3 ᠰᠠᠷ᠎ᠠ ᠶ᠋ᠢᠨ 6 ᠤ᠋ ᠡᠳᠦᠷ ᠂ ᠥᠪᠡᠷᠲᠡᠭᠡᠨ ᠵᠠᠰᠠᠬᠤ ᠣᠷᠣᠨ ᠤ᠋ ᠥᠨᠳᠥᠷ ᠵᠡᠷᠭᠡ ᠶ᠋ᠢᠨ ᠰᠢᠭᠦᠬᠦ ᠬᠣᠷᠢᠶᠠᠨ ᠤ᠋ ᠪᠠᠢᠴᠠᠭᠠᠨ ᠰᠤᠳᠤᠯᠬᠤ ᠳᠤᠭᠤᠢᠯᠠᠩ ᠤ᠋ᠨ ᠯᠢᠶᠠᠩ ᠵᠢᠶᠠᠨ ᠦ᠋ ᠨᠠᠷ ᠣᠷᠳᠣᠰ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶᠠᠨ ᠳ᠋ᠤ᠌ ᠬᠦᠷᠴᠦ ᠠᠵᠤ ᠠᠬᠤᠢᠯᠠᠯ ᠤ᠋ᠨ ᠳᠠᠮᠫᠤᠷᠠᠯ ᠤ᠋ᠨ ᠬᠡᠷᠡᠭ ᠢ᠋ ᠰᠢᠭᠦᠨ ᠰᠢᠢᠳᠪᠦᠷᠢᠯᠡᠬᠦ ᠠᠵᠢᠯ ᠤ᠋ᠨ ᠪᠠᠢᠳᠠᠯ ᠢ᠋ ᠪᠠᠢᠴᠠᠭᠠᠨ ᠰᠤᠳᠤᠯᠬᠤ ᠶ᠋ᠢᠨ ᠬᠠᠮᠲᠤ ᠶᠠᠷᠢᠯᠴᠠᠬᠤ ᠬᠤᠷᠠᠯ ᠬᠢᠪᠡ ᠃ ᠬᠣᠲᠠ ᠶ᠋ᠢᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠶ᠋ᠢᠨ ᠨᠠᠮ ᠤ᠋ᠨ ᠤᠳᠤᠷᠢᠳᠬᠤ ᠳᠤᠭᠤᠢᠯᠠᠩ ᠤ᠋ᠨ ᠱᠦᠵᠢ ᠂ ᠬᠣᠷᠢᠶᠠᠨ ᠤ᠋ ᠣᠷᠣᠯᠠᠭᠴᠢ ᠳᠠᠷᠤᠭ᠎ᠠ ᠰᠦ᠍ ᠯᠢ ᠵᠢᠶᠦ᠋ᠨ ᠬᠤᠷᠠᠯ ᠳ᠋ᠤ᠌ ᠣᠷᠣᠯᠴᠠᠵᠤ ᠂ ᠳᠡᠳ᠋ ᠬᠣᠷᠢᠶᠠᠨ ᠳᠠᠷᠤᠭ᠎ᠠ ᠯᠢ ᠮᠧᠢ ᠷᠦᠩ ᠬᠤᠷᠠᠯ ᠡᠷᠬᠢᠯᠡᠵᠦ ᠂ ᠬᠤᠳᠠᠯᠳᠤᠭᠠᠨ ᠤ᠋ ᠶᠠᠪᠤᠳᠠᠯ ( ᠢᠯᠭᠠᠷᠠᠭᠤᠯᠤᠨ ᠪᠣᠳᠣᠬᠤ ᠬᠢᠭᠡᠳ ᠳᠠᠮᠫᠤᠷᠠᠯ ᠤ᠋ᠨ ᠬᠡᠷᠡᠭ ) ᠦ᠋ᠨ ᠬᠠᠮᠲᠤᠷᠠᠨ ᠵᠥᠪᠯᠡᠬᠦ ᠲᠢᠩᠬᠢᠮ ᠦ᠋ᠨ ᠪᠦᠷᠢᠯᠳᠦᠬᠦᠨ ᠬᠢᠭᠡᠳ ᠬᠢᠨᠠᠨ ᠬᠠᠮᠢᠶᠠᠷᠬᠤ ᠠᠯᠪᠠᠨ ᠭᠡᠷ ᠦ᠋ᠨ ᠡᠷᠬᠢᠯᠡᠭᠴᠢ ᠰᠠᠭᠤᠳᠠᠯ ᠤ᠋ᠨ ᠬᠤᠷᠠᠯ ᠳ᠋ᠤ᠌ ᠣᠷᠣᠯᠴᠠᠪᠠ ᠃
ᠬᠤᠷᠠᠯ ᠳᠡᠭᠡᠷ᠎ᠡ ᠂ ᠬᠤᠳᠠᠯᠳᠤᠭᠠᠨ ᠤ᠋ ᠶᠠᠪᠤᠳᠠᠯ ( ᠢᠯᠭᠠᠷᠠᠭᠤᠯᠤᠨ ᠪᠣᠳᠣᠬᠤ ᠪᠠ ᠳᠠᠮᠫᠤᠷᠠᠯ ᠤ᠋ᠨ ᠬᠡᠷᠡᠭ ) ᠦ᠋ᠨ ᠬᠠᠮᠲᠤᠷᠠᠨ ᠵᠥᠪᠯᠡᠬᠦ ᠲᠢᠩᠬᠢᠮ ᠦ᠋ᠨ ᠬᠠᠷᠢᠭᠤᠴᠠᠯᠭᠠᠲᠠᠨ ᠯᠢᠦ ᠱᠤᠸᠠᠨ ᠳ᠋ᠦᠩ ᠣᠷᠳᠣᠰ ᠬᠣᠲᠠ ᠶ᠋ᠢᠨ ᠬᠣᠶᠠᠷ ᠱᠠᠲᠤᠨ ᠤ᠋ ᠰᠢᠭᠦᠬᠦ ᠬᠣᠷᠢᠶ᠎ᠠ ᠶ᠋ᠢᠨ ᠳᠠᠮᠫᠤᠷᠠᠯ ᠤ᠋ᠨ ᠬᠡᠷᠡᠭ ᠦ᠋ᠨ ᠦᠨᠳᠦᠰᠦᠨ ᠪᠠᠢᠳᠠᠯ ᠂ ᠣᠷᠤᠰᠢᠵᠤ ᠪᠠᠢᠭ᠎ᠠ ᠠᠰᠠᠭᠤᠳᠠᠯ ᠵᠢᠴᠢ ᠳᠠᠷᠠᠭᠠᠴᠢ ᠶ᠋ᠢᠨ ᠠᠯᠬᠤᠮ ᠤ᠋ᠨ ᠠᠵᠢᠯ ᠤ᠋ᠨ ᠰᠡᠳᠭᠢᠮᠵᠢ ᠶ᠋ᠢ ᠬᠠᠷᠢᠭᠤ ᠮᠡᠳᠡᠭᠦᠯᠵᠡᠢ ᠃ ᠯᠢᠶᠠᠩ ᠵᠢᠶᠠᠨ ᠦ᠋ ᠡᠴᠡ ᠬᠣᠯᠪᠣᠭᠳᠠᠯ ᠪᠦᠬᠦᠢ ᠳᠠᠮᠫᠤᠷᠠᠯ ᠤ᠋ᠨ ᠬᠡᠷᠡᠭ ᠦ᠋ᠨ ᠰᠢᠭᠦᠯᠲᠡ᠂ 《 ᠦᠬᠦᠰᠢᠷᠡᠮᠡᠯ ᠠᠵᠤ ᠠᠬᠤᠢᠯᠠᠯ 》 ᠂ 《 ᠳᠠᠬᠢᠨ ᠴᠡᠭᠴᠡᠯᠡᠯᠲᠡ 》 ᠂ 《 ᠬᠡᠷᠡᠭᠵᠢᠭᠦᠯᠬᠦ ᠬᠤᠪᠢᠷᠠᠭᠤᠯᠤᠯᠲᠠ 》 ᠵᠡᠷᠭᠡ ᠬᠡᠷᠡᠭ ᠦ᠋ᠨ ᠰᠢᠭᠦᠯᠲᠡ ᠶ᠋ᠢᠨ ᠨᠠᠷᠢᠨ ᠪᠠᠢᠳᠠᠯ ᠢ᠋ ᠯᠠᠪᠯᠠᠨ ᠠᠰᠠᠭᠤᠭᠰᠠᠨ ᠤ᠋ ᠬᠠᠮᠲᠤ ᠣᠷᠳᠣᠰ ᠬᠣᠲᠠ ᠶ᠋ᠢᠨ ᠬᠣᠶᠠᠷ ᠱᠠᠲᠤᠨ ᠤ᠋ ᠰᠢᠭᠦᠬᠦ ᠬᠣᠷᠢᠶ᠎ᠠ ᠶ᠋ᠢᠨ ᠳᠠᠮᠫᠤᠷᠠᠯ ᠤ᠋ᠨ ᠬᠡᠷᠡᠭ ᠢ᠋ ᠬᠢᠨᠠᠨ ᠭᠦᠢᠴᠡᠳᠭᠡᠬᠦ ᠠᠵᠢᠯ ᠤ᠋ᠨ ᠳᠤᠮᠳᠠ ᠣᠯᠤᠭᠰᠠᠨ ᠦᠷ᠎ᠡ ᠪᠦᠲᠦᠮᠵᠢ ᠶ᠋ᠢ ᠭᠦᠢᠴᠡᠳ ᠨᠤᠲᠠᠯᠠᠵᠠᠢ ᠃ ᠬᠤᠷᠠᠯ ᠳ᠋ᠤ᠌ ᠣᠷᠣᠯᠴᠠᠭᠰᠠᠨ ᠬᠥᠮᠦᠰ 《 ᠵᠠᠰᠠᠭ ᠤ᠋ᠨ ᠣᠷᠳᠣᠨ ᠰᠢᠭᠦᠬᠦ ᠬᠣᠷᠢᠶ᠎ᠠ ᠬᠠᠮᠲᠤᠷᠠᠨ ᠬᠥᠳᠡᠯᠦᠯᠴᠡᠬᠦ 》 ᠲᠣᠭᠲᠠᠴᠠ ᠂ ᠬᠠᠮᠢᠶᠠᠷᠤᠯᠲᠠ ᠶ᠋ᠢᠨ ᠠᠵᠢᠯᠲᠠᠨ ᠤ᠋ ᠳᠦᠷᠢᠮ ᠂ ᠡᠳ᠋ ᠬᠥᠷᠥᠩᠭᠡ ᠶ᠋ᠢᠨ ᠰᠢᠢᠳᠪᠦᠷᠢᠯᠡᠯᠲᠡ ᠂ ᠳᠠᠮᠫᠤᠷᠠᠯ ᠤ᠋ᠨ ᠬᠡᠷᠡᠭ ᠦ᠋ᠨ ᠰᠢᠭᠦᠨ ᠲᠠᠰᠤᠯᠤᠯᠲᠠ ᠶ᠋ᠢᠨ ᠴᠢᠨᠠᠷ ᠪᠦᠲᠦᠮᠵᠢ ᠵᠡᠷᠭᠡ ᠠᠰᠠᠭᠤᠳᠠᠯ ᠤ᠋ᠨ ᠲᠣᠭᠣᠷᠢᠨ ᠳ᠋ᠤ᠌ ᠭᠦᠨᠵᠡᠭᠡᠢ ᠰᠢᠨᠵᠢᠯᠡᠨ ᠪᠠᠢᠴᠠᠭᠠᠪᠠ ᠃
ᠬᠠᠮᠤᠭ ᠰᠡᠭᠦᠯ ᠳ᠋ᠦ᠍ ᠨᠢ ᠂ ᠰᠦ᠍ ᠯᠢ ᠵᠢᠶᠦ᠋ᠨ ᠳᠠᠷᠠᠭ᠎ᠠ ᠠᠯᠬᠤᠮ ᠤ᠋ᠨ ᠳᠠᠮᠫᠤᠷᠠᠯ ᠤ᠋ᠨ ᠬᠡᠷᠡᠭ ᠢ᠋ ᠰᠢᠭᠦᠬᠦ ᠠᠵᠢᠯ ᠤ᠋ᠨ ᠲᠤᠬᠠᠢ ᠳᠥᠷᠪᠡᠨ ᠱᠠᠭᠠᠷᠳᠠᠯᠭ᠎ᠠ ᠳᠤᠷᠠᠳᠪᠠ ᠄ ᠨᠢᠭᠡ ᠳ᠋ᠦ᠍ ᠰᠤᠷᠤᠯᠴᠠᠯᠭ᠎ᠠ ᠪᠠᠨ ᠴᠢᠩᠭᠠᠳᠭᠠᠨ ᠂ ᠬᠠᠤᠯᠢ ᠶ᠋ᠢᠨ ᠲᠤᠰᠢᠶᠠᠯᠲᠠᠨ ᠤ᠋ ᠲᠤᠰᠭᠠᠢ ᠮᠡᠷᠭᠡᠵᠢᠯ ᠦ᠋ᠨ ᠬᠡᠪ ᠪᠣᠯᠪᠠᠰᠤᠷᠠᠯ ᠢ᠋ ᠲᠠᠰᠤᠷᠠᠯᠲᠠ ᠦᠭᠡᠢ ᠳᠡᠭᠡᠭᠰᠢᠯᠡᠭᠦᠯᠵᠦ ᠂ ᠢᠯᠡᠭᠦᠦ ᠳᠡᠭᠡᠳᠦ ᠵᠡᠷᠭᠡ ᠢ᠋ᠢᠨ ᠰᠢᠭᠦᠬᠦ ᠬᠣᠷᠢᠶ᠎ᠠ ᠲᠠᠢ ᠬᠠᠷᠢᠯᠴᠠᠨ ᠨᠡᠪᠲᠡᠷᠡᠯᠴᠡᠵᠦ ᠂ ᠳᠠᠮᠫᠤᠷᠠᠯ ᠤ᠋ᠨ ᠬᠡᠷᠡᠭ ᠢ᠋ ᠰᠢᠭᠦᠨ ᠭᠦᠢᠴᠡᠳᠭᠡᠬᠦ ᠠᠵᠢᠯ ᠢ᠋ ᠳᠠᠬᠢᠨ ᠰᠢᠨ᠎ᠡ ᠱᠠᠲᠤᠨ ᠳ᠋ᠤ᠌ ᠭᠠᠷᠭᠠᠬᠤ ᠬᠡᠷᠡᠭᠲᠡᠢ ︔ ᠬᠣᠶᠠᠷ ᠲᠤ᠌ ᠤᠬᠠᠭᠤᠯᠭ᠎ᠠ ᠪᠠᠨ ᠴᠢᠩᠭ᠋ᠠᠳᠬᠠᠨ ᠂ ᠵᠠᠰᠠᠭ ᠤ᠋ᠨ ᠣᠷᠳᠣᠨ ᠲᠠᠢ ᠢᠳᠡᠪᠬᠢᠲᠡᠢ ᠬᠠᠷᠢᠯᠴᠠᠵᠤ ᠂ ᠳᠠᠮᠫᠤᠷᠠᠯ ᠤ᠋ᠨ ᠬᠣᠯᠪᠣᠭᠳᠠᠯ ᠪᠥᠬᠥᠢ ᠬᠠᠤᠯᠢ ᠴᠠᠭᠠᠵᠠ ᠬᠠᠤᠯᠢ ᠲᠣᠭᠲᠠᠭᠠᠯ ᠢ᠋ ᠲᠦᠭᠡᠮᠡᠯᠵᠢᠭᠦᠯᠬᠦ ᠬᠡᠷᠡᠭᠲᠡᠢ ; ᠭᠤᠷᠪᠠ ᠳ᠋ᠤ᠌ ᠣᠨᠴᠠᠭᠠᠢ ᠬᠡᠷᠡᠭ ᠦ᠋ᠨ ᠵᠠᠳᠠᠯᠤᠯᠲᠠ ᠶ᠋ᠢ ᠴᠢᠬᠤᠯᠠᠴᠢᠯᠠᠵᠤ ᠂ ᠡᠯ᠎ᠡ ᠵᠦᠢᠯ ᠦ᠋ᠨ ᠠᠵᠢᠯ ᠢ᠋ᠶ᠋ᠠᠨ ᠨᠠᠷᠢᠨ ᠨᠢᠮᠪᠠᠢ ᠬᠢᠵᠦ ᠂ ᠬᠡᠷᠡᠭ ᠦ᠋ᠨ ᠴᠢᠨᠠᠷ ᠴᠢᠨᠰᠠᠭ᠎ᠠ ᠶ᠋ᠢ ᠳᠡᠭᠡᠭᠰᠢᠯᠡᠭᠦᠯᠬᠦ ᠬᠡᠷᠡᠭᠲᠡᠢ ︔ ᠳᠥᠷᠪᠡ ᠳ᠋ᠦ᠍ ᠲᠤᠷᠰᠢᠯᠭ᠎ᠠ ᠪᠠᠨ ᠴᠠᠭ ᠲᠤᠬᠠᠢ ᠳ᠋ᠤᠨᠢ ᠳ᠋ᠦᠩᠨᠡᠨ ᠂ ᠰᠠᠨᠠᠭᠠᠴᠢᠯᠠᠭ᠎ᠠ ᠠ᠋ᠴᠠ ᠪᠠᠨ ᠰᠤᠳᠤᠯᠵᠤ ᠂ ᠠᠰᠠᠭᠤᠳᠠᠯ ᠢ᠋ᠶ᠋ᠠᠷ ᠤᠳᠤᠷᠢᠳᠤᠮᠵᠢ ᠪᠣᠯᠭᠠᠨ ᠬᠦᠴᠢᠷ ᠲᠦᠪᠡᠭᠲᠡᠢ ᠠᠰᠠᠭᠤᠳᠠᠯ ᠢ᠋ ᠲᠠᠰᠤᠷᠠᠯᠲᠠ ᠦᠭᠡᠢ ᠰᠢᠢᠳᠪᠦᠷᠢᠯᠡᠬᠦ ᠬᠡᠷᠡᠭᠲᠡᠢ ᠃
ᠦᠨᠡᠯᠡᠬᠦ 0ᠦᠨᠡᠯᠡᠯᠲᠡ᠎ᠲᠠᠢ