠭᠡ ᠶ᠋ᠢᠨ ᠠᠵᠢᠯᠯᠠᠭᠠᠨ ᠢ᠋ ᠬᠠᠮᠠᠭᠠᠯᠠᠬᠤ ᠵᠠᠷᠤᠳᠠᠯ 171 ᠲᠦᠮᠡᠨ ᠲᠥᠭᠥᠷᠢᠭ ᠂ᠲᠤᠰ ᠵᠢᠯ ᠦ᠋ᠨ ᠲᠥᠰᠥᠪ ᠡᠴᠡ 85 ᠲᠦᠮᠡᠨ ᠲᠥᠭᠥᠷᠢᠭ ᠪᠠᠭᠠᠰᠬᠠᠪᠠ ᠃ ᠭᠣᠣᠯᠳᠠᠭᠤ ᠨᠢᠭᠡ ᠳ᠋ᠦ᠍᠂ ᠲᠥᠪ ᠦ᠋ᠨ 《 ᠨᠠᠢ᠍ᠮᠠᠨ ᠲᠣᠭᠲᠠᠭᠠᠯ 》 ᠤ᠋ᠨ ᠵᠣᠷᠢᠭ ᠰᠠᠨᠠᠭ᠎ᠠ ᠶ᠋ᠢ ᠨᠠᠷᠢᠨ ᠬᠢᠨᠠᠮᠠᠭᠠᠢ ᠲᠤᠤᠱᠯᠠᠭᠤᠯᠤᠨ ᠨᠠᠢᠳᠠᠪᠤᠷᠢᠵᠢᠭᠤᠯᠤᠭᠰᠠᠨ ᠪᠠ ᠠᠷᠪᠢᠯᠠᠨ ᠭᠠᠮᠨᠠᠬᠤ ᠱᠠᠭᠠᠷᠳᠠᠯᠭ᠎ᠠ ᠶ᠋ᠢ ᠴᠢᠩᠭ᠎ᠠ ᠨᠢᠮᠪᠠᠢ ᠱᠠᠭᠠᠷᠳᠠᠨ ᠂ 《 ᠠᠯᠪᠠᠨ ᠤ᠋ ᠭᠤᠷᠪᠠᠨ ᠵᠠᠷᠤᠳᠠᠯ 》 ᠤ᠋ᠨ ᠵᠠᠷᠤᠯᠭ᠎ᠠ ᠶ᠋ᠢ ᠪᠦᠬᠦ ᠵᠢᠯ ᠦ᠋ᠨ ᠪᠣᠳᠠᠲᠠᠢ ᠵᠠᠷᠤᠯᠭ᠎ᠠ ᠠ᠋ᠴᠠ ᠢᠯᠡᠭᠦᠦ ᠠᠷᠪᠢᠯᠠᠭᠰᠠᠨ ᠠ᠋ᠴᠠ ᠪᠣᠯᠵᠠᠢ ᠃ᠬᠣᠶᠠᠷ ᠲᠤ᠌᠂《 ᠠᠵᠢᠯᠴᠢ ᠠᠷᠪᠢᠴᠢ ᠪᠠᠢᠬᠤ 》 ᠵᠠᠷᠴᠢᠮ ᠶᠣᠰᠣᠭᠠᠷ ᠬᠣᠯᠪᠣᠭᠳᠠᠯ ᠪᠦᠬᠦᠢ ᠲᠣᠭᠲᠠᠭᠠᠯ ᠢ᠋ ᠴᠢᠩᠭ᠎ᠠ ᠬᠡᠷᠡᠭᠵᠢᠭᠦᠯᠵᠦ ᠂ ᠬᠠᠮᠢᠶ᠎ᠠ ᠪᠦᠬᠦᠢ ᠵᠠᠷᠤᠳᠠᠯ ᠤ᠋ᠨ ᠵᠠᠷᠤᠯᠭ᠎ᠠ ᠶ᠋ᠢ ᠬᠢᠵᠠᠭᠠᠷᠯᠠᠵᠠᠢ ᠃
ᠭᠤᠷᠪᠠᠳᠤᠭᠠᠷ ᠬᠡᠰᠡᠭ ᠂ ᠪᠤᠰᠤᠳ ᠢᠯᠡ ᠪᠣᠯᠭᠠᠬᠤ ᠵᠦᠢᠯᠡᠰ ᠦ᠋ᠨ ᠲᠣᠳᠣᠷᠬᠠᠢᠯᠠᠯᠲᠠ
ᠨᠢᠭᠡ ᠂ ᠪᠠᠢᠭᠤᠯᠤᠯᠭ᠎ᠠ ᠶ᠋ᠢᠨ ᠠᠵᠢᠯᠯᠠᠭᠠᠨ ᠤ᠋ ᠵᠠᠷᠤᠳᠠᠯ ᠢ᠋ ᠲᠣᠬᠢᠷᠠᠭᠤᠯᠤᠭᠰᠠᠨ ᠪᠠᠢᠳᠠᠯ ᠤ᠋ᠨ ᠲᠣᠳᠣᠷᠬᠠᠢᠯᠠᠯᠲᠠ
ᠠᠯᠪᠠᠨ ᠪᠠᠢᠭᠤᠯᠭ᠎ᠠ ᠶ᠋ᠢᠨ ᠠᠵᠢᠯᠯᠠᠭᠠᠨ ᠤ᠋ ᠵᠠᠷᠤᠳᠠᠯ ᠭᠡᠳᠡᠭ ᠨᠢ ᠡᠯ᠎ᠡ ᠰᠠᠯᠠᠭ᠎ᠠ ᠮᠥᠴᠢᠷ ᠦ᠋ᠨ ᠠᠯᠪᠠᠨ ᠵᠠᠷᠤᠳᠠᠯ ᠵᠢᠴᠢ ᠬᠡᠪᠯᠡᠬᠦ ᠵᠠᠷᠤᠳᠠᠯ ᠂ ᠰᠢᠤᠳᠠᠨ ᠬᠣᠯᠪᠣᠭᠠᠨ ᠤ᠋ ᠵᠠᠷᠤᠳᠠᠯ ᠂ ᠠᠵᠢᠯ ᠢ᠋ᠶ᠋ᠠᠷ ᠭᠠᠳᠠᠭᠰᠢ ᠭᠠᠷᠬᠤ ᠵᠠᠷᠤᠳᠠᠯ ᠂ ᠬᠤᠷᠠᠯ ᠤ᠋ᠨ ᠵᠠᠷᠤᠳᠠᠯ ᠂ ᠠᠰᠠᠷᠠᠮᠵᠢ ᠶ᠋ᠢᠨ ᠵᠠᠷᠤᠳᠠᠯ ᠂ ᠡᠳᠦᠷ ᠳᠣᠳᠣᠮ ᠤ᠋ᠨ ᠰᠡᠯᠪᠢᠨ ᠵᠠᠰᠠᠬᠤ ᠵᠠᠷᠤᠳᠠᠯ ᠂ ᠲᠤᠰᠬᠠᠢ ᠮᠠᠲ᠋ᠧᠷᠢᠶᠠᠯ ᠵᠢᠴᠢ ᠡᠩ ᠦ᠋ᠨ ᠲᠥᠬᠥᠭᠡᠷᠦᠮᠵᠢ ᠬᠤᠳᠠᠯᠳᠤᠨ ᠠᠪᠬᠤ ᠵᠠᠷᠤᠳᠠᠯ ᠂ ᠠᠯᠪᠠᠨ ᠶᠠᠪᠤᠳᠠᠯ ᠳ᠋ᠤ᠌ ᠬᠡᠷᠡᠭᠯᠡᠬᠦ ᠭᠡᠷ ᠪᠠᠢᠰᠢᠩ ᠤᠰᠤ ᠴᠠᠬᠢᠯᠭᠠᠨ ᠤ᠋ ᠵᠠᠷᠤᠳᠠᠯ ᠂ ᠠᠯᠪᠠᠨ ᠶᠠᠪᠤᠳᠠᠯ ᠳ᠋ᠤ᠌ ᠬᠡᠷᠡᠭᠯᠡᠬᠦ ᠭᠡᠷ ᠪᠠᠢᠰᠢᠩ ᠤ᠋ᠨ ᠳᠤᠯᠠᠭᠠᠯᠠᠬᠤ ᠵᠠᠷᠤᠳᠠᠯ ᠂ ᠠᠯᠪᠠᠨ ᠭᠡᠷ ᠲᠦ᠍ ᠬᠡᠷᠡᠭᠯᠡᠬᠦ ᠭᠡᠷ ᠪᠠᠢᠰᠢᠩ ᠤ᠋ᠨ ᠠᠳᠠᠯ ᠠᠬᠤᠢ ᠶ᠋ᠢᠨ ᠬᠠᠮᠢᠶᠠᠷᠤᠯᠲᠠ ᠶ᠋ᠢᠨ ᠵᠠᠷᠤᠳᠠᠯ ᠂ ᠠᠯᠪᠠᠨ ᠶᠠᠪᠤᠳᠠᠯ ᠳ᠋ᠤ᠌ ᠬᠡᠷᠡᠭᠯᠡᠬᠦ ᠲᠡᠷᠭᠡ ᠬᠡᠷᠡᠭᠯᠡᠬᠦ ᠶ᠋ᠢ ᠬᠠᠮᠠᠭᠠᠯᠠᠬᠤ ᠵᠠᠷᠤᠳᠠᠯ ᠵᠢᠴᠢ ᠪᠤᠰᠤᠳ ᠵᠠᠷᠤᠳᠠᠯ ᠢ᠋ ᠪᠠᠭᠲᠠᠭᠠᠨ᠎ᠠ ᠃
2021 ᠣᠨ ᠳ᠋ᠤ᠌ ᠮᠠᠨ ᠤ᠋ ᠬᠣᠷᠢᠶᠠᠨ ᠤ᠋ ᠪᠠᠢᠭᠤᠯᠤᠯᠭ᠎ᠠ ᠶ᠋ᠢᠨ ᠠᠵᠢᠯᠯᠠᠭᠠᠨ ᠤ᠋ ᠵᠠᠷᠤᠳᠠᠯ ᠤ᠋ᠨ ᠡᠳ᠋ ᠦ᠋ᠨ ᠵᠠᠰᠠᠭ ᠠ᠋ᠴᠠ ᠪᠠᠭᠤᠯᠭᠠᠭᠰᠠᠨ ᠵᠣᠭᠣᠰᠤᠨ ᠤ᠋ ᠲᠥᠰᠥᠪ 449.59 ᠲᠦᠮᠡᠨ ᠲᠥᠭᠥᠷᠢᠭ ᠪᠣᠯᠵᠤ ᠂ ᠥᠩᠭᠡᠷᠡᠭᠰᠡᠨ ᠵᠢᠯ ᠦ᠋ᠨ ᠬᠢ ᠡᠴᠡ 0.02 ᠲᠦᠮᠡᠨ ᠲᠥᠭᠥᠷᠢᠭ ᠬᠠᠰᠤᠭᠳᠠᠵᠤ ᠂ 0.004% ᠬᠤᠪᠢ ᠪᠠᠷ ᠪᠠᠭᠤᠷᠠᠵᠠᠢ᠃ ᠡᠭᠦᠨ ᠦ᠌ ᠭᠣᠣᠯ ᠰᠢᠯᠲᠠᠭᠠᠨ ᠨᠢ ᠠᠵᠢᠯᠴᠢᠨ ᠤ᠋ ᠡᠪᠯᠡᠯ ᠦ᠋ᠨ ᠵᠠᠷᠤᠳᠠᠯ ᠪᠠ ᠠᠵᠢᠯᠲᠠᠨ ᠠᠵᠢᠯᠴᠢᠨ ᠤ᠋ ᠠᠰᠠᠷᠠᠮᠵᠢ ᠶ᠋ᠢᠨ ᠵᠠᠷᠤᠳᠠᠯ ᠬᠠᠰᠤᠭᠳᠠᠭᠰᠠᠨ ᠠ᠋ᠴᠠ ᠪᠣᠯᠵᠠᠢ ᠃
ᠬᠣᠶᠠᠷ ᠂ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠲᠥᠰᠥᠪ ᠦ᠋ᠨ ᠪᠠᠢᠳᠠᠯ ᠤ᠋ᠨ ᠲᠣᠳᠣᠷᠬᠠᠢᠯᠠᠯᠲᠠ
ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠲᠥᠰᠥᠪ ᠦ᠋ᠨ ᠶᠡᠷᠦᠩᠬᠡᠢ ᠲᠣᠭ᠎ᠠ 596.81 ᠲᠦᠮᠡᠨ ᠲᠥᠭᠥᠷᠢᠭ ᠪᠠᠢᠵᠤ ᠂ ᠡᠭᠦᠨ ᠳ᠋ᠦ᠍ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠪᠠᠷᠠᠭᠠᠨ ᠤ᠋ ᠲᠥᠰᠥᠪ 596.81 ᠲᠦᠮᠡᠨ ᠲᠥᠭᠥᠷᠢᠭ᠂ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠢᠨᠵᠧᠨᠧᠷᠢᠩ ᠦ᠋ᠨ ᠲᠥᠰᠥᠪ ᠦ᠋ᠨ 0 ᠲᠦᠮᠡᠨ ᠲᠥᠭᠥᠷᠢᠭ᠂ ᠵᠠᠰᠠᠭ ᠤ᠋ᠨ ᠣᠷᠳᠣᠨ ᠤ᠋ ᠬᠤᠳᠠᠯᠳᠤᠨ ᠠᠪᠬᠤ ᠦᠢᠯᠡᠴᠢᠯᠡᠭᠡᠨ ᠦ᠌ ᠲᠥᠰᠥᠪ 0 ᠲᠦᠮᠡᠨ ᠲᠥᠭᠥᠷᠢᠭ ᠃ ᠭᠣᠣᠯᠳᠠᠭᠤ ᠠᠶᠤᠯ ᠦᠭᠡᠢ ᠶ᠋ᠢ ᠪᠠᠢᠴᠠᠭᠠᠬᠤ ᠲᠥᠬᠥᠭᠡᠷᠦᠮᠵᠢ᠂ ᠬᠡᠷᠡᠭ ᠰᠢᠢᠳᠪᠦᠷᠢᠯᠡᠬᠦ ᠰᠦᠯᠵᠢᠶᠡᠨ ᠦ᠌ ᠥᠷᠲᠡᠭᠡ ᠶ᠋ᠢᠨ ᠪᠠᠢᠭᠤᠯᠤᠯᠲᠠ᠂ ᠮᠡᠳᠡᠭᠡ ᠵᠠᠩᠭᠢᠵᠢᠯᠲᠠ ᠶ᠋ᠢᠨ ᠪᠠᠢᠭᠤᠯᠤᠯᠲᠠ ᠵᠡᠷᠭᠡ ᠶ᠋ᠢ ᠬᠤᠳᠠᠯᠳᠤᠨ ᠠᠪᠬᠤ ᠳ᠋ᠤ᠌ ᠬᠡᠷᠡᠭᠯᠡᠨ᠎ᠡ᠃
ᠭᠤᠷᠪᠠ ᠂ ᠤᠯᠤᠰ ᠤ᠋ᠨ ᠥᠮᠴᠢᠯᠡᠯᠲᠦ ᠡᠳ᠋ ᠬᠥᠷᠥᠩᠭᠡ ᠶ᠋ᠢ ᠡᠵᠡᠯᠡᠨ ᠬᠡᠷᠡᠭᠯᠡᠭᠰᠡᠨ ᠪᠠᠢᠳᠠᠯ ᠤ᠋ᠨ ᠲᠣᠳᠣᠷᠬᠠᠢᠯᠠᠯᠲᠠ
2020 ᠣᠨ ᠤ᠋ ᠰᠡᠭᠦᠯᠴᠢ ᠪᠣᠯᠲᠠᠯ᠎ᠠ ᠲᠤᠰ ᠰᠠᠯᠠᠭ᠎ᠠ ᠮᠥᠴᠢᠷ ᠲᠦ᠍ ᠨᠡᠢᠲᠡ 37 ᠮᠠᠰᠢᠨ ᠲᠡᠷᠭᠡ ᠲᠡᠢ᠃ ᠡᠭᠦᠨ ᠳ᠋ᠦ᠍ ᠂ ᠳᠡᠳ᠋ ᠶᠠᠮᠤᠨ( ᠮᠣᠵᠢ)ᠶ᠋ᠢᠨ ᠱᠠᠲᠤ ᠵᠢᠴᠢ ᠲᠤᠰ ᠳᠡᠰ ᠡᠴᠡ ᠳᠡᠭᠡᠭᠰᠢᠬᠢ ᠤᠳᠤᠷᠢᠳᠬᠤ ᠺᠠᠲᠠᠷ 0 ᠲᠡᠷᠭᠡ᠂ ᠭᠣᠣᠯ ᠤᠳᠤᠷᠢᠳᠬᠤ ᠺᠠᠲᠠᠷ ᠨᠠᠷ ᠬᠡᠷᠡᠭᠯᠡᠬᠦ 0ᠲᠡᠷᠭᠡ ᠂ ᠨᠢᠰᠬᠡᠯ ᠳᠡᠭᠡᠷᠡᠬᠢ ᠬᠣᠯᠪᠣᠭᠠᠨ ᠤ᠋ ᠬᠡᠷᠡᠭᠯᠡᠬᠦ 0 ᠲᠡᠷᠭᠡ ᠂ ᠪᠠᠴᠢᠮ ᠪᠠᠢᠳᠠᠯ ᠢ᠋ ᠠᠷᠭᠠᠴᠠᠬᠤ ᠪᠠᠲᠤᠯᠠᠭ᠎ᠠ ᠶ᠋ᠢᠨ ᠬᠡᠷᠡᠭᠯᠡᠬᠦ 0 ᠲᠡᠷᠭᠡ ᠂ ᠬᠠᠤᠯᠢ ᠬᠡᠷᠡᠭᠵᠢᠭᠦᠯᠦᠨ ᠡᠭᠦᠷᠭᠡ ᠭᠦᠢᠴᠡᠳᠬᠡᠬᠦ 18 ᠲᠡᠷᠭᠡ ᠪᠠᠢᠵᠤ ᠂ ᠭᠣᠣᠯᠳᠠᠭᠤ ᠠᠵᠢᠯ ᠢ᠋ᠶ᠋ᠠᠷ ᠭᠠᠳᠠᠭᠰᠢ ᠭᠠᠷᠴᠤ ᠬᠡᠷᠡᠭ ᠰᠢᠢᠳᠪᠦᠷᠢᠯᠡᠬᠦ ᠵᠡᠷᠭᠡ ᠳ᠋ᠦ᠍ ᠬᠡᠷᠡᠭᠯᠡᠪᠡ᠃ ᠣᠨᠴᠠ ᠲᠥᠷᠥᠯ ᠦ᠋ᠨ ᠲᠤᠰᠬᠠᠢ ᠮᠡᠷᠭᠡᠵᠢᠯ ᠳ᠋ᠦ᠍ ᠬᠡᠷᠡᠭᠯᠡᠬᠦ ᠲᠡᠷᠭᠡ 19 ᠪᠠᠢᠵᠤ ᠂ ᠡᠭᠦᠨ ᠢ᠋ ᠭᠣᠣᠯᠳᠠᠭᠤ ᠨᠢᠰᠬᠡᠯ ᠵᠥᠭᠡᠭᠡᠪᠦᠷᠢᠯᠡᠬᠦ ᠴᠢᠬᠤᠯᠠ ᠪᠢᠴᠢᠭ᠌ ᠮᠠᠲ᠋ᠧᠷᠢᠶᠠᠯ ᠂ ᠶᠠᠯᠠᠲᠠᠨ ᠢ᠋ ᠳᠠᠷᠤᠵᠤ ᠬᠦᠷᠭᠡᠬᠦ ᠳ᠋ᠦ᠍ ᠬᠡᠷᠡᠭᠯᠡᠨ᠎ᠡ ᠃ ᠠᠵᠢᠯ ᠠ᠋ᠴᠠ ᠪᠠᠨ ᠠᠮᠠᠷᠠᠭᠰᠠᠨ ᠺᠠᠲᠷᠴᠤᠳ 0 ᠲᠡᠷᠭᠡ᠂ ᠪᠤᠰᠤᠳ ᠨᠢ 0 ᠲᠡᠷᠭᠡ ᠪᠣᠯᠤᠨ᠎ᠠ ᠃ ᠨᠢᠭᠡᠴᠢ ᠥᠷᠲᠡᠭ ᠨᠢ 50 ᠲᠦᠮᠡᠨ ᠲᠥᠭᠥᠷᠢᠭ ᠡᠴᠡ ᠳᠡᠭᠡᠭᠰᠢᠬᠢ ᠨᠡᠢᠳᠡᠮ ᠬᠡᠷᠡᠭᠯᠡᠬᠦ ᠲᠥᠬᠥᠭᠡᠷᠦᠮᠵᠢ 24 ᠰᠠᠭᠤᠷᠢ ᠂ ᠭᠣᠣᠯᠳᠠᠭᠤ ᠳᠡᠭᠡᠳᠦ ᠬᠤᠷᠳᠤᠴᠠᠲᠤ ᠨᠢᠭᠡ ᠴᠤᠭᠴᠠᠵᠢᠭᠰᠠᠨ ᠬᠡᠪᠯᠡᠯ ᠦ᠋ᠨ ᠲᠡᠮᠳᠡᠭ ᠦᠭᠡᠢ ᠥᠩᠭᠡᠲᠦ ᠬᠡᠪᠯᠡᠯ ᠦ᠋ᠨ ᠰᠢᠰᠲ᠋ᠧᠮ ᠵᠡᠷᠭᠡ ᠶ᠋ᠢ ᠬᠤᠳᠠᠯᠳᠤᠨ ᠠᠪᠴᠤ ᠂ 2019 ᠣᠨ ᠤ᠋ ᠬᠢ ᠡᠴᠡ 23 ᠰᠠᠭᠤᠷᠢ ᠨᠡᠮᠡᠭᠳᠡᠭᠦᠯᠦᠨ᠎ᠡ ᠃ ᠨᠢᠭᠡᠴᠢ ᠶ᠋ᠢᠨ ᠥᠷᠲᠡᠭ ᠨᠢ 100 ᠲᠦᠮᠡᠨ ᠲᠥᠭᠥᠷᠢᠭ ᠡᠴᠡ ᠳᠡᠭᠡᠭᠰᠢ ᠲᠤᠰᠬᠠᠢ ᠬᠡᠷᠡᠭᠯᠡᠭᠡᠨ ᠦ᠌ ᠲᠥᠬᠥᠭᠡᠷᠦᠮᠵᠢ 0 ᠰᠠᠭᠤᠷᠢ ᠶ᠋ᠢ 2019 ᠣᠨ ᠤ᠋ ᠬᠢ ᠡᠴᠡ 0 ᠰᠠᠭᠤᠷᠢ ᠨᠡᠮᠡᠭᠳᠡᠭᠦᠯᠦᠨ᠎ᠡ ᠃
ᠳᠥᠷᠪᠡ ᠂ 2020 ᠣᠨ ᠤ᠋ ᠲᠥᠷᠥᠯ ᠵᠦᠢᠯ ᠦ᠋ᠨ ᠵᠠᠷᠤᠯᠭ᠎ᠠ ᠶ᠋ᠢᠨ ᠠᠮᠵᠢᠯᠲᠠ ᠪᠦᠲᠦᠮᠵᠢ ᠶ᠋ᠢᠨ ᠬᠠᠷᠠᠯᠲᠠ ᠶ᠋ᠢᠨ ᠪᠠᠢᠳᠠᠯ ᠤ᠋ᠨ ᠲᠣᠳᠣᠷᠬᠠᠢᠯᠠᠯᠲᠠ
ᠲᠥᠷᠥᠯ ᠵᠦᠢᠯ ᠦ᠋ᠨ ᠵᠠᠷᠤᠯᠭ᠎ᠠ ᠶ᠋ᠢᠨ ᠲᠥᠰᠥᠪ ᠦ᠋ᠨ ᠠᠮᠵᠢᠯᠲᠠ ᠪᠦᠲᠦᠮᠵᠢ ᠶ᠋ᠢᠨ ᠬᠠᠷᠠᠯᠲᠠ ᠶ᠋ᠢ ᠲᠠᠭᠯᠠᠵᠤ ᠮᠡᠳᠡᠭᠦᠯᠦᠭᠰᠡᠨ ᠪᠠᠢᠳᠠᠯ᠄
2020 ᠣᠨ ᠳ᠋ᠤ᠌ ᠠᠵᠢᠯ ᠤ᠋ᠨ ᠠᠮᠵᠢᠯᠲᠠ ᠶ᠋ᠢᠨ ᠬᠠᠷᠠᠯᠲᠠ ᠶ᠋ᠢ ᠲᠠᠭᠯᠠᠬᠤ 21 ᠲᠥᠰᠥᠪ ᠂ ᠢᠯᠡ ᠲᠣᠳᠣ ᠦᠷ᠎ᠡ ᠪᠦᠲᠦᠮᠵᠢ ᠶ᠋ᠢᠨ ᠬᠠᠷᠠᠯᠲᠠ 7 ᠲᠥᠰᠥᠪ᠂ ᠢᠯᠡ ᠪᠣᠯᠭᠠᠬᠤ ᠲᠥᠷᠥᠯ ᠵᠦᠢᠯ ᠨᠢ ᠲᠥᠰᠥᠪ ᠦ᠋ᠨ ᠪᠦᠬᠦ ᠲᠥᠷᠥᠯ ᠵᠦᠢᠯ ᠦ᠋ᠨ 31.03% ᠬᠤᠪᠢ ᠶᠢ ᠡᠵᠡᠯᠡᠵᠡᠢ ᠃ ᠠᠮᠵᠢᠯᠲᠠ ᠪᠦᠲᠦᠮᠵᠢ ᠶ᠋ᠢᠨ ᠬᠠᠷᠠᠯᠲᠠ ᠶᠢᠨ ᠲᠥᠰᠦᠪ ᠶ᠋ᠢ ᠢᠯᠡ ᠪᠡᠷ ᠲᠠᠭᠯᠠᠭᠰᠠᠨ ᠲᠥᠷᠥᠯ ᠵᠦᠢᠯ ᠦ᠋ᠨ ᠵᠠᠷᠤᠯᠭ᠎ᠠ ᠶ᠋ᠢᠨ ᠲᠥᠰᠥᠪ 2077.6 ᠲᠦᠮᠡᠨ ᠲᠥᠭᠥᠷᠢᠭ ᠂ ᠪᠦᠬᠦ ᠲᠥᠷᠥᠯ ᠵᠦᠢᠯ ᠦ᠋ᠨ ᠵᠠᠷᠤᠯᠭ᠎ᠠ ᠶ᠋ᠢᠨ ᠲᠥᠰᠥᠪ ᠦ᠋ᠨ 80.6% ᠬᠤᠪᠢ ᠶ᠋ᠢ ᠡᠵᠡᠯᠡᠨ᠎ᠡ ᠃
ᠳᠥᠷᠪᠡᠳᠦᠭᠡᠷ ᠬᠡᠰᠡᠭ ᠂ ᠨᠡᠷ᠎ᠡ ᠲᠣᠮᠢᠶᠠᠨ ᠤ᠋ ᠲᠠᠢᠯᠪᠤᠷᠢ
ᠨᠢᠭᠡ ᠂ ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠰᠠᠯᠭᠠᠨ ᠦᠭᠭᠦᠭᠰᠡᠨ ᠵᠣᠭᠣᠰ ᠤ᠋ᠨ ᠣᠷᠣᠯᠭ᠎ᠠ ᠭᠡᠳᠡᠭ ᠨᠢ ᠥᠪᠡᠷᠲᠡᠭᠡᠨ ᠵᠠᠰᠠᠬᠤ ᠣᠷᠣᠨ ᠤ᠋ ᠡᠳ᠋ ᠦ᠋ᠨ ᠵᠠᠰᠠᠭ ᠠ᠋ᠴᠠ ᠲᠤᠬᠠᠢ ᠶ᠋ᠢᠨ ᠵᠢᠯ ᠳ᠋ᠦ᠍ ᠰᠠᠯᠭᠠᠨ ᠦᠭᠭᠦᠭᠰᠡᠨ ᠪᠡᠯᠡ ᠮᠥᠩᠭᠥ ᠶ᠋ᠢ ᠵᠢᠭᠠᠵᠤ ᠪᠣᠢ ᠃
ᠬᠣᠶᠠᠷ ᠂ ᠠᠵᠢᠯ ᠦᠢᠯᠡᠰ ᠦ᠋ᠨ ᠣᠷᠣᠯᠭ᠎ᠠ ᠭᠡᠳᠡᠭ ᠨᠢ ᠠᠵᠢᠯ ᠦᠢᠯᠡᠰ ᠦ᠋ᠨ ᠨᠢᠭᠡᠴᠡ ᠶ᠋ᠢᠨ ᠲᠤᠰᠬᠠᠢ ᠲᠤᠬᠠᠢᠯᠠᠭᠰᠠᠨ ᠠᠵᠢᠯ ᠤ᠋ᠨ ᠠᠵᠢᠯᠯᠠᠭ᠎ᠠ ᠵᠢᠴᠢ ᠲᠤᠰᠠᠯᠠᠬᠤ ᠠᠵᠢᠯᠯᠠᠭ᠎ᠠ ᠥᠷᠨᠢᠭᠦᠯᠦᠭᠡᠳ ᠣᠯᠤᠭᠰᠠᠨ ᠣᠷᠣᠯᠭ᠎ᠠ ᠶ᠋ᠢ ᠵᠢᠭᠠᠵᠤ ᠪᠣᠢ ᠃
ᠭᠤᠷᠪᠠ ᠂ ᠠᠵᠢᠯ ᠦᠢᠯᠡᠰ ᠦ᠋ᠨ ᠨᠢᠭᠡᠴᠡ ᠶ᠋ᠢᠨ ᠡᠵᠡᠩᠨᠡᠯᠲᠡ ᠶ᠋ᠢᠨ ᠣᠷᠣᠯᠭ᠎ᠠ ᠭᠡᠳᠡᠭ ᠨᠢ ᠲᠤᠰᠬᠠᠢ ᠲᠤᠬᠠᠢᠯᠠᠭᠰᠠᠨ ᠠᠵᠢᠯ ᠤ᠋ᠨ ᠠᠵᠢᠯᠯᠠᠭ᠎ᠠ ᠵᠢᠴᠢ ᠲᠡᠭᠦᠨ ᠦ᠌ ᠲᠤᠰᠠᠯᠠᠬᠤ ᠠᠵᠢᠯᠯᠠᠭ᠎ᠠ ᠠ᠋ᠴᠠ ᠭᠠᠳᠠᠨ᠎ᠠ ᠪᠡᠶ᠎ᠡ ᠪᠡᠨ ᠳᠠᠭᠠᠭᠠᠭᠰᠠᠨ ᠪᠤᠰᠤ ᠲᠣᠭᠠᠴᠠᠭ᠎ᠠ ᠬᠢᠬᠦ ᠡᠵᠡᠩᠨᠡᠯᠲᠡ ᠶ᠋ᠢᠨ ᠠᠵᠢᠯᠯᠠᠭ᠎ᠠ ᠥᠷᠨᠢᠭᠦᠯᠦᠭᠰᠡᠨ ᠡᠴᠡ ᠣᠯᠤᠭᠰᠠᠨ ᠣᠷᠣᠯᠭ᠎ᠠ ᠶ᠋ᠢ ᠵᠢᠭᠠᠵᠤ ᠪᠣᠢ ᠃
ᠳᠥᠷᠪᠡ ᠂ ᠪᠤᠰᠤᠳ ᠣᠷᠣᠯᠭ᠎ᠠ ᠭᠡᠳᠡᠭ ᠨᠢ ᠳᠡᠭᠡᠷ᠎ᠡ ᠳᠤᠷᠠᠳᠤᠭᠰᠠᠨ 《 ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠦᠭᠭᠦᠭᠰᠡᠨ ᠵᠣᠭᠣᠰ ᠤ᠋ᠨ ᠣᠷᠣᠯᠭ᠎ᠠ 》 ᠂ 《 ᠠᠵᠢᠯ ᠦᠢᠯᠡᠰ ᠦ᠋ᠨ ᠣᠷᠣᠯᠭ᠎ᠠ 》 ᠂ 《 ᠠᠵᠢᠯ ᠦᠢᠯᠡᠰ ᠦ᠋ᠨ ᠨᠢᠭᠡᠴᠢ ᠶ᠋ᠢᠨ ᠡᠵᠡᠩᠨᠡᠯᠲᠡ ᠶ᠋ᠢᠨ ᠣᠷᠣᠯᠭ᠎ᠠ 》 ᠵᠡᠷᠭᠡ ᠡᠴᠡ ᠭᠠᠳᠠᠨᠠᠬᠢ ᠣᠷᠣᠯᠭ᠎ᠠ ᠶ᠋ᠢ ᠵᠢᠭᠠᠵᠤ ᠪᠠᠢᠨ᠎ᠠ ᠃ ᠭᠣᠣᠯᠳᠠᠭᠤ ᠲᠣᠭᠲᠠᠭᠠᠯ ᠶᠣᠰᠣᠭᠠᠷ ᠭᠡᠷ ᠬᠤᠳᠠᠯᠳᠤᠭᠰᠠᠨ ᠣᠷᠣᠯᠭ᠎ᠠ ᠂ ᠬᠠᠳᠠᠭᠠᠯᠠᠮᠵᠢ ᠶ᠋ᠢᠨ ᠬᠦᠦ ᠮᠥᠩᠭᠥ ᠶ᠋ᠢᠨ ᠣᠷᠣᠯᠭ᠎ᠠ ᠵᠡᠷᠭᠡ ᠶ᠋ᠢ ᠵᠢᠭᠠᠵᠤ ᠪᠣᠢ ᠃
ᠲᠠᠪᠤ ᠂ ᠠᠵᠢᠯ ᠦᠢᠯᠡᠰ ᠦ᠋ᠨ ᠰᠠᠭᠤᠷᠢ ᠮᠥᠩᠭᠥ ᠪᠡᠷ ᠣᠷᠣᠯᠭ᠎ᠠ ᠵᠠᠷᠤᠯᠭ᠎ᠠ ᠶ᠋ᠢᠨ ᠵᠥᠷᠢᠶ᠎ᠡ ᠶ᠋ᠢ ᠨᠥᠬᠥᠪᠥᠷᠢᠯᠡᠬᠦ ᠭᠡᠳᠡᠭ ᠨᠢ ᠲᠤᠬᠠᠢ ᠶ᠋ᠢᠨ ᠵᠢᠯ ᠦ᠋ᠨ 《 ᠡᠩ ᠦ᠋ᠨ ᠣᠯᠠᠨ ᠨᠡᠢᠲᠡ ᠶ᠋ᠢᠨ ᠲᠥᠰᠥᠪ ᠦ᠋ᠨ ᠡᠳ᠋ ᠦ᠋ᠨ ᠵᠠᠰᠠᠭ ᠠ᠋ᠴᠠ ᠰᠢᠯᠵᠢᠭᠦᠯᠦᠨ ᠦᠭᠭᠦᠭᠰᠡᠨ ᠵᠣᠭᠣᠰ ᠤ᠋ᠨ ᠣᠷᠣᠯᠭ᠎ᠠ 》 ᠂ 《 ᠡᠳ᠋ ᠦ᠋ᠨ ᠵᠠᠰᠠᠭ ᠠ᠋ᠴᠠ ᠰᠢᠯᠵᠢᠭᠦᠯᠦᠨ ᠦᠭᠭᠦᠭᠰᠡᠨ ᠵᠣᠭᠣᠰ ᠢ᠋ ᠳ᠋ᠦᠩᠨᠡᠨ ᠰᠢᠯᠵᠢᠭᠦᠯᠬᠦ ᠪᠠ ᠦᠯᠡᠳᠡᠪᠦᠷᠢ ᠪᠡᠯᠡ ᠮᠥᠩᠭᠥ 》 ᠂ 《 ᠠᠵᠢᠯ ᠦᠢᠯᠡᠰ ᠦ᠋ᠨ ᠣᠷᠣᠯᠭ᠎ᠠ 》 ᠂ 《 ᠠᠵᠢᠯ ᠦᠢᠯᠡᠰ ᠦ᠋ᠨ ᠨᠢᠭᠡᠴᠡ ᠶ᠋ᠢᠨ ᠡᠵᠡᠩᠨᠡᠯᠲᠡ ᠶ᠋ᠢᠨ ᠣᠷᠣᠯᠭ᠎ᠠ 》 ᠂ 《 ᠪᠤᠰᠤᠳ ᠣᠷᠣᠯᠭ᠎ᠠ 》 ᠨᠢ ᠲᠤᠰ ᠵᠢᠯ ᠦ᠋ᠨ ᠵᠠᠷᠤᠯᠭ᠎ᠠ ᠶ᠋ᠢ ᠲᠣᠬᠢᠷᠠᠭᠤᠯᠵᠤ ᠦᠯᠦ ᠳᠡᠢᠯᠬᠦ ᠪᠠᠢᠳᠠᠯ ᠳᠣᠣᠷ᠎ᠠ ᠡᠮᠦᠨᠡᠬᠢ ᠵᠢᠯ ᠦ᠋ᠨ ᠵᠠᠷᠤᠯᠭ᠎ᠠ ᠶ᠋ᠢ ᠬᠡᠷᠡᠭᠯᠡᠬᠦ ᠶ᠋ᠢ ᠵᠢᠭᠠᠵᠤ ᠪᠣᠢ ᠃
ᠵᠢᠷᠭᠤᠭ᠎ᠠ ᠂ ᠲᠦᠷᠦᠭᠦᠦ ᠵᠢᠯ ᠦ᠋ᠨ ᠳ᠋ᠦᠩᠨᠡᠨ ᠰᠢᠯᠵᠢᠭᠦᠯᠦᠭᠰᠡᠨ ᠪᠠ ᠦᠯᠡᠳᠡᠪᠦᠷᠢ ᠭᠡᠳᠡᠭ ᠨᠢ ᠡᠮᠦᠨᠡᠬᠢ ᠵᠢᠯ ᠳ᠋ᠦ᠍ ᠬᠠᠷᠠᠬᠠᠨ ᠪᠡᠶᠡᠯᠡᠭᠦᠯᠦᠭᠡᠳᠦᠢ ᠂ ᠲᠤᠰ ᠵᠢᠯ ᠳ᠋ᠦ᠍ ᠳ᠋ᠦᠩᠨᠡᠨ ᠰᠢᠯᠵᠢᠭᠦᠯᠦᠭᠡᠳ ᠮᠥᠨ ᠯᠡ ᠤᠤᠯ ᠤ᠋ᠨ ᠲᠣᠭᠲᠠᠭᠠᠭᠰᠠᠨ ᠬᠡᠷᠡᠭᠴᠡᠭᠡ ᠪᠡᠷ ᠦᠷᠭᠦᠯᠵᠢᠯᠡᠨ ᠬᠡᠷᠡᠭᠯᠡᠭᠰᠡᠨ ᠪᠡᠯᠡ ᠮᠥᠩᠭᠥ ᠶ᠋ᠢ ᠵᠢᠭᠠᠵᠤ ᠪᠣᠢ ᠃
ᠳᠣᠯᠣᠭ᠎ᠠ ᠂ ᠦᠨᠳᠦᠰᠦᠨ ᠵᠠᠷᠤᠯᠭ᠎ᠠ ᠭᠡᠳᠡᠭ ᠪᠣᠯ ᠪᠠᠢᠭᠤᠯᠤᠮᠵᠢ ᠶ᠋ᠢᠨ ᠬᠡᠪ ᠦ᠋ᠨ ᠠᠵᠢᠯᠯᠠᠭᠠᠨ ᠢ᠋ ᠪᠠᠲᠤᠯᠠᠬᠤ ᠶ᠋ᠢᠨ ᠲᠥᠯᠥᠭᠡ᠂ ᠡᠳᠦᠷ ᠲᠤᠲᠤᠮ ᠤ᠋ᠨ ᠠᠵᠢᠯ ᠤ᠋ᠨ ᠡᠭᠦᠷᠭᠡ ᠶ᠋ᠢ ᠪᠡᠶᠡᠯᠡᠭᠦᠯᠬᠦ ᠶ᠋ᠢᠨ ᠲᠥᠯᠥᠭᠡ ᠭᠠᠷᠤᠭᠰᠠᠨ ᠬᠥᠮᠦᠰ ᠦ᠋ᠨ ᠵᠠᠷᠤᠯᠭ᠎ᠠ ᠪᠠ ᠨᠡᠢᠲᠡ ᠶ᠋ᠢᠨ ᠵᠠᠷᠤᠯᠭ᠎ᠠ ᠶ᠋ᠢ ᠵᠢᠭᠠᠵᠤ ᠪᠣᠢ ᠃
ᠨᠠᠢ᠍ᠮᠠ ᠂ ᠲᠥᠷᠥᠯ ᠵᠦᠢᠯ ᠦ᠋ᠨ ᠵᠠᠷᠤᠯᠭ᠎ᠠ ᠭᠡᠳᠡᠭ ᠨᠢ ᠦᠨᠳᠦᠰᠦᠨ ᠵᠠᠷᠤᠯᠭ᠎ᠠ ᠠ᠋ᠴᠠ ᠭᠠᠳᠠᠨ᠎ᠠ ᠲᠣᠭᠲᠠᠭᠠᠭᠰᠠᠨ ᠵᠠᠰᠠᠭ ᠵᠠᠬᠢᠷᠭᠠᠨ ᠤ᠋ ᠡᠭᠦᠷᠭᠡ ᠪᠣᠯᠤᠨ ᠠᠵᠢᠯ ᠦᠢᠯᠡᠰ ᠦ᠋ᠨ ᠬᠥᠭᠵᠢᠯᠲᠡ ᠶ᠋ᠢᠨ ᠬᠠᠷᠠᠯᠲᠠ ᠶ᠋ᠢ ᠪᠡᠶᠡᠯᠡᠭᠦᠯᠬᠦ ᠶ᠋ᠢᠨ ᠲᠥᠯᠥᠭᠡ ᠡᠭᠦᠰᠦᠭᠰᠡᠨ ᠵᠠᠷᠤᠯᠭ᠎ᠠ ᠶ᠋ᠢ ᠵᠢᠭᠠᠵᠤ ᠪᠣᠢ ᠃
ᠶᠢᠰᠦ᠂ 《ᠭᠤᠷᠪᠠᠨ ᠵᠦᠢᠯ ᠦ᠋ᠨ ᠠᠯᠪᠠᠨ ᠵᠠᠷᠤᠳᠠᠯ》 ᠤ᠋ᠨ ᠡᠳ᠋ ᠦ᠋ᠨ ᠵᠠᠰᠠᠭ ᠤ᠋ᠨ ᠲᠥᠰᠥᠪ ᠪᠠ ᠲᠥᠰᠥᠪ ᠦ᠋ᠨ ᠬᠠᠮᠢᠶᠠᠷᠤᠯᠲᠠ ᠳ᠋ᠤ᠌ ᠣᠷᠣᠭᠤᠯᠤᠭᠰᠠᠨ 《ᠭᠤᠷᠪᠠᠨ ᠠᠯᠪᠠᠨ ᠵᠠᠷᠤᠳᠠᠯ》 ᠭᠡᠳᠡᠭ ᠨᠢ ᠰᠠᠯᠠᠭ᠎ᠠ ᠮᠥᠴᠢᠷ ᠦ᠋ᠨ ᠡᠳ᠋ ᠦ᠋ᠨ ᠵᠠᠰᠠᠭ ᠡᠴᠡ ᠰᠠᠯᠭᠠᠨ ᠦᠭᠭᠦᠭᠰᠡᠨ ᠵᠣᠭᠣᠰ ᠢ᠋ᠶ᠋ᠠᠷ ᠲᠣᠬᠢᠷᠠᠭᠤᠯᠤᠭᠰᠠᠨ ᠠᠯᠪᠠᠨ ᠶᠠᠪᠤᠳᠠᠯ ᠢ᠋ᠶ᠋ᠠᠷ ᠭᠠᠳᠠᠭᠠᠳᠤ ᠳ᠋ᠤ᠌ ᠭᠠᠷᠬᠤ ᠬᠢᠯᠢ ᠶ᠋ᠢᠨ ᠰᠦᠢᠳᠬᠡᠯ᠂ ᠠᠯᠪᠠᠨ ᠶᠠᠪᠤᠳᠠᠯ ᠳ᠋ᠤ᠌ ᠬᠡᠷᠡᠭᠯᠡᠬᠦ ᠲᠡᠷᠭᠡ ᠬᠤᠳᠠᠯᠳᠤᠨ ᠠᠪᠬᠤ ᠵᠢᠴᠢ ᠠᠵᠢᠯᠯᠠᠭᠠᠨ ᠢ᠋ ᠬᠠᠮᠠᠭᠠᠯᠠᠬᠤ ᠰᠦᠢᠳᠬᠡᠯ᠂ ᠠᠯᠪᠠᠨ ᠶᠠᠪᠤᠳᠠᠯ ᠢ᠋ᠶ᠋ᠠᠷ ᠵᠣᠴᠢᠯᠠᠬᠤ ᠰᠦᠢᠳᠬᠡᠯ ᠢ᠋ ᠵᠢᠭᠠᠵᠤ ᠪᠣᠢ᠃ ᠡᠭᠦᠨ ᠳ᠋ᠦ᠍ ᠠᠯᠪᠠᠨ ᠶᠠᠪᠤᠳᠠᠯ ᠢ᠋ᠶ᠋ᠠᠷ ᠭᠠᠳᠠᠭᠠᠳᠤ ᠳ᠋ᠤ᠌ ᠭᠠᠷᠬᠤ ᠬᠢᠯᠢ ᠶ᠋ᠢᠨ ᠵᠠᠷᠤᠳᠠᠯ ᠤ᠋ᠨ ᠲᠤᠬᠠᠢ ᠲᠤᠰᠬᠠᠭᠰᠠᠨ ᠨᠢᠭᠡᠴᠡ ᠶ᠋ᠢᠨ ᠵᠢᠭᠤᠯᠴᠢᠯᠠᠯ ᠤ᠋ᠨ ᠵᠠᠷᠤᠳᠠᠯ ᠂ ᠤᠯᠤᠰ ᠤ᠋ᠨ ᠳᠣᠲᠣᠭᠠᠳᠤ ᠶ᠋ᠢᠨ ᠬᠣᠲᠠ ᠶ᠋ᠢᠨ ᠬᠣᠭᠣᠷᠣᠨᠳᠣᠬᠢ ᠵᠠᠮ ᠬᠠᠷᠢᠯᠴᠠᠭᠠᠨ ᠤ᠋ ᠵᠠᠷᠤᠳᠠᠯ ᠂ ᠬᠣᠨᠣᠭ ᠤ᠋ᠨ ᠵᠠᠷᠤᠳᠠᠯ ᠂ ᠬᠣᠭᠣᠯᠠᠨ ᠤ᠋ ᠵᠠᠷᠤᠳᠠᠯ ᠂ ᠪᠣᠯᠪᠠᠰᠤᠷᠠᠯ ᠤ᠋ᠨ ᠵᠠᠷᠤᠳᠠᠯ ᠂ ᠠᠯᠪᠠᠨ ᠬᠡᠷᠡᠭᠯᠡᠭᠡᠨ ᠦ᠌ ᠵᠠᠷᠤᠳᠠᠯ ᠵᠡᠷᠭᠡ ᠠᠯᠪᠠᠨ ᠳ᠋ᠤ᠌ ᠬᠡᠷᠡᠭᠯᠡᠬᠦ ᠲᠡᠷᠭᠡ ᠬᠤᠳᠠᠯᠳᠤᠨ ᠠᠪᠬᠤ ᠰᠦᠢᠳᠬᠡᠯ ᠤᠨ ᠲᠤᠰᠬᠠᠯ ᠤ᠋ᠨ ᠨᠢᠭᠡᠴᠡ ᠠᠯᠪᠠᠲᠠᠨ ᠤ᠋ ᠲᠡᠷᠭᠡ ᠬᠤᠳᠠᠯᠳᠤᠨ ᠠᠪᠬᠤ ᠵᠠᠷᠤᠯᠭ᠎ᠠ(ᠲᠡᠷᠭᠡ ᠬᠥᠰᠬᠡ ᠬᠤᠳᠠᠯᠳᠤᠨ ᠠᠪᠬᠤ ᠭᠠᠢᠯᠢ ᠪᠠᠭᠲᠠᠨ᠎ᠠ)᠃ ᠠᠯᠪᠠᠨ ᠳ᠋ᠤ᠌ ᠬᠡᠷᠡᠭᠯᠡᠬᠦ ᠲᠡᠷᠭᠡ ᠶ᠋ᠢᠨ ᠠᠵᠢᠯᠯᠠᠭᠠᠨ ᠢ᠋ ᠬᠠᠮᠠᠭᠠᠯᠠᠬᠤ ᠵᠠᠷᠤᠳᠠᠯ ᠂ ᠲᠤᠰᠬᠠᠯ ᠤ᠋ᠨ ᠨᠢᠭᠡᠴᠡ ᠶ᠋ᠢᠨ ᠲᠣᠭᠲᠠᠭᠠᠯ ᠶᠣᠰᠣᠭᠠᠷ ᠦᠯᠡᠳᠡᠭᠡᠭᠰᠡᠨ ᠠᠯᠪᠠᠨ ᠶᠠᠪᠤᠳᠠᠯ ᠳ᠋ᠤ᠌ ᠬᠡᠷᠡᠭᠯᠡᠬᠦ ᠲᠡᠷᠭᠡᠨ ᠦ᠌ ᠲᠦᠯᠡᠰᠢᠨ ᠦ᠌ ᠵᠠᠷᠤᠳᠠᠯ ᠂ ᠰᠡᠯᠪᠢᠨ ᠵᠠᠰᠠᠬᠤ ᠵᠠᠷᠤᠳᠠᠯ ᠂ ᠳᠠᠭᠠᠳᠬᠠᠯ ᠤ᠋ᠨ ᠵᠠᠷᠤᠳᠠᠯ ᠂ ᠵᠠᠮ ᠥᠩᠭᠡᠷᠡᠬᠦ ᠬᠥᠭᠥᠷᠭᠡ ᠥᠩᠭᠡᠷᠡᠬᠦ ᠵᠠᠷᠤᠳᠠᠯ ᠂ ᠠᠮᠤᠷ ᠲᠦᠪᠰᠢᠨ ᠦ᠌ ᠱᠠᠩᠨᠠᠯ ᠤ᠋ᠨ ᠵᠠᠷᠤᠳᠠᠯ ᠵᠡᠷᠭᠡ ᠵᠠᠷᠤᠯᠭ᠎ᠠ ᠠᠯᠪᠠᠨ ᠶᠠᠪᠤᠳᠠᠯ ᠤ᠋ᠨ ᠬᠦᠯᠢᠶᠡᠨ ᠵᠣᠴᠢᠯᠠᠬᠤ ᠰᠦᠢᠳᠬᠡᠯ ᠳ᠋ᠦ᠍ ᠲᠤᠰᠬᠠᠭᠰᠠᠨ ᠨᠢᠭᠡᠴᠡ ᠨᠢ ᠲᠣᠭᠲᠠᠭᠠᠯ ᠶᠣᠰᠣᠭᠠᠷ ᠵᠠᠷᠤᠯᠭ᠎ᠠ ᠶ᠋ᠢ ᠡᠯ᠎ᠡ ᠲᠥᠷᠥᠯ ᠦ᠋ᠨ ᠠᠯᠪᠠᠨ ᠶᠠᠪᠤᠳᠠᠯ ᠤ᠋ᠨ ᠬᠦᠯᠢᠶᠡᠨ ᠵᠣᠴᠢᠯᠠᠯᠲᠠ ᠳ᠋ᠤ᠌ ᠭᠠᠳᠠᠭᠠᠳᠤ ᠶ᠋ᠢᠨ ᠵᠣᠴᠢᠳ ᠤ᠋ᠨ ᠵᠣᠴᠢᠯᠠᠬᠤ ᠵᠠᠷᠤᠯᠭ᠎ᠠ ᠪᠠᠭᠲᠠᠨ᠎ᠠ ᠃
ᠠᠷᠪᠠ ᠂ ᠪᠠᠢᠭᠤᠯᠤᠯᠭ᠎ᠠ ᠶ᠋ᠢᠨ ᠠᠵᠢᠯᠯᠠᠭᠠᠨ ᠤ᠋ ᠵᠠᠷᠤᠳᠠᠯ ᠭᠡᠳᠡᠭ ᠨᠢ ᠵᠠᠰᠠᠭ ᠵᠠᠬᠢᠷᠭᠠᠨ ᠤ᠋ ᠨᠢᠭᠡᠴᠡ ᠶ᠋ᠢᠨ ᠠᠯᠪᠠᠲᠠᠨ ᠤ᠋ ᠬᠠᠤᠯᠢ ᠪᠠᠷ ᠯᠠᠪᠯᠠᠯᠲᠠ ᠪᠣᠯᠭᠠᠨ ᠬᠠᠮᠢᠶᠠᠷᠬᠤ ᠠᠵᠢᠯ ᠦᠢᠯᠡᠰ ᠦ᠋ᠨ ᠨᠢᠭᠡᠴᠡ ᠶ᠋ᠢᠨ ᠠᠵᠢᠯᠯᠠᠭᠠᠨ ᠬᠢᠬᠦ ᠡᠳ᠋ ᠪᠠᠷᠠᠭ᠎ᠠ ᠪᠠ ᠦᠢᠯᠡᠴᠢᠯᠡᠭᠡ ᠬᠤᠳᠠᠯᠳᠤᠨ ᠠᠪᠬᠤ ᠳ᠋ᠤ᠌ ᠬᠡᠷᠡᠭᠯᠡᠬᠦ ᠡᠯ᠎ᠡ ᠵᠦᠢᠯ ᠦ᠋ᠨ ᠠᠯᠪᠠᠨ ᠬᠡᠷᠡᠭᠯᠡᠭᠡᠨ ᠦ᠌ ᠵᠠᠷᠤᠳᠠᠯ ᠢ᠋ ᠪᠠᠲᠤᠯᠠᠬᠤ ᠶ᠋ᠢᠨ ᠲᠤᠰᠠᠳᠠ ᠠᠵᠢᠯᠯᠠᠬᠤ ᠪᠠ ᠳᠠᠷᠤᠮᠠᠯᠯᠠᠬᠤ ᠵᠠᠷᠤᠳᠠᠯ ᠂ ᠰᠢᠤᠳᠠᠨ ᠤ᠋ ᠵᠠᠷᠤᠳᠠᠯ ᠂ ᠭᠠᠳᠠᠭᠰᠢ ᠶᠠᠪᠤᠬᠤ ᠵᠠᠷᠤᠳᠠᠯ ᠂ ᠬᠤᠷᠠᠯ ᠤ᠋ᠨ ᠵᠠᠷᠤᠳᠠᠯ ᠂ ᠠᠰᠠᠷᠠᠮᠵᠢ ᠶ᠋ᠢᠨ ᠵᠠᠷᠤᠳᠠᠯ ᠂ ᠡᠳᠦᠷ ᠳᠣᠳᠣᠮ ᠤ᠋ᠨ ᠰᠡᠯᠪᠢᠨ ᠵᠠᠰᠠᠬᠤ ᠵᠠᠷᠤᠳᠠᠯ ᠂ ᠲᠤᠰᠬᠠᠢ ᠮᠡᠷᠭᠡᠵᠢᠯ ᠦ᠋ᠨ ᠮᠠᠲ᠋ᠧᠷᠢᠶᠠᠯ ᠵᠢᠴᠢ ᠡᠩ ᠦ᠋ᠨ ᠲᠥᠬᠥᠭᠡᠷᠦᠮᠵᠢ ᠬᠤᠳᠠᠯᠳᠤᠨ ᠠᠪᠬᠤ ᠵᠠᠷᠤᠳᠠᠯ ᠪᠠᠭᠲᠠᠨ᠎ᠠ ᠃
ᠠᠷᠪᠠᠨ ᠨᠢᠭᠡ ᠂ ᠴᠠᠯᠢᠩ ᠠᠰᠠᠷᠠᠮᠵᠢ ᠶ᠋ᠢᠨ ᠵᠠᠷᠤᠯᠭ᠎ᠠ(ᠠᠵᠤ ᠠᠬᠤᠢ ᠶ᠋ᠢᠨ ᠲᠥᠷᠥᠯ ᠬᠤᠪᠢᠶᠠᠭᠰᠠᠨ ᠲᠥᠷᠥᠯ ᠵᠦᠢᠯ ᠦ᠋ᠨ ᠠᠩᠭᠢᠯᠠᠯ )ᠨᠢᠭᠡᠴᠡ ᠡᠴᠡ ᠵᠠᠷᠤᠯᠭ᠎ᠠ ᠶ᠋ᠢ ᠲᠤᠰᠬᠠᠭᠰᠠᠨ ᠠᠵᠢᠯ ᠳ᠋ᠤ᠌ ᠪᠠᠢᠭ᠎ᠠ ᠠᠵᠢᠯᠴᠢᠨ ᠪᠣᠯᠤᠨ ᠣᠷᠣᠨ ᠲᠣᠭᠠᠨ ᠤ᠋ ᠭᠠᠳᠠᠨᠠᠬᠢ ᠤᠷᠲᠤ ᠬᠤᠭᠤᠴᠠᠭ᠎ᠠ ᠪᠠᠷ ᠤᠷᠢᠨ ᠬᠡᠷᠡᠭᠯᠡᠭᠰᠡᠨ ᠬᠥᠮᠦᠰ ᠦ᠋ᠨ ᠡᠯ᠎ᠡ ᠲᠥᠷᠥᠯ ᠦ᠋ᠨ ᠠᠵᠢᠯᠯᠠᠭ᠎ᠠ ᠶ᠋ᠢᠨ ᠬᠥᠯᠥᠰᠥ ᠣᠯᠭᠣᠮᠵᠢ ᠵᠢᠴᠢ ᠳᠡᠭᠡᠷ᠎ᠡ ᠳᠤᠷᠠᠳᠤᠭᠰᠠᠨ ᠬᠥᠮᠦᠰ ᠲᠦ᠍ ᠲᠤᠰᠢᠶᠠᠭᠰᠠᠨ ᠨᠡᠢᠭᠡᠮ ᠦ᠋ᠨ ᠡᠯ᠎ᠡ ᠵᠦᠢᠯ ᠦ᠋ᠨ ᠳᠠᠭᠠᠳᠬᠠᠯ ᠤ᠋ᠨ ᠰᠦᠢᠳᠬᠡᠯ ᠵᠡᠷᠭᠡ ᠪᠣᠯᠤᠨ᠎ᠠ ᠃
ᠠᠷᠪᠠᠨ ᠬᠣᠶᠠᠷ ᠂ ᠲᠠᠸᠠᠷ ᠪᠠ ᠦᠢᠯᠡᠴᠢᠯᠡᠭᠡᠨ ᠦ᠌ ᠵᠠᠷᠤᠯᠭ᠎ᠠ(ᠠᠵᠤ ᠠᠬᠤᠢ ᠶ᠋ᠢᠨ ᠲᠥᠷᠥᠯ ᠬᠤᠪᠢᠶᠠᠭᠰᠠᠨ ᠲᠥᠷᠥᠯ ᠵᠦᠢᠯ ᠦ᠋ᠨ ᠠᠩᠭᠢᠯᠠᠯ ) ᠨᠢᠭᠡᠴᠡ ᠶ᠋ᠢᠨ ᠲᠠᠸᠠᠷ ᠪᠠ ᠦᠢᠯᠡᠴᠢᠯᠡᠭᠡ ᠬᠤᠳᠠᠯᠳᠤᠨ ᠠᠪᠬᠤ ᠳ᠋ᠤ᠌ ᠬᠡᠷᠡᠭᠯᠡᠬᠦ ᠵᠠᠷᠤᠯᠭ᠎ᠠ᠂ ᠲᠣᠭᠲᠠᠮᠠᠯ ᠬᠥᠷᠥᠩᠭᠡ ᠬᠤᠳᠠᠯᠳᠤᠨ ᠠᠪᠬᠤ ᠳ᠋ᠤ᠌ ᠬᠡᠷᠡᠭᠯᠡᠬᠦ ᠵᠠᠷᠤᠯᠭ᠎ᠠ ᠂ ᠪᠠᠢᠯᠳᠤᠬᠤ ᠪᠣᠳᠣᠯᠭ᠎ᠠ ᠶ᠋ᠢᠨ ᠴᠢᠨᠠᠷᠲᠠᠢ ᠪᠠ ᠪᠠᠴᠢᠮ ᠪᠠᠢᠳᠠᠯ ᠢ᠋ ᠠᠷᠭᠠᠴᠠᠬᠤ ᠨᠥᠭᠡᠴᠡ ᠶ᠋ᠢᠨ ᠵᠠᠷᠤᠯᠭ᠎ᠠ ᠶ᠋ᠢ ᠪᠠᠭᠲᠠᠭᠠᠬᠤ ᠥᠬᠡᠢ ᠃
ᠲᠠᠪᠤᠳᠤᠭᠠᠷ ᠬᠡᠰᠡᠭ ᠂ ᠲᠥᠰᠥᠪ ᠢ᠋ ᠢᠯᠡ ᠪᠣᠯᠭᠠᠵᠤ ᠬᠠᠷᠢᠯᠴᠠᠬᠤ ᠠᠷᠭ᠎ᠠ ᠪᠠ ᠮᠡᠳᠡᠭᠡ ᠵᠠᠩᠭᠢ ᠶ᠋ᠢ ᠬᠠᠷᠢᠭᠤ ᠲᠤᠰᠬᠠᠬᠤ ᠠᠷᠭ᠎ᠠ ᠵᠠᠮ
ᠲᠤᠰ ᠨᠢᠭᠡᠴᠢ ᠶ᠋ᠢᠨ ᠲᠥᠰᠥᠪ ᠦ᠋ᠨ ᠢᠯᠡ ᠪᠣᠯᠭᠠᠬᠤ ᠮᠡᠳᠡᠭᠡ ᠵᠠᠩᠭᠢ ᠬᠠᠷᠢᠭᠤ ᠲᠤᠰᠬᠠᠯ ᠪᠠ ᠬᠠᠷᠢᠯᠴᠠᠬᠤ ᠠᠷᠭ᠎ᠠ ᠮᠠᠶᠢᠭ
ᠬᠠᠷᠢᠯᠴᠠᠬᠤ ᠬᠥᠮᠦᠨ ᠄ ᠬᠠᠰᠪᠦᠷᠢᠨ ᠬᠠᠷᠢᠯᠴᠠᠬᠤ ᠤᠲᠠᠰᠤ 04778160267
ᠵᠢᠷᠭᠤᠳᠤᠭᠠᠷ ᠬᠡᠰᠡᠭ᠂ ᠰᠠᠯᠠᠭ᠎ᠠ ᠮᠥᠴᠢᠷ ᠦ᠋ᠨ ᠲᠥᠰᠥᠪ ᠦ᠋ᠨ ᠢᠯᠡ ᠨᠡᠢᠲᠡᠯᠡᠬᠦ ᠬᠦᠰᠦᠨᠦᠭᠲᠦ
ᠳᠠᠭᠠᠯᠳᠤᠭᠤᠯᠤᠯ ᠬᠦᠰᠦᠨᠦᠭᠲᠦ
ᠦᠨᠡᠯᠡᠬᠦ 0ᠦᠨᠡᠯᠡᠯᠲᠡ ᠲᠠᠢ