ᠡᠣᠯᠣᠰ ᠤ᠋ᠨ ᠥᠮᠴᠢᠯᠡᠯ ᠤ᠋ᠨ ᠡᠳ᠋ ᠬᠥᠷᠥᠩᠭᠡ ᠶ᠋ᠢ ᠡᠵᠡᠯᠡᠨ ᠬᠡᠷᠡᠭᠯᠡᠭᠰᠡᠨ ᠪᠠᠢᠳᠠᠯ ᠤ᠋ᠨ ᠲᠣᠳᠣᠷᠬᠠᠢᠯᠠᠯᠲᠠ ᠄
2018 ᠣᠨ ᠤ᠋ 12 ᠰᠠᠷ᠎ᠠ ᠶ᠋ᠢᠨ 31 ᠦ᠌ ᠡᠳᠦᠷ ᠪᠣᠯᠲᠠᠯ᠎ᠠ ᠂ ᠲᠤᠰ ᠰᠠᠯᠠᠭ᠎ᠠ ᠮᠥᠴᠢᠷ ᠲᠦ᠍ ᠨᠡᠢᠲᠡ 37 ᠲᠡᠷᠭᠡ ᠪᠠᠢᠵᠤ ᠂ ᠡᠭᠦᠨ ᠳ᠋ᠦ᠍ ᠬᠠᠤᠯᠢ ᠬᠡᠷᠡᠭᠵᠢᠭᠦᠯᠬᠦ ᠡᠭᠦᠷᠭᠡ ᠭᠦᠢᠴᠡᠳᠭᠡᠬᠦ ᠲᠡᠷᠭᠡ 18 ᠪᠠᠢᠵᠤ ᠂ ᠭᠣᠣᠯᠳᠠᠭᠤ ᠄ ᠠᠵᠢᠯ ᠢ᠋ᠶ᠋ᠠᠷ ᠭᠠᠳᠠᠭᠰᠢ ᠭᠠᠷᠴᠤ ᠬᠡᠷᠡᠭ ᠰᠢᠢᠳᠪᠦᠷᠢᠯᠡᠬᠦ ᠵᠡᠷᠭᠡ ᠳ᠋ᠦ᠍ ᠬᠡᠷᠡᠭᠯᠡᠨ᠎ᠡ ︔ ᠣᠨᠴᠠ ᠲᠥᠷᠥᠯ ᠦ᠋ᠨ ᠲᠤᠰᠭᠠᠢ ᠮᠡᠷᠭᠡᠵᠢᠯ ᠦ᠋ᠨ ᠮᠠᠰᠢᠨ 19 ᠂ ᠭᠣᠣᠯᠳᠠᠭᠤ ᠄ ᠴᠢᠬᠤᠯᠠ ᠪᠢᠴᠢᠭ᠌ ᠮᠠᠲ᠋ᠸᠷᠢᠶᠠᠯ ᠢ᠋ ᠳᠠᠮᠵᠢᠭᠤᠯᠤᠨ ᠬᠦᠷᠭᠡᠬᠦ᠂ ᠶᠠᠯᠠᠲᠠᠨ ᠢ᠋ ᠳᠠᠷᠤᠵᠤ ᠬᠦᠷᠭᠡᠬᠦ ᠵᠡᠷᠭᠡ ᠳ᠋ᠦ᠍ ᠬᠡᠷᠡᠭᠯᠡᠨ᠎ᠡ ᠃ ᠨᠢᠭᠡᠴᠢ ᠥᠷᠲᠡᠭ ᠨᠢ 50 ᠲᠦᠮᠡᠨ ᠲᠥᠭᠥᠷᠢᠭ ᠡᠴᠡ ᠳᠡᠭᠡᠭᠰᠢᠬᠢ ᠨᠡᠢᠳᠡᠮ ᠬᠡᠷᠡᠭᠯᠡᠬᠦ ᠲᠥᠭᠦᠭᠡᠷᠦᠮᠵᠢ 1 ᠰᠠᠭᠤᠷᠢ ( ᠢᠵᠢ ) ᠪᠠᠢᠵᠤ ᠂ ᠭᠣᠣᠯᠳᠠᠭᠤ ᠥᠨᠳᠦᠷ ᠬᠤᠷᠳᠤᠴᠠᠲᠤ ᠨᠢᠭᠡ ᠴᠤᠭᠴᠠᠵᠢᠭᠤᠯᠤᠭᠰᠠᠨ ᠬᠡᠪᠯᠡᠯ ᠦᠭᠡᠢ ᠳ᠋ᠢᠵᠢᠲ᠋ᠧᠯ ᠪᠤᠳᠤᠭᠲᠤ ᠳᠠᠷᠤᠮᠠᠯ ᠲᠤᠰᠤᠨ ᠤ᠋ ᠰᠢᠰᠲ᠋ᠸᠮ ᠬᠤᠳᠠᠯᠳᠤᠨ ᠠᠪᠬᠤ ᠳ᠋ᠤ ᠬᠡᠷᠡᠭᠯᠡᠨ᠎ᠡ ᠂ 2017 ᠡᠣᠠ ᠠ᠋ᠴᠠ 0 ᠂ 00 ᠰᠠᠭᠤᠷᠢ ( ᠢᠵᠢ ) ᠨᠡᠮᠡᠭᠳᠡᠵᠡᠢ︔ ᠨᠢᠭᠡᠴᠢ ᠥᠷᠲᠡᠭ ᠨᠢ 100 ᠲᠦᠮᠡᠨ ᠲᠥᠭᠥᠷᠢᠭ ᠡᠴᠡ ᠳᠡᠭᠡᠭᠰᠢᠬᠢ ᠲᠤᠰᠭᠠᠢ ᠬᠡᠷᠡᠭᠯᠡᠭᠡᠨ ᠦ᠌ ᠲᠥᠬᠥᠭᠡᠷᠦᠮᠵᠢ 0 ᠰᠠᠭᠤᠷᠢ ( ᠢᠵᠢ ) ᠪᠠᠢᠵᠤ ᠂ 2017 ᠣᠨ ᠤ᠋ ᠬᠢ ᠡᠴᠡ 1. 00 ᠰᠠᠭᠤᠷᠢ ( ᠢᠵᠢ ) ᠬᠠᠰᠤᠭᠳᠠᠵᠤ ᠂ ᠭᠣᠣᠯ ᠰᠢᠯᠲᠠᠭᠠᠨ ᠨᠢ 2017 ᠣᠨ ᠳ᠋ᠤ᠌ 115 ᠲᠦᠮᠡᠨ ᠲᠥᠭᠥᠷᠢᠭ ᠦ᠋ᠨ ᠳᠠᠯᠳᠠ ᠬᠥᠷᠥᠩᠭᠡ ᠶ᠋ᠢ ᠲᠤᠰᠭᠠᠢ ᠪᠡᠯᠡᠳᠭᠡᠯ ᠲᠥᠬᠥᠭᠡᠷᠦᠮᠵᠢ ᠳ᠋ᠦ᠍ ᠪᠣᠳᠣᠵᠤ ᠣᠷᠤᠭᠤᠯᠤᠨ᠂ 2018 ᠣᠨ ᠳ᠋ᠤ᠌ ᠲᠣᠬᠢᠷᠠᠭᠤᠯᠤᠨ ᠬᠠᠰᠤᠵᠠᠢ ᠃
ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ
2020 ᠣᠨ ᠤ᠋ 5 ᠰᠠᠷ᠎ᠠ ᠶ᠋ᠢᠨ 9 ᠦ᠌ ᠡᠳᠦᠷ
ᠦᠨᠡᠯᠡᠬᠦ 0ᠦᠨᠡᠯᠡᠯᠲᠡ ᠲᠠᠢ