2 ᠰᠠᠷ᠎ᠠ ᠶ᠋ᠢᠨ 11 ᠦ᠌ ᠡᠳᠦᠷ ᠦ᠋ᠨ ᠦᠳᠡ ᠶ᠋ᠢᠨ ᠡᠮᠦᠨ᠎ᠡ ᠂ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠂ ᠬᠣᠷᠢᠶᠠᠨ ᠣᠷᠣᠯᠠᠭᠴᠢ ᠳᠠᠷᠤᠭ᠎ᠠ ᠰᠦ᠍ ᠯᠢ ᠵᠢᠶᠦ᠋ᠨ ᠂ ᠨᠠᠮ ᠤ᠋ᠨ ᠤᠳᠤᠷᠢᠳᠬᠤ ᠳᠤᠭᠤᠢᠯᠠᠩ ᠤ᠋ᠨ ᠪᠦᠷᠢᠯᠳᠦᠬᠦᠨ ᠂ ᠳᠡᠳ᠋ ᠳᠠᠷᠤᠭ᠎ᠠ ᠹᠠᠨ ᠶᠧᠦ ᠹᠠ ᠂ ᠠᠯᠪᠠᠨ ᠭᠡᠷ ᠦ᠋ᠨ ᠡᠷᠬᠢᠯᠡᠭᠴᠢ ᠲᠤᠶᠠᠭ᠎ᠠ ᠵᠡᠷᠭᠡ 4 ᠬᠥᠮᠦᠨ ᠳᠠᠯᠠᠳ ᠬᠣᠰᠢᠭᠤᠨ ᠤ᠋ ᠠᠷᠠᠳ ᠤ᠋ᠨ ᠰᠢᠭᠦᠬᠦ ᠬᠣᠷᠢᠶᠠᠨ ᠳ᠋ᠤ᠌ ᠬᠦᠷᠴᠦ ᠂ ᠬᠢᠵᠢᠭ᠌ ᠢ᠋ ᠰᠡᠷᠭᠡᠢᠯᠡᠨ ᠬᠢᠵᠠᠭᠠᠷᠯᠠᠬᠤ ᠠᠵᠢᠯ ᠤ᠋ᠨ ᠲᠤᠬᠠᠢ ᠬᠢᠨᠠᠨ ᠵᠢᠯᠣᠭᠣᠳᠬᠤ ᠪᠠᠢᠴᠠᠭᠠᠯᠲᠠ ᠥᠷᠨᠢᠭᠦᠯᠵᠦ ᠂ ᠳᠠᠯᠠᠳ ᠬᠣᠰᠢᠭᠤᠨ ᠤ᠋ ᠠᠷᠠᠳ ᠤ᠋ᠨ ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠂ ᠬᠣᠷᠢᠶᠠᠨ ᠳᠠᠷᠤᠭ᠎ᠠ ᠶᠠᠩ ᠴᠦᠨ ᠶᠠᠨ ᠪᠠᠷ᠎ᠠ ᠪᠣᠯᠤᠭᠰᠠᠨ ᠪᠠᠢᠨ᠎ᠠ ᠃
ᠰᠢᠭᠦᠬᠦ ᠬᠣᠷᠢᠶᠠᠨ ᠤ᠋ ᠠᠯᠪᠠᠨ ᠠᠰᠠᠷ ᠲᠤ᠌ ᠂ ᠰᠦ᠍ ᠯᠢ ᠵᠢᠶᠦ᠋ᠨ ᠵᠠᠷᠭᠤ ᠶ᠋ᠢᠨ ᠦᠢᠯᠡᠴᠢᠯᠡᠭᠡᠨ ᠦ᠌ ᠲᠥᠪ ᠂ ᠭᠦᠢᠴᠡᠳᠭᠡᠬᠦ ᠶ᠋ᠢ ᠵᠢᠯᠣᠭᠣᠳᠬᠤ ᠲᠥᠪ ᠂ ᠠᠯᠪᠠᠨ ᠪᠠᠢᠭᠤᠯᠭ᠎ᠠ ᠶ᠋ᠢᠨ ᠺᠠᠲᠷ ᠴᠠᠭᠳᠠᠭ᠎ᠠ ᠶ᠋ᠢᠨ ᠠᠯᠪᠠᠨ ᠭᠡᠷ ᠵᠡᠷᠭᠡ ᠣᠷᠣᠨ ᠪᠦᠰᠡ ᠶ᠋ᠢᠨ ᠬᠢᠵᠢᠭ᠌ ᠢ᠋ ᠰᠡᠷᠭᠡᠢᠯᠡᠬᠦ ᠪᠠᠢᠳᠠᠯ ᠢ᠋ ᠪᠠᠢᠴᠠᠭᠠᠨ ᠪᠠᠢᠴᠠᠭᠠᠭᠰᠠᠨ ᠤ᠋ ᠬᠠᠮᠲᠤ ᠂ ᠳᠠᠯᠠᠳ ᠬᠣᠰᠢᠭᠤᠨ ᠤ᠋ ᠰᠢᠭᠦᠬᠦ ᠬᠣᠷᠢᠶᠠᠨ ᠤ᠋ ᠬᠢᠵᠢᠭ᠌ ᠢ᠋ ᠰᠡᠷᠭᠡᠢᠯᠡᠨ ᠬᠢᠵᠠᠭᠠᠷᠯᠠᠬᠤ ᠠᠷᠭ᠎ᠠ ᠬᠡᠮᠵᠢᠶ᠎ᠡ ᠂ ᠵᠢᠵᠢᠭᠦᠷᠯᠡᠨ ᠰᠠᠬᠢᠬᠤ ᠂ ᠪᠡᠶ᠎ᠡ ᠶ᠋ᠢᠨ ᠳᠤᠯᠠᠭᠠᠨ ᠢ᠋ ᠬᠢᠨᠠᠨ ᠬᠡᠮᠵᠢᠬᠦ ᠴᠡᠭ ᠂ ᠠᠵᠢᠯᠲᠠᠨ ᠢ᠋ ᠰᠡᠷᠭᠡᠢᠯᠡᠨ ᠬᠠᠮᠠᠭᠠᠯᠠᠬᠤ ᠂ ᠬᠡᠷᠡᠭ ᠳᠠᠩᠰᠠᠯᠠᠬᠤ ᠵᠢᠴᠢ ᠬᠢᠨᠠᠨ ᠭᠦᠢᠴᠡᠳᠭᠡᠬᠦ ᠠᠵᠢᠯ ᠢ᠋ ᠥᠷᠨᠢᠭᠦᠯᠬᠦ ᠵᠡᠷᠭᠡ ᠠᠯᠢ ᠣᠯᠠᠨ ᠪᠠᠢᠳᠠᠯ ᠢ᠋ ᠠᠰᠠᠭᠤᠨ ᠯᠠᠪᠯᠠᠪᠠ ᠃
ᠬᠢᠨᠠᠨ ᠪᠠᠢᠴᠠᠭᠠᠬᠤ ᠶᠠᠪᠤᠴᠠ ᠳ᠋ᠤ᠌ ᠂ ᠰᠦ᠍ ᠯᠢ ᠵᠢᠶᠦ᠋ᠨ ᠳᠠᠯᠠᠳ ᠬᠣᠰᠢᠭᠤᠨ ᠤ᠋ ᠰᠢᠭᠦᠬᠦ ᠬᠣᠷᠢᠶᠠᠨ ᠤ᠋ ᠬᠢᠵᠢᠭ᠌ ᠦ᠋ᠨ ᠪᠠᠢᠳᠠᠯ ᠢ᠋ ᠰᠡᠷᠭᠡᠢᠯᠡᠨ ᠡᠵᠡᠮᠳᠡᠬᠦ ᠠᠵᠢᠯ ᠤ᠋ᠨ ᠪᠠᠢᠷᠢᠯᠠᠭᠤᠯᠤᠯᠲᠠ ᠂ ᠠᠬᠢᠴᠠ ᠂ ᠡᠳ᠋ ᠪᠠᠷᠠᠭ᠎ᠠ ᠶ᠋ᠢᠨ ᠪᠠᠲᠤᠯᠠᠭ᠎ᠠ ᠂ ᠠᠵᠢᠯᠲᠠᠨ ᠤ᠋ ᠡᠭᠡᠯᠵᠢ ᠵᠢᠭᠰᠠᠭᠠᠬᠤ ᠵᠡᠷᠭᠡ ᠠᠵᠢᠯ ᠢ᠋ ᠥᠷᠨᠢᠭᠦᠯᠦᠭᠰᠡᠨ ᠪᠠᠢᠳᠠᠯ ᠢ᠋ ᠰᠣᠨᠣᠰᠤᠨ ᠂ ᠬᠢᠵᠢᠭ᠌ ᠦ᠋ᠨ ᠪᠠᠢᠳᠠᠯ ᠤ᠋ᠨ ᠬᠤᠭᠤᠴᠠᠭᠠᠨ ᠳ᠋ᠤ᠌ ᠬᠣᠰᠢᠭᠤᠨ ᠤ᠋ ᠰᠢᠭᠦᠬᠦ ᠬᠣᠷᠢᠶᠠᠨ ᠳ᠋ᠤ᠌ ᠬᠦᠷᠴᠦ ᠲᠣᠭᠲᠠᠭᠠᠭᠰᠠᠨ ᠠᠵᠢᠯ ᠤ᠋ᠨ ᠲᠥᠰᠦᠯ ᠂ ᠠᠵᠢᠯ ᠤ᠋ᠨ ᠳᠦᠷᠢᠮ ᠢ᠋ ᠪᠠᠢᠴᠠᠭᠠᠨ ᠦᠵᠡᠵᠦ ᠂ ᠬᠣᠰᠢᠭᠤᠨ ᠤ᠋ ᠰᠢᠭᠦᠬᠦ ᠬᠣᠷᠢᠶᠠᠨ ᠳ᠋ᠤ᠌ ᠢᠳᠡᠪᠬᠢᠲᠡᠢ ᠪᠥᠭᠡᠳ ᠰᠠᠨᠠᠭᠠᠴᠢᠯᠠᠭ᠎ᠠ ᠠ᠋ᠴᠠ ᠪᠠᠨ ᠬᠢᠵᠦ ᠂ ᠳᠡᠭᠡᠷ᠎ᠡ ᠱᠠᠲᠤᠨ ᠤ᠋ ᠬᠢᠵᠢᠭ᠌ ᠢ᠋ ᠰᠡᠷᠭᠡᠢᠯᠡᠨ ᠬᠢᠵᠠᠭᠠᠷᠯᠠᠬᠤ ᠠᠵᠢᠯ ᠢ᠋ ᠨᠠᠷᠢᠨ ᠬᠢᠨᠠᠮᠠᠭᠠᠢ ᠲᠤᠤᠱᠯᠠᠭᠤᠯᠤᠨ ᠨᠠᠢᠳᠠᠪᠤᠷᠢᠵᠢᠭᠤᠯᠪᠠ ᠃ ᠰᠦ᠍ ᠯᠢ ᠵᠢᠶᠦ᠋ᠨ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠤ᠋ ᠨᠠᠮ ᠤ᠋ᠨ ᠳᠤᠭᠤᠢᠯᠠᠩ ᠢ᠋ ᠲᠥᠯᠦᠭᠡᠯᠡᠨ ᠳᠠᠯᠠᠳ ᠬᠣᠰᠢᠭᠤᠨ ᠤ᠋ ᠰᠢᠭᠦᠬᠦ ᠬᠣᠷᠢᠶ᠎ᠠ ᠳ᠋ᠤ᠌ 200 ᠬᠠᠮᠠᠭᠠᠯᠠᠬᠤ ᠠᠮᠠᠪᠴᠢ ᠬᠦᠷᠭᠡᠵᠡᠢ ᠃
ᠳᠠᠷᠠᠭ᠎ᠠ ᠨᠢ ᠂ ᠰᠦ᠍ ᠯᠢ ᠵᠢᠶᠦ᠋ᠨ ᠨᠢᠭᠡ ᠪᠦᠯᠬᠦᠮ ᠳᠠᠯᠠᠳ ᠬᠣᠰᠢᠭᠤᠨ ᠤ᠋ ᠰᠢᠭᠦᠬᠦ ᠬᠣᠷᠢᠶ᠎ᠠ ᠶ᠋ᠢᠨ ᠺᠠᠲᠷ ᠴᠠᠭᠳᠠᠭ᠎ᠠ ᠶ᠋ᠢᠨ ᠵᠢᠵᠢᠭᠦᠷᠯᠡᠵᠦ ᠪᠠᠢᠭ᠎ᠠ ᠳ᠋ᠦᠩ ᠶᠤᠸᠠᠨ ᠨᠡᠢᠭᠡᠮ ᠲᠣᠭᠣᠷᠢᠭ ᠂ ᠰᠢᠨ ᠶᠤᠸᠠᠨ ᠨᠡᠢᠭᠡᠮ ᠲᠣᠭᠣᠷᠢᠭ ᠂ ᠲᠡᠢ ᠰᠢᠩ ᠨᠡᠢᠭᠡᠮ ᠲᠣᠭᠣᠷᠢᠭ ᠵᠡᠷᠭᠡ ᠭᠤᠷᠪᠠᠨ ᠨᠢᠭᠡᠳᠦᠭᠡᠷ ᠹᠷᠣᠨᠲ ᠤ᠋ᠨ ᠬᠢᠵᠢᠭ᠌ ᠦ᠋ᠨ ᠪᠠᠢᠳᠠᠯ ᠢ᠋ ᠰᠡᠷᠭᠡᠢᠯᠡᠨ ᠡᠵᠡᠮᠳᠡᠬᠦ ᠴᠡᠭ ᠢ᠋ ᠰᠤᠷᠪᠤᠯᠵᠢᠯᠠᠭᠰᠠᠨ ᠤ᠋ ᠬᠠᠮᠲᠤ ᠬᠢᠵᠢᠭ᠌ ᠰᠡᠷᠭᠡᠢᠯᠡᠬᠦ ᠨᠢᠭᠡᠳᠦᠭᠡᠷ ᠹᠷᠣᠨᠲ ᠲᠤ᠌ ᠪᠠᠢᠯᠳᠤᠵᠤ ᠪᠠᠢᠭ᠎ᠠ ᠳᠠᠯᠠᠳ ᠬᠣᠰᠢᠭᠤᠨ ᠤ᠋ ᠰᠢᠭᠦᠬᠦ ᠬᠣᠷᠢᠶ᠎ᠠ ᠶ᠋ᠢᠨ ᠺᠠᠲᠷ ᠴᠠᠭᠳᠠᠭ᠎ᠠ ᠶ᠋ᠢ ᠳᠣᠲᠣᠨᠣ ᠪᠠᠷ ᠲᠣᠬᠣᠨᠢᠭᠤᠯᠵᠤ ᠂ ᠵᠢᠵᠢᠭᠦᠷᠯᠡᠭᠴᠢ ᠺᠠᠲᠷ ᠴᠠᠭᠳᠠᠭ᠎ᠠ ᠨᠠᠷ ᠰᠡᠷᠭᠡᠢᠯᠡᠯᠲᠡ ᠪᠡᠨ ᠦᠨᠡᠨ ᠬᠦ᠌ ᠰᠠᠢᠲᠤᠷ ᠭᠦᠢᠴᠡᠳᠭᠡᠵᠦ ᠂ ᠣᠷᠣᠨ ᠨᠤᠲᠤᠭ ᠤ᠋ᠨ ᠨᠠᠮ ᠵᠠᠰᠠᠭ ᠤ᠋ᠨ ᠣᠷᠳᠤᠨ ᠯᠤᠭ᠎ᠠ ᠢᠳᠡᠪᠬᠢᠲᠡᠢ ᠬᠠᠮᠵᠢᠯᠴᠠᠬᠤ ᠬᠡᠷᠡᠭᠲᠡᠢ ᠭᠡᠵᠦ ᠵᠠᠬᠢᠵᠠᠢ ᠃
ᠰᠦ᠍ ᠯᠢ ᠵᠢᠶᠦ᠋ᠨ ᠴᠢᠬᠤᠯᠠᠴᠢᠯᠠᠭᠰᠠᠨ ᠨᠢ ᠂ ᠪᠦᠬᠦ ᠺᠠᠲᠷ ᠴᠠᠭᠳᠠᠭ᠎ᠠ ᠡᠷᠬᠡᠪᠰᠢ ᠤᠯᠤᠰ ᠲᠥᠷᠥ ᠶ᠋ᠢᠨ ᠵᠣᠭᠰᠣᠴᠠ ᠪᠠᠨ ᠤᠯᠠᠮ ᠨᠢᠭᠡ ᠠᠯᠬᠤᠮ ᠳᠡᠭᠡᠭᠰᠢᠯᠡᠭᠦᠯᠵᠦ ᠂ ᠬᠢᠵᠢᠭ᠌ ᠦ᠋ᠨ ᠪᠠᠢᠳᠠᠯ ᠢ᠋ ᠰᠡᠷᠭᠡᠢᠯᠡᠨ ᠡᠵᠡᠮᠳᠡᠬᠦ ᠠᠵᠢᠯ ᠢ᠋ ᠦᠷᠭᠦᠯᠵᠢᠯᠡᠨ ᠳᠡᠭᠡᠳᠦ ᠬᠡᠮᠵᠢᠶ᠎ᠡ ᠪᠡᠷ ᠴᠢᠬᠤᠯᠠᠴᠢᠯᠠᠵᠤ ᠂ ᠦᠨᠳᠦᠰᠦᠨ ᠱᠠᠲᠤᠨ ᠤ᠋ ᠨᠠᠮ ᠤ᠋ᠨ ᠵᠣᠬᠢᠶᠠᠨ ᠪᠠᠢᠭᠤᠯᠤᠯᠲᠠ ᠶ᠋ᠢᠨ ᠳᠠᠢᠴᠢᠨ ᠪᠡᠬᠢᠯᠡᠯᠲᠡ ᠶ᠋ᠢᠨ ᠦᠢᠯᠡᠳᠦᠯ ᠪᠠ ᠡᠪ ᠬᠠᠮᠲᠤ ᠨᠠᠮ ᠤ᠋ᠨ ᠭᠡᠰᠢᠭᠦᠨ ᠦ᠌ ᠬᠣᠰᠢᠭᠤᠴᠢ ᠵᠢᠰᠢᠶᠡᠴᠢ ᠢ᠋ᠢᠨ ᠦᠢᠯᠡᠳᠦᠯ ᠢ᠋ ᠰᠠᠢᠲᠤᠷ ᠪᠠᠳᠠᠷᠠᠭᠤᠯᠵᠤ ᠂ ᠰᠢᠭᠦᠬᠦ ᠬᠣᠷᠢᠶᠠᠨ ᠤ᠋ ᠲᠤᠰ ᠪᠡᠶ᠎ᠡ ᠶ᠋ᠢᠨ ᠬᠢᠵᠢᠭ᠌ ᠦ᠋ᠨ ᠪᠠᠢᠳᠠᠯ ᠢ᠋ ᠰᠡᠷᠭᠡᠢᠯᠡᠨ ᠡᠵᠡᠮᠳᠡᠬᠦ ᠠᠵᠢᠯ ᠢ᠋ ᠨᠠᠷᠢᠨ ᠨᠢᠮᠪᠠᠢ ᠬᠢᠵᠦ ᠂ ᠰᠢᠨᠵᠢᠯᠡᠬᠦ ᠤᠬᠠᠭᠠᠨᠴᠢ ᠤᠬᠠᠭᠤᠯᠭ᠎ᠠ ᠪᠠ ᠶᠠᠷᠢᠶ᠎ᠠ ᠬᠡᠯᠡᠯᠴᠡᠭᠡᠨ ᠦ᠌ ᠵᠢᠯᠣᠭᠣᠳᠤᠯᠭ᠎ᠠ ᠶ᠋ᠢ ᠴᠢᠩᠭᠠᠳᠭᠠᠵᠤ ᠂ ᠬᠢᠵᠢᠭ᠌ ᠤ᠋ᠨ ᠪᠠᠢᠳᠠᠯ ᠢ᠋ ᠰᠡᠷᠭᠡᠢᠯᠡᠨ ᠬᠣᠷᠢᠭᠯᠠᠬᠤ ᠳ᠋ᠤ᠌ ᠡᠷᠡᠰ ᠴᠣᠬᠢᠯᠲᠠ ᠥᠭᠬᠦ ᠬᠡᠷᠡᠭᠲᠡᠢ ᠭᠡᠵᠡᠢ ᠃
ᠦᠨᠡᠯᠡᠬᠦ 0ᠦᠨᠡᠯᠡᠯᠲᠡ᠎ᠲᠠᠢ