ᠪᠦᠬᠦ ᠲᠠᠯ᠎ᠠ ᠪᠠᠷ ᠨᠠᠮ ᠢ᠋ ᠴᠢᠩᠭ᠎ᠠ ᠵᠠᠰᠠᠬᠤ ᠭᠣᠣᠯ ᠴᠣᠭᠴᠠ ᠶ᠋ᠢᠨ ᠬᠠᠷᠢᠭᠤᠴᠠᠯᠭ᠎ᠠ ᠶ᠋ᠢ ᠤᠯᠠᠮ ᠨᠢᠭᠡ ᠠᠯᠬᠤᠮ ᠨᠠᠢᠳᠠᠪᠤᠷᠢᠵᠢᠭᠤᠯᠵᠤ ᠂ ᠰᠢᠭᠦᠬᠦ ᠬᠣᠷᠢᠶ᠎ᠠ ᠶ᠋ᠢᠨ ᠡᠩᠨᠡᠭᠡ ᠳ᠋ᠦ᠍ ᠴᠢᠩᠭ᠎ᠠ ᠬᠢᠨᠠᠯᠲᠠ ᠲᠠᠯᠪᠢᠵᠤ ᠬᠠᠮᠢᠶᠠᠷᠬᠤ ᠶ᠋ᠢ ᠴᠢᠩᠭᠠᠳᠬᠠᠬᠤ ᠶ᠋ᠢᠨ ᠲᠥᠯᠥᠭᠡ ᠂ ᠥᠷᠭᠡᠨ ᠣᠯᠠᠨ ᠺᠠᠲᠠᠷ ᠴᠠᠭᠳᠠᠭ᠎ᠠ ᠶ᠋ᠢᠨ ᠲᠥᠪ ᠴᠢᠩᠭ᠎ᠠ ᠲᠥᠪ ᠭᠣᠣᠯᠴᠢ ᠠᠷᠢᠭᠤᠨ ᠴᠢᠬᠡᠴᠢ ᠬᠠᠤᠯᠢ ᠴᠠᠭᠠᠵᠠ ᠶ᠋ᠢᠨ ᠠᠵᠢᠯᠯᠠᠭ᠎ᠠ ᠶ᠋ᠢ ᠠᠬᠢᠭᠤᠯᠬᠤ ᠶ᠋ᠢᠨ ᠲᠥᠯᠥᠭᠡ 8 ᠰᠠᠷ᠎ᠠ ᠶ᠋ᠢᠨ 12 ᠤ᠋ ᠡᠳᠦᠷ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠰᠡᠷᠡᠮᠵᠢᠯᠡᠭᠦᠯᠬᠦ ᠬᠥᠮᠦᠵᠢᠯ ᠦ᠋ᠨ ᠶᠡᠬᠡ ᠬᠤᠷᠠᠯ ᠬᠢᠭᠰᠡᠨ ᠪᠠᠢᠨ᠎ᠠ᠃ ᠲᠤᠰ ᠬᠤᠷᠠᠯ ᠳ᠋ᠤ᠌ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠂ ᠬᠣᠷᠢᠶᠠᠨ ᠳᠠᠷᠤᠭ᠎ᠠ ᠰᠦ ᠯᠢ ᠵᠢᠶᠦ᠋ᠨ ᠬᠤᠷᠠᠯ ᠳ᠋ᠤ᠌ ᠣᠷᠣᠯᠴᠠᠭᠰᠠᠨ ᠪᠥᠭᠡᠳ ᠶᠠᠷᠢᠶ᠎ᠠ ᠲᠠᠯᠪᠢᠭᠰᠠᠨ ᠪᠠᠢᠨ᠎ᠠ᠃
ᠬᠤᠷᠠᠯ ᠳᠡᠭᠡᠷ᠎ᠡ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠭᠡᠰᠢᠬᠦᠨ ᠂ ᠬᠣᠲᠠ ᠶ᠋ᠢᠨ ᠰᠠᠬᠢᠯᠭ᠎ᠠ ᠪᠠᠲᠤ ᠪᠠᠢᠴᠠᠭᠠᠬᠤ ᠬᠣᠷᠢᠶ᠎ᠠ ᠬᠢᠨᠠᠨ ᠪᠠᠢᠴᠠᠭᠠᠬᠤ ᠬᠣᠷᠢᠶ᠎ᠠ ᠠ᠋ᠴᠠ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠳ᠋ᠤ᠌ ᠲᠣᠮᠢᠯᠠᠭᠰᠠᠨ ᠰᠠᠬᠢᠯᠭ᠎ᠠ ᠪᠠᠲᠤ ᠪᠠᠢᠴᠠᠭᠠᠬᠤ ᠬᠢᠨᠠᠨ ᠪᠠᠢᠴᠠᠭᠠᠬᠤ ᠳᠤᠭᠤᠢᠯᠠᠩ ᠤ᠋ᠨ ᠳᠠᠷᠤᠭ᠎ᠠ ᠪᠠᠢ ᠯᠠᠨ ᠵᠣ᠌ ᠶ᠋ᠢ ᠪᠥᠬᠥ ᠬᠣᠲᠠ ᠶ᠋ᠢᠨ ᠰᠢᠭᠦᠬᠦ ᠬᠣᠷᠢᠶᠠᠨ ᠤ᠋ 2020 ᠣᠨ ᠤ᠋ 1 - 7 ᠰᠠᠷ᠎ᠠ ᠶ᠋ᠢᠨ ᠬᠠᠤᠯᠢ ᠰᠠᠬᠢᠯᠭ᠎ᠠ ᠵᠥᠷᠢᠴᠡᠭᠰᠡᠨ ᠬᠡᠷᠡᠭ ᠦ᠋ᠨ ᠵᠢᠱ᠌ᠢᠶ᠎ᠡ ᠵᠢᠴᠢ ᠪᠥᠬᠥ ᠤᠯᠤᠰ ᠤ᠋ᠨ ᠰᠢᠭᠦᠬᠦ ᠬᠣᠷᠢᠶᠠᠨ ᠤ᠋ ᠰᠢᠰᠲ᠋ᠧᠮ ᠦ᠋ᠨ ᠬᠠᠤᠯᠢ ᠰᠠᠬᠢᠯᠭ᠎ᠠ ᠠ᠋ᠴᠠ ᠵᠥᠷᠢᠴᠡᠭᠰᠡᠨ ᠨᠡᠢᠲᠡᠯᠢᠭ ᠬᠡᠷᠡᠭ ᠦ᠋ᠨ ᠵᠢᠱ᠌ᠢᠶ᠎ᠡ ᠶ᠋ᠢ ᠵᠠᠳᠠᠯᠤᠨ ᠮᠡᠳᠡᠭᠳᠡᠪᠡ ᠃
ᠰᠦ᠍ ᠯᠢ ᠵᠢᠶᠦ᠋ᠨ ᠴᠢᠬᠤᠯᠠᠴᠢᠯᠠᠭᠰᠠᠨ ᠨᠢ᠄
1. ᠣᠳᠣᠬᠠᠨ ᠤ᠋ ᠠᠵᠢᠯ ᠤ᠋ᠨ ᠪᠠᠢᠳᠠᠯ ᠢ᠋ ᠲᠣᠳᠣᠷᠬᠠᠢ ᠲᠠᠨᠢᠬᠤ ᠬᠡᠷᠡᠭᠲᠡᠢ ᠃ᠠᠷᠠᠳ ᠤ᠋ᠨ ᠰᠢᠭᠦᠬᠦ ᠬᠣᠷᠢᠶᠠᠨ ᠤ᠋ ᠰᠡᠷᠡᠮᠵᠢᠯᠡᠭᠦᠯᠬᠦ ᠬᠥᠮᠦᠵᠢᠯ ᠦ᠋ᠨ ᠠᠵᠢᠯ ᠥᠷᠨᠢᠭᠦᠯᠬᠦ ᠶ᠋ᠢᠨ ᠴᠢᠬᠤᠯᠠ ᠴᠢᠨᠠᠷ ᠂ ᠭᠡᠷᠡᠭᠴᠡᠭᠡᠲᠦ ᠴᠢᠨᠠᠷ᠂ ᠤᠷᠲᠤ ᠬᠤᠭᠤᠴᠠᠭᠠᠲᠤ ᠴᠢᠨᠠᠷ ᠢ᠋ ᠭᠦᠢᠴᠡᠳ ᠲᠠᠨᠢᠬᠤ ᠬᠡᠷᠡᠭᠲᠡᠢ ᠃ ᠨᠠᠮ ᠤ᠋ᠨ ᠠᠷᠪᠠᠨ ᠨᠠᠢ᠍ᠮᠠᠳᠤᠭᠠᠷ ᠶᠡᠬᠡ ᠬᠤᠷᠠᠯ ᠠ᠋ᠴᠠ ᠨᠡᠰᠢ ᠂ ᠲᠥᠪ ᠬᠣᠷᠢᠶ᠎ᠠ ᠠ᠋ᠴᠠ ᠨᠠᠮ ᠤ᠋ᠨ ᠰᠤᠷᠲᠠᠯ ᠪᠠ ᠠᠷᠢᠭᠤᠨ ᠴᠢᠬᠡᠴᠢ ᠪᠡᠷ ᠵᠠᠰᠠᠭ ᠪᠠᠷᠢᠬᠤ ᠪᠠᠢᠭᠤᠯᠤᠯᠲᠠ ᠪᠣᠯᠤᠨ ᠢᠯᠵᠠᠷᠠᠯ ᠢ᠋ ᠡᠰᠡᠷᠭᠦᠴᠡᠬᠦ ᠲᠡᠮᠡᠴᠡᠯ ᠢ᠋ ᠳᠡᠭᠡᠳᠦ ᠬᠡᠮᠵᠢᠶ᠎ᠡ ᠪᠡᠷ ᠴᠢᠬᠤᠯᠠᠴᠢᠯᠠᠨ ᠦᠵᠡᠵᠦ ᠂ ᠢᠯᠵᠠᠷᠠᠯ ᠢ᠋ ᠡᠰᠡᠷᠭᠦᠴᠡᠨ ᠠᠷᠢᠭᠤᠨ ᠴᠢᠬᠡᠴᠢ ᠶ᠋ᠢ ᠡᠷᠬᠢᠮᠯᠡᠬᠦ ᠠᠵᠢᠯ ᠢ᠋ ᠡᠷᠡᠰ ᠭᠤᠢᠪᠢᠰᠢ ᠥᠬᠡᠢ ᠪᠡᠷ ᠲᠦᠯᠬᠢᠨ ᠠᠬᠢᠭᠤᠯᠬᠤ ᠶᠠᠪᠤᠳᠠᠯ ᠢ᠋ ᠨᠠᠮ ᠪᠣᠯᠤᠨ ᠲᠥᠷᠥ ᠶ᠋ᠢᠨ ᠢᠷᠡᠭᠡᠳᠦᠢ ᠪᠠ ᠬᠤᠪᠢ ᠵᠠᠶᠠᠭ᠎ᠠ ᠶ᠋ᠢ ᠲᠣᠭᠲᠠᠭᠠᠬᠤ ᠶ᠋ᠢᠨ ᠵᠠᠩᠭᠢᠯᠠᠭ᠎ᠠ ᠪᠣᠯᠭᠠᠵᠠᠢ ᠃ ᠣᠢᠷ᠎ᠠ ᠶ᠋ᠢᠨ ᠵᠢᠯ ᠡᠴᠡ ᠨᠠᠮ ᠤ᠋ᠨ ᠲᠥᠪ ᠬᠣᠷᠢᠶ᠎ᠠ ᠰᠤᠷᠲᠠᠯ ᠴᠡᠭᠴᠡᠯᠡᠵᠦ ᠰᠠᠬᠢᠯᠭ᠎ᠠ ᠪᠠᠲᠤ ᠶ᠋ᠢ ᠴᠢᠩᠭᠠᠳᠬᠠᠨ ᠢᠯᠵᠠᠷᠠᠯ ᠢ᠋ ᠡᠰᠡᠷᠭᠦᠴᠡᠬᠦ ᠶ᠋ᠢ ᠬᠦᠴᠦᠲᠡᠢ ᠲᠦᠯᠬᠢᠨ ᠠᠬᠢᠭᠤᠯᠵᠤ ᠂ ᠬᠣᠷᠢᠭᠠᠲᠤ ᠣᠷᠣᠨ ᠥᠬᠡᠢ ᠂ ᠪᠦᠬᠦᠨ ᠢ᠋ ᠬᠠᠮᠤᠷᠤᠭᠰᠠᠨ ᠂ ᠥᠴᠦᠬᠡᠨ ᠴᠦ᠍ ᠬᠦᠯᠢᠴᠡᠬᠦ ᠥᠬᠡᠢ ᠪᠠᠢᠬᠤ ᠶ᠋ᠢ ᠪᠠᠷᠢᠮᠲᠠᠯᠠᠨ ᠂ ᠥᠨᠳᠥᠷ ᠳᠠᠷᠤᠯᠲᠠ ᠂ ᠤᠷᠲᠤ ᠰᠦᠷᠳᠡᠭᠦᠯᠦᠯ ᠨᠢ ᠬᠡᠭᠡᠯᠢ ᠬᠠᠬᠤᠤᠯᠢ ᠢᠳᠡᠭᠰᠡᠨ ᠢ ᠬᠠᠮᠲᠤ ᠪᠠᠷ ᠪᠠᠢᠴᠠᠭᠠᠬᠤ ᠂ 《ᠪᠠᠷᠰ 》 ᠂ 《 ᠢᠯᠠᠭ᠎ᠠ》 ᠵᠢ ᠬᠠᠮᠲᠤᠪᠠᠷ ᠠᠯᠳᠠᠯ ᠥᠬᠡᠢ ᠴᠣᠬᠢᠨ᠂ ᠭᠠᠷ ᠢ᠋ᠶ᠋ᠠᠨ ᠦᠯᠦ ᠬᠣᠷᠢᠶᠠᠨ ᠠᠪᠤᠭᠰᠠᠨ ᠤᠳᠤᠷᠢᠳᠬᠤ ᠺᠠᠲᠷᠴᠤᠳ ᠂ ᠣᠯᠠᠨ ᠲᠦᠮᠡᠨ ᠦ᠌ ᠳᠡᠷᠭᠡᠳᠡᠬᠢ ᠢᠯᠵᠢᠷᠡᠯ ᠢ᠋ ᠡᠷᠡᠰ ᠴᠢᠩᠭ᠎ᠠ ᠴᠡᠭᠴᠡᠯᠡᠨ ᠵᠠᠰᠠᠨ᠎ᠠ ᠃ ᠺᠠᠲᠠᠷ ᠴᠠᠭᠳᠠᠭ᠎ᠠ ᠨᠠᠷ ᠡᠷᠬᠡᠪᠰᠢ ᠥᠪᠡᠷ ᠦ᠋ᠨ ᠪᠡᠶ᠎ᠡ ᠶ᠋ᠢᠨ ᠦᠢᠯᠡ ᠠᠵᠢᠯᠯᠠᠭ᠎ᠠ ᠪᠠᠨ ᠨᠡᠩ ᠴᠢᠩᠭ᠎ᠠ ᠵᠢᠷᠤᠮᠵᠢᠭᠤᠯᠵᠤ ᠂ ᠬᠠᠤᠯᠢ ᠲᠣᠭᠲᠠᠭᠠᠯ ᠢ᠋ ᠴᠢᠩᠭ᠎ᠠ ᠵᠢᠷᠤᠮᠯᠠᠨ ᠠᠵᠢᠯᠯᠠᠬᠤ ᠬᠡᠷᠡᠭᠲᠡᠢ ᠃
2.ᠬᠠᠤᠯᠢ ᠴᠠᠭᠠᠵᠠ ᠶ᠋ᠢᠨ ᠢᠯᠵᠢᠷᠡᠯ ᠡᠴᠡ ᠪᠣᠯᠤᠭᠰᠠᠨ ᠬᠦᠨᠳᠦ ᠨᠣᠴᠢᠲᠠᠢ ᠬᠣᠣᠷ ᠬᠥᠨᠥᠭᠡᠯ ᠢ᠋ ᠭᠦᠢᠴᠡᠳ ᠲᠠᠨᠢᠵᠤ ᠠᠷᠠᠳ ᠤ᠋ᠨ ᠲᠥᠯᠥᠭᠡ ᠬᠠᠤᠯᠢ ᠴᠠᠭᠠᠵᠠ ᠶ᠋ᠢ ᠲᠥᠪ ᠭᠣᠣᠯᠴᠢ ᠪᠠᠷ ᠬᠡᠷᠡᠭᠵᠢᠭᠦᠯᠬᠦ ᠬᠡᠷᠡᠭᠲᠡᠢ᠃ ᠢᠯᠵᠠᠷᠠᠯ ᠪᠣᠯ ᠤᠯᠤᠰ ᠣᠷᠣᠨ ᠤ᠋ ᠶᠡᠬᠡ ᠳᠠᠢᠰᠤᠨ᠂ ᠨᠠᠮ ᠤ᠋ᠨ ᠶᠡᠬᠡ ᠳᠠᠢᠰᠤᠨ᠂ ᠠᠷᠠᠳ ᠲᠦᠮᠡᠨ ᠦ᠌ ᠳᠠᠢᠰᠤᠨ᠂ ᠤᠯᠤᠰ ᠣᠷᠣᠨ ᠂ ᠨᠡᠢᠭᠡᠮ ᠨᠢᠭᠡᠴᠢ ᠂ ᠭᠡᠷ ᠪᠦᠯᠢ ᠂ ᠬᠤᠪᠢ ᠬᠥᠮᠦᠨ ᠳ᠋ᠦ᠍ ᠴᠥᠮ ᠲᠤᠢᠯ ᠤ᠋ᠨ ᠶᠡᠬᠡ ᠬᠣᠣᠷ ᠬᠥᠨᠥᠭᠡᠯᠲᠦ ᠴᠢᠨᠠᠷ ᠲᠠᠢ ᠶᠤᠮ ᠃ 《 ᠨᠣᠶᠠᠳ ᠲᠦᠰᠢᠮᠡᠳ ᠥᠪᠡᠷ ᠦ᠋ᠨ ᠪᠡᠶ᠎ᠡ ᠪᠡᠷ ᠢ᠋ᠶ᠋ᠡᠨ ᠬᠠᠤᠯᠢ ᠴᠠᠭᠠᠵᠠ ᠪᠠ ᠠᠷᠠᠳ ᠲᠦᠮᠡᠨ ᠡᠴᠡ ᠣᠯᠭᠣᠭᠰᠠᠨ ᠠᠷᠢᠭᠤᠨ ᠳᠠᠷᠬᠠᠨ ᠡᠭᠦᠷᠭᠡ ᠬᠠᠷᠢᠭᠤᠴᠠᠯᠭ᠎ᠠ ᠶ᠋ᠢ ᠡᠭᠦᠷᠭᠡᠯᠡᠵᠦ ᠂ ᠠᠷᠠᠳ ᠣᠯᠠᠨ ᠤ᠋ ᠡᠷᠬᠡ ᠠᠰᠢᠭ ᠬᠠᠤᠯᠢ ᠪᠤᠰᠤ ᠬᠠᠯᠠᠮᠵᠢ ᠳ᠋ᠤ᠌ ᠬᠠᠯᠳᠠᠪᠠᠯ ᠪᠢᠳᠡ ᠬᠠᠤᠯᠢ ᠶᠣᠰᠣᠭᠠᠷ ᠲᠠᠰᠤᠯᠤᠨ ᠂ ᠲᠥᠪ ᠭᠣᠣᠯᠴᠢ ᠰᠢᠳᠤᠷᠭᠤ ᠶᠣᠰᠣ ᠶ᠋ᠢ ᠬᠠᠮᠠᠭᠠᠯᠠᠬᠤ ᠬᠡᠷᠡᠭᠲᠡᠢ 》 ᠭᠡᠵᠦ ᠠᠷᠠᠳ ᠤ᠋ᠨ ᠰᠢᠭᠦᠬᠦ ᠬᠣᠷᠢᠶ᠎ᠠ ᠵᠢᠭᠠᠵᠤ ᠭᠠᠷᠭᠠᠪᠠ ᠃ ᠠᠵᠤ ᠠᠬᠤᠢ ᠨᠡᠢᠭᠡᠮ ᠳ᠋ᠦ᠍ ᠵᠥᠷᠢᠴᠡᠯ ᠮᠥᠷᠭᠥᠯᠳᠦᠭᠡᠨ ᠭᠠᠷᠬᠤ ᠦᠶ᠎ᠡ ᠳ᠋ᠦ᠍ ᠪᠢᠳᠡ ᠶᠡᠬᠡ ᠲᠠᠯ᠎ᠠ ᠶ᠋ᠢᠨ ᠲᠣᠭᠲᠠᠭᠤᠨ ᠢ᠋ ᠪᠠᠲᠤᠯᠠᠬᠤ ᠶ᠋ᠢ ᠭᠦᠢᠴᠡᠳ ᠪᠠᠲᠤᠯᠠᠨ᠎ᠠ ᠃ ᠠᠵᠢᠯ ᠬᠦᠨᠳᠦ ᠨᠦᠰᠡᠷ ᠰᠠᠭᠠᠳ ᠦᠭᠡᠢ ᠪᠠᠢᠭᠰᠠᠨ ᠴᠤ᠌ ᠺᠠᠲᠠᠷ ᠴᠠᠭᠳᠠᠭ᠎ᠠ ᠨᠠᠷ ᠢᠲᠡᠭᠡᠯ ᠪᠢᠰᠢᠷᠡᠯ ᠲᠡᠢ ᠪᠠᠢᠬᠤ ᠬᠡᠷᠡᠭᠲᠡᠢ᠃ ᠨᠠᠮ ᠪᠣᠯᠤᠨ ᠠᠷᠠᠳ ᠲᠦᠮᠡᠨ ᠦ᠌ ᠬᠠᠤᠯᠢ ᠴᠠᠭᠠᠵᠠ ᠶ᠋ᠢᠨ ᠠᠵᠢᠯ ᠦᠢᠯᠡᠰ ᠦ᠋ᠨ ᠳᠤᠮᠳᠠ ᠬᠣᠷᠢᠭ᠎ᠠ ᠱᠤᠭᠤᠮ ᠢ᠋ ᠡᠷᠡᠰ ᠰᠠᠬᠢᠵᠤ ᠂ ᠬᠦᠴᠢᠷ ᠪᠡᠷᠬᠡ ᠶ᠋ᠢ ᠢᠯᠠᠨ ᠳᠠᠪᠠᠵᠤ ᠂ ᠨᠡᠷ᠎ᠡ ᠬᠦᠨᠳᠦ ᠪᠡᠨ ᠬᠠᠮᠠᠭᠠᠯᠠᠬᠤ ᠬᠡᠷᠡᠭᠲᠡᠢ ᠭᠡᠵᠡᠢ ᠃
3 .ᠤᠭ ᠦᠨᠳᠦᠰᠦ ᠡᠴᠡ ᠨᠢ ᠵᠠᠰᠠᠬᠤ ᠳ᠋ᠤ᠌ ᠰᠠᠨᠠᠭ᠎ᠠ ᠪᠠᠷ ᠣᠷᠣᠬᠤ ᠦᠭᠡᠢ ᠪᠣᠯ ᠢᠯᠵᠢᠷᠡᠯ ᠠ᠋ᠴᠠ ᠰᠡᠷᠭᠡᠢᠯᠡᠬᠦ ᠳᠣᠣᠷᠠᠲᠤ ᠱᠤᠭᠤᠮ ᠢ᠋ ᠰᠢᠨ᠎ᠡ ᠪᠡᠷ ᠪᠣᠢ ᠪᠣᠯᠭᠠᠨ᠎ᠠ᠃ 《 ᠬᠣᠶᠠᠷ ᠵᠦᠢᠯ ᠢ᠋ ᠤᠶᠠᠯᠳᠤᠭᠤᠯᠬᠤ》 ᠶ᠋ᠢ ᠦᠨᠡᠨ ᠬᠦ᠌ ᠴᠢᠩᠭᠠᠳᠬᠠᠵᠤ ᠬᠠᠤᠯᠢ ᠪᠠᠷ ᠵᠠᠰᠠᠬᠤ ᠪᠠ ᠶᠣᠰᠣ ᠮᠣᠷᠠᠯ ᠢ᠋ᠶ᠋ᠠᠷ ᠵᠠᠰᠠᠬᠤ ᠶ᠋ᠢ ᠬᠠᠷᠢᠯᠴᠠᠨ ᠤᠶᠠᠯᠳᠤᠭᠤᠯᠬᠤ ᠶ᠋ᠢ ᠪᠠᠷᠢᠮᠲᠠᠯᠠᠵᠤ ᠂ᠰᠠᠬᠢᠯᠭ᠎ᠠ ᠪᠠᠲᠤ ᠶᠣᠰᠣ ᠳᠦᠷᠢᠮ ᠶ᠋ᠢ ᠪᠠᠲᠤ ᠪᠣᠯᠭᠠᠬᠤ ᠤᠬᠠᠮᠰᠠᠷ ᠪᠠ ᠬᠠᠤᠯᠢ ᠶᠣᠰᠣᠭᠠᠷ ᠬᠡᠷᠡᠭ ᠰᠢᠢᠳᠪᠦᠷᠢᠯᠡᠬᠦ ᠤᠬᠠᠮᠰᠠᠷ ᠢ᠋ ᠴᠢᠷᠮᠠᠢᠨ ᠳᠡᠭᠡᠭᠰᠢᠯᠡᠭᠦᠯᠦᠨ᠎ᠡ᠃《 ᠬᠣᠶᠠᠷ ᠵᠦᠢᠯ ᠦ᠋ᠨ ᠬᠦᠯᠢᠴᠡᠬᠦ 》 ᠶ᠋ᠢ ᠦᠨᠡᠨ ᠬᠦ᠌ ᠪᠡᠶᠡᠯᠡᠭᠦᠯᠬᠦ ᠬᠡᠷᠡᠭᠲᠡᠢ ᠂ 《 ᠫᠢᠶᠣᠣ 》 ᠂ 《 ᠴᠠᠭᠠᠷᠢᠭ 》 ᠤ᠋ᠨ ᠲᠠᠯ᠎ᠠ ᠪᠠᠷ ᠬᠠᠤᠯᠢ ᠴᠠᠭᠠᠵᠠ ᠶ᠋ᠢ ᠴᠢᠩᠭ᠎ᠠ ᠲᠣᠭᠲᠠᠭᠠᠬᠤ ᠬᠡᠷᠡᠭᠲᠡᠢ ᠃ ᠨᠢᠭᠡᠨᠲᠡ ᠪᠣᠯᠭᠣᠮᠵᠢᠲᠠᠢ ᠡᠷᠬᠡ ᠬᠡᠷᠡᠭᠯᠡᠬᠦ ᠂ ᠪᠣᠯᠭᠣᠮᠵᠢᠲᠠᠢ ᠪᠠᠢᠬᠤ ᠂ ᠳᠣᠲᠣᠨᠣ ᠨᠠᠢᠵᠠᠯᠠᠬᠤ ᠬᠡᠷᠡᠭᠲᠡᠢ ᠃《 ᠭᠤᠷᠪᠠᠨ ᠵᠦᠢᠯ ᠦ᠋ᠨ ᠰᠡᠷᠭᠡᠢᠯᠡᠯᠲᠡ 》 ᠶ᠋ᠢ ᠦᠨᠡᠨ ᠬᠦ᠌ ᠪᠠᠷᠢᠮᠲᠠᠯᠠᠵᠤ ᠂ ᠴᠥᠭᠡᠨ ᠲᠣᠭᠠᠨ ᠤ᠋ ᠣᠨᠳᠣᠣ ᠰᠠᠨᠠᠭ᠎ᠠ ᠲᠠᠢ ᠬᠥᠮᠦᠰ ᠲᠦ᠍ ᠠᠰᠢᠭᠯᠠᠭᠳᠠᠵᠤ ᠂ 《 ᠪᠡᠬᠢᠯᠡᠯᠲᠡ 》 ᠶ᠋ᠢᠨ ᠳᠣᠲᠣᠷ᠎ᠠ ᠠ᠋ᠴᠠ ᠳᠡᠯᠪᠡᠴᠢᠭᠳᠡᠨ ᠡᠪᠳᠡᠭᠳᠡᠬᠦ ᠶ᠋ᠢ ᠰᠡᠷᠭᠡᠢᠯᠡᠵᠦ ᠂ ᠮᠢᠩᠭᠠᠨ ᠭᠠᠵᠠᠷ ᠤ᠋ᠨ ᠬᠠᠰᠢᠯᠭ᠎ᠠ ᠰᠢᠷᠭᠤᠯᠵᠢ ᠶ᠋ᠢᠨ ᠨᠦᠬᠡᠨ ᠳ᠋ᠦ᠍ ᠨᠤᠷᠠᠬᠤ ᠠ᠋ᠴᠠ ᠰᠡᠷᠭᠡᠢᠯᠡᠬᠦ ᠬᠡᠷᠡᠭᠲᠡᠢ᠃ ᠰᠢᠭᠦᠬᠦ ᠬᠣᠷᠢᠶᠠᠨ ᠤ᠋ 《 ᠬᠣᠶᠠᠷ ᠵᠦᠢᠯ ᠦ᠋ᠨ ᠬᠠᠷᠢᠭᠤᠴᠠᠯᠭ᠎ᠠ 》 ᠶ᠋ᠢ ᠦᠨᠡᠨ ᠬᠦ᠌ ᠪᠠᠲᠤ ᠴᠡᠭᠡᠵᠢᠯᠡᠵᠦ ᠪᠠᠢᠬᠤ ᠬᠡᠷᠡᠭᠲᠡᠢ ᠃ ᠨᠢᠭᠡ ᠲᠠᠯ᠎ᠠ ᠪᠠᠷ᠂ ᠠᠷᠠᠳ ᠤ᠋ᠨ ᠠᠯᠪᠠᠨ ᠵᠠᠷᠤᠴᠠ ᠂ ᠰᠢᠭᠦᠬᠦ ᠬᠣᠷᠢᠶᠠᠨ ᠤ᠋ ᠺᠠᠲᠠᠷ ᠴᠠᠭᠳᠠᠭ᠎ᠠ ᠬᠠᠤᠯᠢ ᠴᠠᠭᠠᠵᠠ ᠶ᠋ᠢᠨ ᠬᠠᠷᠢᠭᠤᠴᠠᠯᠭ᠎ᠠ ᠶ᠋ᠢ ᠡᠭᠦᠷᠭᠡᠯᠡᠵᠦ ᠂ ᠨᠥᠭᠦᠭᠡ ᠲᠠᠯ᠎ᠠ ᠪᠠᠷ᠂ ᠠᠪᠤ ᠂ ᠡᠵᠢ ᠂ ᠡᠷ᠎ᠡ ᠨᠥᠬᠥᠷ ᠂ ᠡᠬᠡᠨᠡᠷ ᠂ ᠬᠦᠦ ᠂ ᠥᠬᠢᠨ ᠨᠢ ᠭᠡᠷ ᠪᠦᠯᠢ ᠶ᠋ᠢᠨ ᠬᠠᠷᠢᠭᠤᠴᠠᠯᠭ᠎ᠠ ᠶ᠋ᠢ ᠡᠭᠦᠷᠭᠡᠯᠡᠵᠦ ᠪᠠᠢᠨ᠎ᠠ ᠃ ᠺᠠᠲᠠᠷ ᠴᠠᠭᠳᠠᠭ᠎ᠠ ᠨᠠᠷ ᠪᠦᠬᠦ ᠰᠡᠳᠬᠢᠯ ᠪᠦᠬᠦ ᠵᠣᠷᠢᠭ ᠢ᠋ᠶ᠋ᠠᠷ ᠢ᠋ᠶ᠋ᠠᠨ ᠠᠷᠠᠳ ᠲᠦᠮᠡᠨ ᠳ᠋ᠦ᠍ ᠦᠢᠯᠡᠴᠢᠯᠡᠬᠦ ᠶ᠋ᠢᠨ ᠬᠠᠮᠲᠤ ᠲᠥᠷᠥᠯ ᠰᠠᠳᠤᠨ ᠤ᠋ ᠪᠠᠨ ᠭᠦᠢᠴᠡᠳᠬᠡᠪᠡᠰᠦ ᠵᠣᠬᠢᠬᠤ ᠭᠡᠷ ᠪᠦᠯᠢ ᠶ᠋ᠢᠨ ᠬᠠᠷᠢᠭᠤᠴᠠᠯᠭ᠎ᠠ ᠪᠠᠨ ᠭᠦᠢᠴᠡᠳᠬᠡᠬᠦ ᠬᠡᠷᠡᠭᠲᠡᠢ᠃
ᠬᠤᠷᠠᠯ ᠨᠢ ᠸᠢᠳᠢᠤ᠋ ᠬᠡᠯᠪᠡᠷᠢ ᠪᠡᠷ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠪᠠᠷ ᠭᠣᠣᠯ ᠬᠤᠷᠠᠯ ᠤ᠋ᠨ ᠲᠠᠯᠠᠪᠤᠷ ᠪᠣᠯᠭᠠᠨ ᠂ ᠡᠯ᠎ᠡ ᠬᠣᠰᠢᠭᠤ ᠲᠣᠭᠣᠷᠢᠭ ᠤ᠋ᠨ ᠰᠢᠭᠦᠬᠦ ᠬᠣᠷᠢᠶ᠎ᠠ ᠨᠢ ᠬᠤᠪᠢᠶᠠᠷᠢ ᠬᠤᠷᠠᠯ ᠤ᠋ᠨ ᠲᠠᠯᠠᠪᠠᠢ ᠭᠠᠷᠭᠠᠵᠤ ᠂ ᠡᠯ᠎ᠡ ᠬᠣᠰᠢᠭᠤ ᠲᠣᠭᠣᠷᠢᠭ ᠤ᠋ᠨ ᠰᠢᠭᠦᠬᠦ ᠬᠣᠷᠢᠶᠠᠨ ᠤ᠋ ᠤᠳᠤᠷᠢᠳᠬᠤ ᠪᠠᠭ ᠵᠢᠴᠢ ᠪᠦᠬᠦ ᠺᠠᠲᠠᠷ ᠴᠠᠭᠳᠠᠭ᠎ᠠ ᠨᠠᠷ ᠬᠤᠷᠠᠯ ᠳ᠋ᠤ᠌ ᠣᠷᠤᠯᠴᠠᠭᠰᠠᠨ ᠪᠠᠢᠨ᠎ᠠ᠃
ᠦᠨᠡᠯᠡᠬᠦ 0ᠦᠨᠡᠯᠡᠯᠲᠡ ᠲᠠᠢ