ᠣᠷᠳᠤᠰ ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠭᠦᠢᠴᠡᠳᠬᠡᠬᠦ ᠠᠩᠭᠢ ᠶᠢᠨ ᠰᠢᠭᠦᠭᠴᠢ 《ᠬᠠᠤᠯᠢ ᠶᠢᠨ ᠰᠢᠭᠤᠳ ᠨᠡᠪᠲᠡᠷᠡᠭᠦᠯᠭᠡ》 ᠪᠤᠯᠤᠩ ᠳᠤ ᠰᠠᠭᠠᠲᠠᠵᠤ ᠲᠤᠬᠠᠢ ᠶᠢᠨ ᠲᠠᠯᠠᠪᠤᠷ ᠲᠤ ᠭᠦᠢᠴᠡᠳᠬᠡᠬᠦ ᠲᠤᠬᠠᠢ ᠠᠰᠠᠭᠤᠯᠲᠠ ᠬᠠᠷᠢᠭᠤᠯᠪᠠ
2017.09.29 ᠲᠣᠰ ᠥᠷᠲᠡᠭᠡᠨ ᠦ ᠨᠠᠢᠷᠠᠭᠤᠯᠤᠭᠴᠢ

 

 

 

    9 ᠰᠠᠷᠠᠢᠨ 28 ᠦ ᠡᠳᠦᠷ᠂ ᠣᠷᠳᠤᠰ ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠭᠦᠢᠴᠡᠳᠬᠡᠬᠦ ᠲᠠᠰᠤᠯᠤᠨ ᠲᠣᠭᠲᠠᠭᠠᠬᠤ ᠵᠥᠪᠳᠡᠯᠴᠡᠬᠦ ᠲᠢᠩᠬᠢᠮ ᠦᠨ ᠰᠢᠭᠦᠨ ᠲᠠᠰᠤᠯᠬᠤ ᠳᠠᠷᠤᠭ᠎ᠠ ᠳ᠋ᠦ᠋ ᠪᠦᠸᠧ᠂ ᠭᠦᠢᠴᠡᠳᠬᠡᠬᠦ ᠶᠢ ᠶᠠᠪᠤᠭᠳᠠᠭᠤᠯᠬᠤ ᠨᠢᠭᠡᠳᠦᠭᠡᠷ ᠵᠥᠪᠳᠡᠯᠴᠡᠬᠦ ᠲᠢᠩᠬᠢᠮ ᠦᠨ ᠰᠢᠭᠦᠭᠴᠢ ᠶᠢᠨ ᠬᠠᠪᠰᠤᠷᠤᠭᠴᠢ ᠬᠠᠨ ᠢ ᠰᠢᠤᠸᠠᠨ ᠣᠷᠳᠤᠰ ᠬᠣᠲᠠ ᠶᠢᠨ ᠲᠸᠯᠸᠢᠰ ᠬᠣᠷᠢᠶᠠᠨ ᠤ《ᠬᠠᠤᠯᠢ ᠶᠢᠨ ᠰᠢᠭᠤᠳ ᠨᠡᠪᠲᠡᠷᠡᠭᠦᠯᠭᠡ》 ᠪᠤᠯᠤᠩ ᠳᠤ ᠰᠠᠭᠠᠲᠠᠵᠤ᠂ ᠭᠦᠢᠴᠡᠳᠬᠡᠬᠦ ᠲᠤᠬᠠᠢ ᠬᠠᠮᠢᠶ᠎ᠠ ᠪᠦᠬᠦᠢ ᠬᠠᠤᠯᠢ ᠴᠠᠭᠠᠵᠠ ᠶᠢᠨ ᠮᠡᠳᠡᠯᠭᠡ ᠶᠢ ᠲᠦᠭᠡᠮᠡᠯᠵᠢᠭᠦᠯᠵᠦ᠂ ᠬᠤᠶᠠᠷ ᠱᠠᠳᠤᠨ ᠤ ᠰᠢᠭᠦᠬᠦ ᠬᠣᠷᠢᠶᠠᠨ ᠤ《 ᠭᠦᠢᠴᠡᠳᠬᠡᠬᠦ ᠶᠢᠨ ᠵᠠᠭᠤᠨ ᠡᠳᠦᠷ ᠦᠨ ᠰᠢᠢᠳᠪᠦᠷᠢᠲᠦ ᠢᠯᠠᠯᠲᠠ》 ᠲᠤᠰᠭᠠᠢ ᠠᠵᠢᠯᠯᠠᠭ᠎ᠠ ᠶᠢ ᠤᠷᠢᠶᠠᠯᠠᠵᠤ᠂ ᠥᠷᠭᠡᠨ ᠤᠯᠠᠨ ᠰᠣᠨᠤᠰᠤᠭᠴᠢᠳ ᠲᠠᠢ ᠰᠣᠯᠢᠯᠴᠠᠭ᠎ᠠ ᠬᠢᠪᠡ᠃

   《ᠬᠠᠤᠯᠢ ᠶᠢᠨ ᠰᠢᠭᠤᠳ ᠨᠡᠪᠲᠡᠷᠡᠭᠦᠯᠭᠡ》 ᠪᠤᠯᠤᠩ ᠪᠣᠯ ᠣᠷᠳᠤᠰ ᠷᠠᠳᠢᠣ᠋ ᠲᠸᠯᠸᠢᠰ ᠬᠣᠷᠢᠶᠠᠨ ᠤ ᠬᠢᠲᠠᠳ ᠶᠡᠷᠦᠩᠬᠡᠢ ᠷᠠᠳᠢᠣ᠋ ᠵᠢᠴᠢ ᠬᠠᠤᠯᠢ ᠴᠠᠭᠠᠵᠠ ᠶᠢᠨ ᠰᠠᠭᠤᠷᠢ ᠮᠡᠳᠡᠯᠭᠡ᠂ ᠠᠷᠠᠳ ᠲᠦᠮᠡᠨ ᠦ ᠬᠠᠤᠯᠢ ᠪᠡᠷ ᠵᠠᠰᠠᠬᠤ ᠤᠬᠠᠮᠰᠠᠷ ᠤᠨ ᠳᠡᠭᠡᠭᠰᠢᠯᠡᠭᠦᠯᠬᠦ ᠷᠠᠳᠢᠣ᠋ ᠪᠤᠯᠤᠩ ᠮᠥᠨ᠃ ᠲᠤᠰ ᠪᠤᠯᠤᠩ ᠨᠢ《  ᠬᠡᠷᠡᠭ ᠦᠨ ᠵᠢᠱᠢᠶ᠎ᠡ ᠪᠡᠷ ᠬᠠᠤᠯᠢ  ᠶᠠᠷᠢᠵᠤ᠂ ᠰᠢᠭᠦᠭᠴᠢ ᠬᠠᠤᠯᠢ ᠲᠠᠢᠯᠪᠤᠷᠢᠯᠠᠵᠤ᠂ ᠰᠣᠨᠤᠰᠤᠭᠴᠢᠳ ᠬᠠᠤᠯᠢ ᠠᠰᠠᠭᠤᠬᠤ》 ᠦᠨᠳᠦᠰᠦᠨ ᠬᠡᠯᠪᠡᠷᠢ ᠵᠢ ᠬᠡᠷᠡᠭᠯᠡᠵᠦ᠂ ᠬᠡᠯᠪᠡᠷᠢ ᠰᠢᠨ᠎ᠡ ᠰᠡᠪᠡᠭᠦᠨ᠂ ᠠᠭᠤᠯᠭ᠎ᠠ ᠣᠢᠯᠭᠠᠬᠤ ᠳᠤ ᠳᠥᠭᠦᠮ᠃ ᠰᠢᠭᠦᠳᠡᠷᠢ ᠨᠡᠪᠲᠡᠷᠡᠭᠦᠯᠭᠡ ᠶᠢᠨ ᠶᠠᠪᠤᠴᠠ ᠳᠤ ᠰᠢᠭᠦᠭᠴᠢ ᠡᠴᠡ ᠥᠷᠭᠡᠨ ᠤᠯᠠᠨ ᠰᠣᠨᠤᠰᠤᠭᠴᠢᠳ ᠲᠤ ᠣᠷᠳᠤᠰ ᠬᠣᠲᠠ ᠶᠢᠨ ᠳᠤᠮᠳᠠᠬᠢ ᠵᠡᠷᠭᠡ ᠶᠢᠨ ᠰᠢᠭᠦᠬᠦ ᠬᠣᠷᠢᠶ᠎ᠠ 9 ᠰᠠᠷᠠᠢᠨ 1 ᠤ ᠡᠳᠦᠷ ᠡᠬᠢᠯᠡᠭᠦᠯᠦᠭᠰᠡᠨ《 ᠭᠦᠢᠴᠡᠳᠬᠡᠬᠦ ᠶᠢᠨ ᠵᠠᠭᠤᠨ ᠡᠳᠦᠷ ᠦᠨ ᠰᠢᠢᠳᠪᠦᠷᠢᠲᠦ ᠢᠯᠠᠯᠲᠠ》 ᠶᠢᠨ ᠲᠤᠰᠭᠠᠢ ᠠᠵᠢᠯᠯᠠᠭ᠎ᠠ ᠶᠢ ᠲᠠᠨᠢᠯᠴᠠᠭᠤᠯᠵᠤ᠂ ᠪᠠᠰᠠ ᠲᠤᠰ ᠤᠳᠠᠭᠠᠨ ᠤ ᠠᠵᠢᠯᠯᠠᠭᠠᠨ ᠤ ᠵᠢᠯᠤᠭᠤᠳᠬᠤ ᠦᠵᠡᠯ ᠰᠠᠨᠠᠭ᠎ᠠ᠂ ᠠᠵᠢᠯ ᠤᠨ ᠬᠠᠷᠠᠯᠲᠠ ᠵᠢᠴᠢ ᠬᠡᠷᠡᠭᠵᠢᠭᠦᠯᠬᠦ ᠠᠷᠭ᠎ᠠ ᠬᠡᠮᠵᠢᠶ᠎ᠠ ᠵᠢ ᠨᠠᠷᠢᠨ ᠲᠠᠢᠯᠪᠤᠷᠢᠯᠠᠪᠠ᠃ ᠨᠡᠪᠲᠡᠷᠡᠭᠦᠯᠭᠡ ᠳᠤᠮᠳᠠ ᠰᠢᠭᠦᠭᠴᠢ ᠪᠠᠰᠠ ᠮᠠᠰᠢ ᠤᠯᠠᠨ ᠰᠢᠭᠤᠳ ᠨᠡᠪᠲᠡᠷᠡᠭᠦᠯᠭᠡ ᠶᠢᠨ ᠬᠠᠯᠠᠮ᠎ ᠤᠲᠠᠰᠤ ᠪᠠᠷ ᠣᠷᠤᠵᠤ ᠢᠷᠡᠭᠰᠡᠨ ᠵᠢᠴᠢ ᠸᠸᠢᠴᠠᠲ ᠲᠠᠪᠴᠠᠩ ᠢᠶᠠᠷ ᠦᠭᠡ ᠦᠯᠡᠳᠡᠭᠡᠭᠰᠡᠨ ᠰᠣᠨᠤᠰᠤᠭᠴᠢᠳ ᠲᠠᠢ ᠨᠠᠷᠢᠨ ᠰᠣᠯᠢᠴᠠᠭ᠎ᠠ ᠬᠢᠵᠦ᠂ ᠰᠣᠨᠤᠰᠤᠭᠴᠢᠳ ᠨᠠᠢᠵᠠ ᠨᠠᠷ ᠤᠨ ᠳᠤᠷᠠᠳᠤᠭᠰᠠᠨ ᠭᠦᠢᠴᠡᠳᠬᠡᠬᠦ ᠲᠤᠬᠠᠢ ᠠᠰᠠᠭᠤᠯᠲᠠ ᠶᠢ ᠲᠥᠬᠦᠮ ᠣᠢᠯᠭᠠᠮᠵᠢᠲᠠᠢ ᠬᠠᠷᠢᠭᠤᠯᠲᠠ ᠬᠢᠵᠦ ᠥᠭᠪᠡ᠃

    ᠲᠤᠰ ᠤᠳᠠᠭᠠᠨ ᠤ ᠣᠷᠳᠤᠰ ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠰᠢᠭᠦᠭᠴᠢ《ᠬᠠᠤᠯᠢ ᠶᠢᠨ ᠰᠢᠭᠤᠳ ᠨᠡᠪᠲᠡᠷᠡᠭᠦᠯᠭᠡ》 ᠪᠤᠯᠤᠩ ᠵᠣᠴᠢᠨ ᠪᠣᠯᠤᠭᠰᠠᠨ ᠨᠢ ᠮᠠᠨ ᠤ ᠬᠣᠲᠠ ᠶᠢᠨ ᠬᠤᠶᠠᠷ ᠱᠠᠳᠤᠨ ᠤ ᠰᠢᠭᠦᠬᠦ ᠬᠣᠷᠢᠶᠠᠨ ᠤ ᠭᠦᠢᠴᠡᠳᠬᠡᠬᠦ ᠠᠵᠢᠯ ᠤᠨ ᠤᠬᠠᠭᠤᠯᠭ᠎ᠠ ᠪᠣᠯᠪᠠ᠃ ᠰᠢᠭᠦᠭᠴᠢ ᠰᠣᠨᠤᠰᠤᠭᠴᠢᠳ ᠲᠠᠢ ᠲᠤᠬᠠᠢ ᠶᠢᠨ ᠲᠠᠯᠠᠪᠤᠷ ᠤᠨ ᠶᠠᠷᠢᠯᠴᠠᠭ᠎ᠠ ᠪᠡᠷ ᠳᠠᠮᠵᠢᠵᠤ ᠨᠡᠩ ᠤᠯᠠᠨ ᠠᠷᠠᠳ ᠲᠦᠮᠡᠨ ᠳᠤ ᠭᠦᠢᠴᠡᠳᠬᠡᠬᠦ ᠠᠵᠢᠯ ᠢ ᠪᠦᠬᠦ ᠲᠠᠯ᠎ᠠ ᠪᠡᠷ ᠣᠢᠯᠭᠠᠭᠤᠯᠵᠤ᠂ ᠠᠷᠠᠳ ᠲᠦᠮᠡᠨ ᠡᠴᠡ ᠭᠦᠢᠴᠡᠳᠬᠡᠬᠦ ᠠᠵᠢᠯ ᠢ ᠣᠢᠯᠭᠠᠬᠤ ᠪᠠ ᠳᠡᠮᠵᠢᠬᠦ ᠵᠢ ᠭᠦᠨᠵᠡᠭᠡᠢᠷᠡᠭᠦᠯᠵᠦ᠂ ᠠᠷᠠᠳ ᠲᠦᠮᠡᠨ ᠪᠣᠯᠤᠨ ᠰᠢᠭᠦᠬᠦ ᠬᠣᠷᠢᠶᠠᠨ ᠤ ᠬᠠᠷᠢᠴᠠᠭ᠎ᠠ ᠶᠢ ᠨᠢᠭᠲᠠ ᠪᠣᠯᠭᠠᠪᠠ᠃

 

              ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )