ᠣᠷᠳᠤᠰ ᠬᠤᠳᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠪᠦᠬᠦ ᠬᠣᠲᠠ ᠶᠢᠨ ᠰᠢᠭᠦᠬᠦ ᠬᠣᠷᠢᠶᠠᠨ ᠤ ᠨᠠᠮ ᠤᠨ ᠪᠦᠲᠦᠭᠡᠨ ᠪᠠᠢᠭᠤᠯᠤᠯᠲᠠ ᠶᠢᠨ ᠠᠵᠢᠯ ᠤᠨ ᠬᠥᠬᠢᠭᠦᠯᠦᠨ ᠰᠠᠢᠰᠢᠶᠠᠬᠤ ᠶᠡᠬᠡ ᠬᠤᠷᠠᠯ ᠬᠤᠷᠠᠯᠳᠤᠭᠤᠯᠤᠭᠰᠠᠨ ᠵᠢᠴᠢ《ᠬᠤᠪᠢᠰᠭᠠᠯ ᠤᠨ ᠠᠶᠠᠨ ᠵᠠᠮ ᠰᠢᠳᠢᠲᠦ ᠵᠢᠩ ᠭᠠᠩ ᠱᠠᠨ ᠠᠭᠤᠯᠠ》 ᠤᠯᠠᠭᠠᠨ ᠤ ᠰᠤᠷᠭᠠᠨ ᠬᠥᠮᠦᠵᠢᠯ ᠦᠨ
2017.06.30 ᠲᠣᠰ ᠥᠷᠲᠡᠭᠡᠨ ᠦ ᠨᠠᠢᠷᠠᠭᠤᠯᠤᠭᠴᠢ

ᠣᠷᠳᠤᠰ ᠬᠤᠳᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠪᠦᠬᠦ ᠬᠣᠲᠠ ᠶᠢᠨ ᠰᠢᠭᠦᠬᠦ ᠬᠣᠷᠢᠶᠠᠨ ᠤ ᠨᠠᠮ ᠤᠨ ᠪᠦᠲᠦᠭᠡᠨ ᠪᠠᠢᠭᠤᠯᠤᠯᠲᠠ ᠶᠢᠨ ᠠᠵᠢᠯ ᠤᠨ ᠬᠥᠬᠢᠭᠦᠯᠦᠨ ᠰᠠᠢᠰᠢᠶᠠᠬᠤ ᠶᠡᠬᠡ ᠬᠤᠷᠠᠯ ᠬᠤᠷᠠᠯᠳᠤᠭᠤᠯᠤᠭᠰᠠᠨ ᠵᠢᠴᠢ《ᠬᠤᠪᠢᠰᠭᠠᠯ ᠤᠨ ᠠᠶᠠᠨ ᠵᠠᠮ   ᠰᠢᠳᠢᠲᠦ ᠵᠢᠩ ᠭᠠᠩ ᠱᠠᠨ ᠠᠭᠤᠯᠠ》 ᠤᠯᠠᠭᠠᠨ ᠤ ᠰᠤᠷᠭᠠᠨ ᠬᠥᠮᠦᠵᠢᠯ ᠦᠨ ᠮᠡᠳᠡᠭᠦᠯᠦᠯᠲᠡ ᠶᠢᠨ ᠲᠣᠭᠯᠠᠯᠲᠠ ᠭᠠᠷᠭᠠᠵᠤ ᠨᠠᠮ ᠪᠠᠢᠭᠤᠯᠤᠭᠳᠠᠭᠰᠠᠨ 96 ᠵᠢᠯ ᠢ ᠪᠡᠯᠡᠭᠯᠡᠪᠡ

 

 

 

 

 

 

 

 

 

 

 

 

 

 

 

    ᠳᠤᠮᠳᠠᠳᠤ ᠤᠯᠤᠰ ᠤᠨ ᠡᠪ ᠬᠠᠮᠲᠤ ᠨᠠᠮ ᠪᠠᠢᠭᠤᠯᠤᠭᠳᠠᠭᠰᠠᠨ 96 ᠵᠢᠯ ᠤᠨ ᠦᠶ᠎ᠡ ᠳᠤ᠂ ᠣᠷᠳᠤᠰ ᠬᠣᠲᠠ ᠶᠢᠨ ᠰᠢᠭᠦᠬᠦ ᠬᠣᠷᠢᠶᠠᠨ ᠤ ᠤᠯᠠᠭᠠᠨ ᠤ ᠰᠤᠷᠭᠠᠨ ᠬᠥᠮᠦᠵᠢᠯ ᠦᠨ ᠪᠦᠲᠦᠮᠵᠢ ᠶᠢ ᠪᠠᠲᠤᠵᠢᠭᠤᠯᠵᠤ᠂ ᠪᠣᠯᠪᠠᠰᠤᠷᠠᠯ ᠳᠤ ᠣᠷᠤᠯᠴᠠᠭ᠎ᠠ ᠦᠭᠡᠢ ᠺᠠᠲᠠᠷ ᠴᠠᠭᠳᠠᠭ᠎ᠠ ᠶᠢᠨ ᠨᠠᠮ ᠤᠨ ᠴᠢᠨᠠᠷ ᠨᠠᠮ ᠤᠨ ᠰᠤᠷᠲᠠᠯ᠂ ᠬᠦᠰᠡᠯᠡᠩ ᠪᠠ ᠢᠲᠡᠭᠡᠯ ᠵᠣᠷᠢᠭ᠂ ᠴᠡᠪᠡᠷ ᠴᠢᠭᠡᠴᠢ ᠪᠡᠷ ᠪᠡᠶ᠎ᠡ ᠱᠠᠭᠠᠷᠳᠠᠬᠤ ᠵᠡᠷᠭᠡ ᠲᠠᠯ᠎ᠠ ᠶᠢᠨ ᠰᠤᠷᠤᠯᠴᠠᠯᠭ᠎ᠠ ᠶᠢᠨ ᠪᠠᠢᠳᠠᠯ ᠢ ᠰᠢᠯᠭᠠᠨ ᠪᠠᠢᠴᠠᠭᠠᠵᠤ᠂ ᠪᠦᠬᠦ ᠬᠣᠲᠠ ᠶᠢᠨ ᠬᠤᠶᠠᠷ ᠱᠠᠳᠤᠨ ᠤ ᠰᠢᠭᠦᠬᠦ ᠬᠣᠷᠢᠶᠠᠨ ᠤ ᠤᠯᠠᠨ ᠨᠠᠮ ᠤᠨ ᠭᠡᠰᠢᠭᠦᠨ ᠺᠠᠲᠠᠷ ᠨᠠᠮ ᠢᠶᠠᠨ ᠬᠠᠢᠷᠠᠯᠠᠬᠤ᠂ ᠨᠠᠮ ᠢᠶᠠᠨ ᠬᠦᠷᠢᠶᠡᠯᠡᠬᠦ ᠶᠢ ᠤᠯᠠᠮ ᠨᠢᠭᠡ ᠠᠯᠬᠤᠮ ᠠᠬᠢᠭᠤᠯᠵᠤ᠂ ᠨᠠᠮ ᠤᠨ ᠰᠢᠯᠢᠳᠡᠭ ᠤᠯᠠᠮᠵᠢᠯᠠᠯ ᠤᠨ ᠤᠯᠠᠮᠵᠢᠯᠠᠬᠤ ᠪᠠ ᠪᠠᠳᠠᠷᠠᠭᠤᠯᠬᠤ ᠶᠢᠨ ᠲᠥᠯᠦᠭᠡ᠂ ᠣᠢᠷ᠎ᠠ ᠶᠢᠨ ᠵᠢᠯ ᠤᠨ ᠪᠦᠬᠦ ᠬᠣᠲᠠ ᠶᠢᠨ ᠰᠢᠭᠦᠬᠦ ᠬᠣᠷᠢᠶᠠᠨ ᠤ ᠰᠢᠰᠲ᠋ᠧᠮ ᠤᠨ ᠨᠠᠮ ᠤᠨ ᠪᠦᠲᠦᠭᠡᠨ ᠪᠠᠢᠭᠤᠯᠤᠯᠲᠠ ᠶᠢᠨ ᠠᠵᠢᠯ ᠤᠨ ᠲᠡᠷᠢᠭᠦᠨ ᠦ ᠬᠠᠮᠲᠤ ᠨᠢᠭᠡᠴᠢ᠂ ᠰᠢᠯᠢᠳᠡᠭ ᠨᠠᠮ ᠤᠨ ᠶᠠᠪᠤᠳᠠᠯ ᠤᠨ ᠠᠵᠢᠯᠲᠠᠨ ᠪᠣᠯᠤᠨ ᠰᠢᠯᠢᠳᠡᠭ ᠨᠠᠮ ᠤᠨ ᠭᠡᠰᠢᠭᠦᠨ ᠢ ᠬᠥᠬᠢᠭᠦᠯᠦᠨ ᠰᠠᠢᠰᠢᠶᠠᠪᠠ᠃ 6 ᠰᠠᠷᠠᠢᠨ 29 ᠤ ᠡᠳᠦᠷ᠂ ᠣᠷᠳᠤᠰ ᠬᠤᠳᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠪᠦᠬᠦ ᠬᠣᠲᠠ ᠶᠢᠨ ᠰᠢᠭᠦᠬᠦ ᠬᠣᠷᠢᠶᠠᠨ ᠤ ᠨᠠᠮ ᠤᠨ ᠪᠦᠲᠦᠭᠡᠨ ᠪᠠᠢᠭᠤᠯᠤᠯᠲᠠ ᠶᠢᠨ ᠠᠵᠢᠯ ᠤᠨ ᠬᠥᠬᠢᠭᠦᠯᠦᠨ ᠰᠠᠢᠰᠢᠶᠠᠬᠤ ᠶᠡᠬᠡ ᠬᠤᠷᠠᠯ ᠬᠤᠷᠠᠯᠳᠤᠭᠤᠯᠤᠭᠰᠠᠨ ᠵᠢᠴᠢ《ᠬᠤᠪᠢᠰᠭᠠᠯ ᠤᠨ ᠠᠶᠠᠨ ᠵᠠᠮ   ᠰᠢᠳᠢᠲᠦ ᠵᠢᠩ ᠭᠠᠩ ᠱᠠᠨ ᠠᠭᠤᠯᠠ》 ᠤᠯᠠᠭᠠᠨ ᠤ ᠰᠤᠷᠭᠠᠨ ᠬᠥᠮᠦᠵᠢᠯ ᠦᠨ ᠮᠡᠳᠡᠭᠦᠯᠦᠯᠲᠡ ᠶᠢᠨ ᠲᠣᠭᠯᠠᠯᠲᠠ ᠭᠠᠷᠭᠠᠵᠤ ᠨᠠᠮ ᠪᠠᠢᠭᠤᠯᠤᠭᠳᠠᠭᠰᠠᠨ 96 ᠵᠢᠯ ᠢ ᠪᠡᠯᠡᠭᠯᠡᠪᠡ᠃ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠨᠠᠮ ᠤᠨ ᠤᠳᠤᠷᠢᠳᠬᠤ ᠳᠤᠭᠤᠢᠯᠠᠩ ᠤᠨ ᠱᠦᠵᠢ᠂ ᠬᠣᠷᠢᠶᠠᠨ ᠳᠠᠷᠤᠭ᠎ᠠ ᠯᠢ ᠾᠥᠩ ᠶᠠᠨ ᠨᠥᠬᠦᠷ ᠪᠠ ᠭᠡᠷ ᠲᠤ ᠰᠠᠭᠤᠭ᠎ᠠ ᠤᠳᠤᠷᠢᠳᠬᠤ ᠪᠠᠭ ᠤᠨ ᠭᠡᠰᠢᠭᠦᠨ᠂ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠪᠦᠬᠦ ᠺᠠᠲᠠᠷ ᠴᠠᠭᠳᠠᠭ᠎ᠠ᠂ ᠬᠢᠶᠠᠨ ᠪᠠᠭᠰᠢ ᠲᠣᠭᠤᠷᠢᠭ ᠤᠨ ᠰᠢᠭᠦᠬᠦ ᠬᠣᠷᠢᠶ᠎ᠠ᠂ ᠳ᠋ᠦᠩᠱᠧᠩ ᠲᠣᠭᠤᠷᠢᠭ ᠤᠨ ᠰᠢᠭᠦᠬᠦ ᠬᠣᠷᠢᠶ᠎ᠠ᠂ ᠡᠵᠡᠨ ᠬᠣᠷᠤᠭ᠎ᠠ ᠬᠣᠰᠢᠭᠤᠨ ᠤ ᠰᠢᠭᠦᠬᠦ ᠬᠣᠷᠢᠶᠠᠨ ᠤ ᠬᠡᠰᠡᠭ ᠺᠠᠲᠠᠷ ᠴᠠᠭᠳᠠᠭᠠᠨ ᠤ ᠲᠥᠯᠦᠭᠡᠯᠡᠭᠴᠢ ᠬᠤᠷᠠᠯᠳᠤᠭᠠᠨ ᠳᠤ ᠣᠷᠤᠯᠴᠠᠪᠠ᠃ ᠬᠤᠷᠠᠯᠳᠤᠭᠠᠨ ᠢ ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠳᠡᠳ᠋ ᠬᠣᠷᠢᠶᠠᠨ ᠳᠠᠷᠤᠭ᠎ᠠ ᠯᠢ ᠵᠢᠩ ᠭᠦᠧᠧ ᠡᠷᠬᠢᠯᠡᠪᠡ᠃

      ᠬᠤᠷᠠᠯ ᠳᠡᠭᠡᠷ᠎ᠡ᠂ ᠯᠢ ᠵᠢᠩ ᠭᠦᠧᠧ ᠳᠡᠳ᠋ ᠬᠣᠷᠢᠶᠠᠨ ᠳᠠᠷᠤᠭ᠎ᠠ ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠨᠠᠮ ᠤᠨ ᠤᠳᠤᠷᠢᠳᠬᠤ ᠳᠤᠭᠤᠢᠯᠠᠩ ᠤᠨ ᠬᠥᠬᠢᠭᠦᠯᠦᠨ ᠰᠠᠢᠰᠢᠶᠠᠬᠤ ᠰᠢᠢᠳᠪᠦᠷᠢ ᠶᠢ ᠤᠩᠰᠢᠵᠤ᠂ ᠰᠢᠭᠦᠬᠦ ᠬᠣᠷᠢᠶᠠᠨ ᠤ ᠤᠳᠤᠷᠢᠳᠬᠤ ᠪᠠᠭ ᠤᠨ ᠭᠡᠰᠢᠭᠦᠨ ᠬᠥᠬᠢᠭᠦᠯᠦᠨ ᠰᠠᠢᠰᠢᠶᠠᠭᠳᠠᠭᠰᠠᠨ ᠲᠡᠷᠢᠭᠦᠨ ᠦ ᠬᠠᠮᠲᠤ ᠨᠢᠭᠡᠴᠢ ᠪᠠ ᠬᠤᠪᠢ ᠬᠥᠮᠦᠨ ᠳᠤ ᠱᠠᠩᠨᠠᠯ᠂ ᠦᠨᠡᠮᠯᠡᠯ ᠣᠯᠭᠤᠪᠠ᠃ ᠬᠤᠷᠠᠯᠳᠤᠭᠠᠨ ᠳᠤ ᠪᠠᠰᠠ ᠬᠤᠶᠠᠷ ᠰᠢᠨ᠎ᠡ ᠨᠠᠮ ᠤᠨ ᠭᠡᠰᠢᠭᠦᠨ ᠦ ᠨᠠᠮ ᠳᠤ ᠣᠷᠤᠬᠤ ᠲᠠᠩᠭᠠᠷᠢᠭ ᠶᠠᠪᠤᠭᠳᠠᠭᠤᠯᠵᠤ᠂ ᠪᠦᠬᠦ ᠨᠠᠮ ᠤᠨ ᠭᠡᠰᠢᠭᠦᠨ ᠨᠠᠮ ᠳᠤ ᠣᠷᠤᠬᠤ ᠲᠠᠩᠭᠠᠷᠢᠭ ᠢ ᠳᠠᠬᠢᠨ ᠨᠢᠭᠡ ᠮᠥᠷ ᠰᠣᠨᠤᠰᠪᠠ᠃

      ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠨᠠᠮ ᠤᠨ ᠤᠳᠤᠷᠢᠳᠬᠤ ᠳᠤᠭᠤᠢᠯᠠᠩ ᠤᠨ ᠱᠦᠵᠢ᠂ ᠬᠣᠷᠢᠶᠠᠨ ᠳᠠᠷᠤᠭ᠎ᠠ ᠯᠢ ᠾᠥᠩ ᠶᠠᠨ ᠨᠥᠬᠦᠷ ᠪᠡᠯᠡᠭᠯᠡᠬᠦ ᠬᠤᠷᠠᠯ ᠳᠡᠭᠡᠷ᠎ᠡ ᠴᠢᠬᠤᠯᠠ ᠶᠠᠷᠢᠶ᠎ᠠ ᠲᠠᠯᠪᠢᠪᠠ᠃ ᠲᠡᠷᠡ ᠵᠢᠭᠠᠵᠤ ᠭᠠᠷᠭᠠᠭᠰᠠᠨ ᠨᠢ᠂ ᠳᠤᠮᠳᠠᠳᠤ ᠤᠯᠤᠰ ᠤᠨ ᠡᠪ ᠬᠠᠮᠲᠤ ᠨᠠᠮ 96 ᠵᠢᠯ ᠤᠨ ᠲᠡᠦᠬᠡ ᠲᠠᠢ᠂ ᠨᠢᠭᠡᠨ ᠲᠡᠮᠡᠴᠡᠯ ᠦᠨ ᠲᠡᠦᠬᠡ᠂ ᠥᠩᠭᠡ ᠭᠡᠷᠡᠯᠲᠦ ᠲᠡᠦᠬᠡ ᠪᠠ ᠢᠲᠡᠭᠡᠯ ᠵᠣᠷᠢᠭ ᠬᠦᠪᠴᠢᠯᠡᠮ᠎ᠡ ᠲᠡᠦᠬᠡ ᠮᠥᠨ᠃ ᠣᠳᠣᠬᠠᠨ ᠳᠤ᠂ ᠮᠠᠨ ᠤ ᠬᠣᠲᠠ ᠶᠢᠨ ᠬᠤᠶᠠᠷ ᠱᠠᠳᠤᠨ ᠤ ᠰᠢᠭᠦᠬᠦ ᠬᠣᠷᠢᠶᠠᠨ ᠤ ᠬᠠᠤᠯᠢ ᠴᠠᠭᠠᠵᠠ ᠶᠢᠨ ᠬᠠᠷᠢᠭᠤᠴᠠᠯᠭ᠎ᠠ ᠶᠢᠨ ᠳᠦᠷᠢᠮ ᠦᠨ ᠥᠭᠡᠷᠡᠴᠢᠯᠡᠯᠲᠡ ᠶᠢᠨ ᠡᠮᠦᠨ᠎ᠡ ᠬᠤᠭᠤᠴᠠᠭᠠᠨ ᠤ ᠡᠯ᠎ᠡ ᠲᠥᠷᠦᠯ ᠦᠨ ᠥᠭᠡᠷᠡᠴᠢᠯᠡᠯᠲᠡ ᠶᠢᠨ ᠡᠭᠦᠷᠭᠡ ᠦᠨᠳᠦᠰᠦᠨ ᠳ᠋ᠡᠭᠡᠨ ᠪᠡᠶᠡᠯᠡᠭᠦᠯᠵᠦ᠂ ᠭᠡᠪᠡᠴᠦ ᠳᠠᠷᠠᠭᠠᠴᠢ ᠶᠢᠨ ᠰᠢᠨ᠎ᠡ ᠰᠢᠭᠦᠬᠦ ᠪᠠ ᠭᠦᠢᠴᠡᠳᠬᠡᠬᠦ ᠠᠵᠢᠯ ᠤᠨ ᠬᠡᠯᠪᠡᠷᠢ ᠶᠢᠨ ᠶᠠᠪᠤᠴᠠ ᠳᠤ᠂ ᠪᠠᠰᠠ ᠮᠠᠰᠢ ᠤᠯᠠᠨ ᠲᠣᠬᠢᠷᠠᠭᠰᠠᠨ ᠳᠦᠷᠢᠮ᠂ ᠰᠢᠯᠭᠠᠨ ᠪᠠᠢᠴᠠᠭᠠᠬᠤ ᠨᠠᠷᠢᠨ ᠳᠦᠷᠢᠮ ᠵᠡᠷᠭᠡ ᠳᠦᠷᠢᠮᠵᠢᠯ ᠦᠨ ᠴᠢᠨᠠᠷᠲᠠᠢ ᠠᠵᠢᠯ ᠢ ᠪᠢᠳᠡ ᠨᠠᠷᠢᠨ ᠬᠢᠨᠠᠮᠠᠭᠠᠢ ᠲᠡᠭᠦᠯᠳᠡᠷᠵᠢᠭᠦᠯᠬᠦ ᠪᠠ ᠰᠠᠢᠵᠢᠷᠠᠭᠤᠯᠤᠨ᠎ᠠ᠃ ᠲᠡᠷᠡ ᠱᠠᠭᠠᠷᠳᠠᠭᠰᠠᠨ ᠨᠢ᠂ ᠪᠦᠬᠦ ᠬᠣᠲᠠ ᠶᠢᠨ ᠰᠢᠭᠦᠬᠦ ᠬᠣᠷᠢᠶᠠᠨ ᠤ ᠡᠯ᠎ᠡ ᠱᠠᠳᠤᠨ ᠤ ᠨᠠᠮ ᠤᠨ ᠵᠣᠬᠢᠶᠠᠨ ᠪᠠᠢᠭᠤᠯᠤᠯᠲᠠ ᠪᠣᠯᠤᠨ ᠤᠯᠠᠨ ᠨᠠᠮ ᠤᠨ ᠭᠡᠰᠢᠭᠦᠨ ᠰᠢᠭᠦᠭᠴᠢ ᠡᠷᠬᠡᠪᠰᠢ ᠳᠠᠷᠢᠬᠢ ᠲᠣᠯᠤᠭᠠᠢ ᠪᠠᠨ ᠰᠡᠷᠭᠡᠢ ᠪᠠᠢᠯᠭᠠᠵᠤ᠂ ᠡᠭᠦᠷᠭᠡᠲᠦ ᠰᠡᠳᠭᠢᠯᠭᠡ ᠪᠠ ᠬᠠᠷᠢᠭᠤᠴᠠᠯᠭᠠᠲᠤ ᠰᠡᠳᠭᠢᠯᠭᠡ ᠤᠯᠠᠮ ᠨᠢᠭᠡ ᠠᠯᠬᠤᠮ ᠴᠢᠩᠭᠠᠳᠭᠠᠵᠤ᠂ ᠵᠣᠷᠢᠭ ᠰᠠᠨᠠᠭ᠎ᠠ ᠪᠠᠨ ᠬᠥᠪᠴᠢᠯᠡᠵᠦ᠂ ᠢᠳᠡᠭᠡᠯᠡᠪᠡᠯ ᠵᠣᠷᠢᠭ ᠢᠶᠠᠨ ᠴᠢᠩᠭᠠᠳᠭᠠᠵᠤ᠂ ᠨᠡᠩ ᠪᠢᠯᠬᠠᠮ᠎ᠠ ᠬᠠᠯᠠᠭᠤᠨ ᠰᠡᠳᠭᠢᠯᠭᠡ ᠪᠡᠷ᠂ ᠨᠡᠩ ᠴᠤᠭ ᠪᠠᠳᠠᠷᠠᠩᠭᠤᠢ ᠲᠡᠮᠡᠴᠡᠯ ᠦᠨ ᠵᠣᠷᠢᠭ ᠪᠡᠷ᠂ ᠨᠡᠩ ᠡᠷᠡᠰ ᠴᠢᠩᠭ᠎ᠠ ᠣᠪᠤᠷ ᠢᠶᠠᠷ ᠮᠠᠨ ᠤ ᠬᠣᠲᠠ ᠶᠢᠨ ᠰᠢᠭᠦᠬᠦ ᠬᠣᠷᠢᠶᠠᠨ ᠤ ᠰᠢᠭᠦᠬᠦ ᠪᠠ ᠭᠦᠢᠴᠡᠳᠬᠡᠬᠦ ᠠᠵᠢᠯ ᠤᠨ ᠯᠠᠪᠳᠠᠭᠤᠨ ᠤᠷᠤᠭᠰᠢᠲᠠᠢ ᠰᠠᠢᠨ ᠳᠡᠰᠢ ᠬᠥᠭᠵᠢᠬᠦ ᠶᠢ ᠴᠢᠷᠮᠠᠢᠨ ᠠᠬᠢᠭᠤᠯᠤᠨ᠎ᠠ᠃ ᠯᠢ ᠾᠥᠩ ᠶᠠᠨ ᠬᠣᠷᠢᠶᠠᠨ ᠳᠠᠷᠤᠭ᠎ᠠ ᠲᠠᠪᠤᠨ ᠬᠦᠰᠡᠯ ᠪᠠ ᠱᠠᠭᠠᠷᠳᠠᠯᠭ᠎ᠠ ᠳᠤᠷᠠᠳᠪᠠ᠄ ᠨᠢᠭᠡ ᠪᠣᠯ ᠢᠳᠡᠭᠡᠯᠡᠪᠡᠯ ᠵᠣᠷᠢᠭ ᠢ ᠭᠤᠢᠪᠢᠰᠢ ᠦᠭᠡᠢ ᠪᠠᠷᠢᠮᠲᠠᠯᠠᠨ᠎ᠠ᠃ ᠬᠤᠶᠠᠷ ᠪᠣᠯ ᠵᠣᠷᠢᠯᠲᠠ ᠪᠠᠨ ᠭᠦᠢᠴᠡᠳᠭᠡᠵᠦ ᠴᠠᠯᠭᠠᠢᠳᠠᠵᠤ ᠪᠣᠯᠬᠤ ᠦᠭᠡᠢ᠃ ᠭᠤᠷᠪᠠ ᠪᠣᠯ ᠥᠭᠡᠷᠡᠴᠢᠯᠡᠯᠲᠡ ᠵᠢ ᠵᠣᠭᠰᠤᠯᠲᠠ ᠦᠭᠡᠢ ᠲᠦᠯᠬᠢᠨ ᠠᠬᠢᠭᠤᠯᠤᠨ᠎ᠠ᠃ ᠳᠥᠷᠪᠡ ᠪᠣᠯ ᠨᠠᠮ ᠤᠨ ᠪᠦᠲᠦᠭᠡᠨ ᠪᠠᠢᠭᠤᠯᠤᠯᠲᠠ ᠶᠢ ᠴᠢᠩᠭᠠᠳᠭᠠᠵᠤ ᠰᠤᠯᠠᠷᠠᠭᠤᠯᠵᠤ ᠪᠣᠯᠬᠤ ᠦᠭᠡᠢ᠃ ᠲᠠᠪᠤ ᠪᠣᠯ ᠤᠤᠯ ᠴᠢᠨᠠᠷ ᠪᠠᠨ ᠪᠠᠷᠢᠮᠲᠠᠯᠠᠬᠤ ᠬᠡᠷᠡᠭᠲᠡᠢ᠃

      ᠳᠠᠷᠠᠭ᠎ᠠ ᠨᠢ《ᠬᠤᠪᠢᠰᠭᠠᠯ ᠤᠨ ᠠᠶᠠᠨ ᠵᠠᠮ   ᠰᠢᠳᠢᠲᠦ ᠵᠢᠩ ᠭᠠᠩ ᠱᠠᠨ ᠠᠭᠤᠯᠠ》 ᠪᠠᠷ ᠭᠣᠣᠯ ᠰᠡᠳᠦᠪ ᠪᠣᠯᠭᠠᠭᠰᠠᠨ ᠤᠯᠠᠭᠠᠨ ᠤ ᠰᠤᠷᠭᠠᠨ ᠬᠥᠮᠦᠵᠢᠯ ᠦᠨ ᠮᠡᠳᠡᠭᠦᠯᠦᠯᠲᠡ ᠶᠢᠨ ᠲᠣᠭᠯᠠᠯᠲᠠ ᠵᠢᠩᠬᠢᠨᠢ ᠪᠠᠷ ᠡᠬᠢᠯᠡᠪᠡ᠃ ᠤᠯᠠᠭᠠᠨ ᠬᠤᠪᠢᠰᠭᠠᠯ ᠤᠨ ᠳᠠᠭᠤᠤ《ᠮᠠᠤ ᠪᠠᠢᠩᠭᠤ ᠶᠢᠨ ᠬᠣᠷᠢᠶᠠᠨ ᠤ ᠬᠡᠰᠢᠭᠦᠨ ᠪᠢᠳᠡᠨ ᠲᠠᠢ ᠬᠠᠮᠲᠤ ᠪᠠᠢᠨ᠎ᠠ》 ᠪᠠᠷ ᠲᠣᠭᠯᠠᠯᠲᠠ ᠡᠬᠢᠯᠡᠪᠡ᠂ ᠪᠦᠬᠦ ᠲᠣᠭᠯᠠᠯᠲᠠ ᠬᠦᠷ ᠪᠠᠬᠠᠳᠤᠯ ᠲᠠᠢ ᠪᠠᠢᠵᠤ᠂ ᠲᠣᠭᠯᠠᠯᠲᠠ ᠮᠠᠰᠢ ᠰᠠᠢᠬᠠᠨ ᠶᠠᠪᠤᠭᠳᠠᠪᠠ᠃ ᠲᠣᠭᠯᠠᠯᠲᠠ ᠳᠤ ᠺᠠᠲᠠᠷ ᠴᠠᠭᠳᠠᠭ᠎ᠠ ᠶᠢᠨ ᠥᠪᠡᠷᠲᠡᠭᠡᠨ ᠪᠢᠴᠢᠵᠦ ᠤᠩᠰᠢᠭᠰᠠᠨ《ᠮᠢᠨᠤ ᠤᠯᠠᠭᠠᠨ ᠵᠢᠩ ᠭᠠᠩ ᠱᠠᠨ ᠠᠭᠤᠯᠠ》᠂《ᠵᠢᠩ ᠭᠠᠩ ᠱᠠᠨ ᠠᠭᠤᠯᠠ ᠲᠠᠢ ᠤᠴᠠᠷᠠᠭᠰᠠᠨ》 ᠵᠡᠷᠭᠡ ᠦᠨᠡᠨ ᠰᠡᠳᠭᠢᠯᠭᠡ ᠰᠢᠩᠭᠡᠭᠰᠡᠨ ᠪᠦᠲᠦᠭᠡᠯ ᠪᠠᠢᠬᠤ ᠮᠥᠷᠲᠡᠭᠡᠨ ᠠᠯᠪᠠᠨ ᠠᠴᠠ ᠪᠣᠯᠵᠤ ᠨᠠᠰᠤ ᠨᠥᠭᠴᠢᠭᠰᠡᠨ ᠵᠠᠯᠠᠭᠤ ᠰᠢᠭᠦᠭᠴᠢ ᠸᠠᠩ ᠶᠠᠨ ᠨᠥᠬᠦᠷ ᠦᠨ ᠠᠮᠢᠳᠤ ᠪᠠᠢᠬᠤ ᠦᠶ᠎ᠡ ᠶᠢᠨ ᠦᠨᠡᠨ ᠪᠠᠢᠳᠠᠯ ᠢ ᠦᠨᠳᠦᠰᠦᠯᠡᠵᠦ ᠨᠠᠢᠷᠠᠭᠤᠯᠤᠭᠰᠠᠨ《ᠢᠨᠢᠶᠡᠮᠰᠦᠭᠯᠡᠵᠦ ᠪᠠᠢᠭ᠎ᠠ ᠴᠠᠬᠢᠯᠳᠠᠭ ᠴᠡᠴᠡᠭ》 ᠶᠠᠷᠢᠶᠠᠲᠤ ᠵᠦᠴᠦᠭᠡ ᠪᠠᠢᠵᠤ᠂ ᠪᠠᠰᠠ ᠭᠠᠵᠠᠷ ᠨᠤᠲᠤᠭ ᠤᠨ ᠣᠨᠴᠠᠯᠢᠭ ᠪᠠ ᠦᠨᠳᠦᠰᠦᠲᠡᠨ ᠦ ᠣᠨᠴᠠᠯᠢᠭ ᠲᠠᠢ ᠭᠣᠴᠤᠯᠠᠯ ᠳᠠᠭᠤᠤ《ᠬᠤᠨ ᠭᠠᠯᠠᠭᠤ》᠂《 ᠭᠠᠳᠠ ᠮᠠᠢᠷᠠᠨ》 ᠪᠠᠢᠵᠤ᠂ ᠪᠥᠵᠢᠭ《ᠲᠠᠯ᠎ᠠ ᠨᠤᠲᠤᠭ ᠳᠡᠬᠢ ᠤᠯᠠᠭᠠᠨ ᠳᠤᠷᠠᠳᠭᠠᠯ》᠂《ᠵᠥᠩᠨᠡᠯ》 ᠵᠡᠷᠭᠡ ᠪᠦᠲᠦᠭᠡᠯ ᠲᠠᠢ᠃ ᠡᠭᠦᠨ ᠦ ᠳᠤᠮᠳᠠ《ᠢᠨᠢᠶᠡᠮᠰᠦᠭᠯᠡᠵᠦ ᠪᠠᠢᠭ᠎ᠠ ᠴᠠᠬᠢᠯᠳᠠᠭ ᠴᠡᠴᠡᠭ》 ᠨᠢ ᠲᠣᠭᠯᠠᠯᠲᠠ ᠶᠢ ᠣᠷᠭᠢᠯ ᠳᠤ ᠨᠢ ᠬᠦᠷᠭᠡᠵᠦ᠂ ᠤᠤᠯ ᠤᠨ ᠳᠠᠢᠴᠢᠨ ᠨᠥᠬᠦᠷ ᠦᠨ ᠦᠨᠡᠨ ᠰᠡᠳᠭᠢᠯᠭᠡ ᠶᠢᠨ ᠲᠣᠭᠯᠠᠯᠲᠠ ᠳᠣᠣᠷ᠎ᠠ ᠸᠠᠩ ᠶᠠᠨ ᠰᠥᠨᠢ ᠪᠦᠷᠢ ᠠᠵᠢᠯ ᠤᠨ ᠪᠠᠢᠷᠢ ᠳᠤ ᠪᠠᠢᠭᠰᠠᠨ ᠰᠢᠨ᠎ᠡ ᠴᠠᠭ ᠦᠶ᠎ᠡ ᠶᠢᠨ ᠰᠢᠯᠢᠳᠡᠭ ᠵᠠᠯᠠᠭᠤ ᠰᠢᠭᠦᠭᠴᠢ ᠶᠢᠨ ᠳᠦᠷᠢ ᠲᠥᠷᠬᠦ ᠳᠠᠬᠢᠨᠲᠠ ᠳᠤᠬᠠᠢ ᠶᠢᠨ ᠳᠠᠯᠠᠪᠠᠢ ᠳᠤ ᠪᠠᠢᠬᠤ ᠬᠥᠮᠦᠨ ᠪᠦᠬᠦᠨ ᠢ ᠤᠷᠮᠠᠰᠢᠭᠤᠯᠤᠭᠰᠠᠨ ᠪᠠᠢᠪᠠ᠃

     ᠰᠠᠨᠰᠠᠷ ᠲᠤ ᠭᠠᠷᠤᠭᠰᠠᠨ ᠴᠤ ᠰᠠᠨᠠᠭᠰᠠᠨ ᠬᠦᠰᠡᠯ ᠢᠶᠡᠨ ᠤᠮᠠᠷᠳᠠᠬᠤ ᠦᠭᠡᠢ᠃ ᠰᠢᠨ᠎ᠡ ᠬᠠᠨᠳᠤᠰᠢ᠂ ᠰᠢᠨ᠎ᠡ ᠡᠭᠦᠷᠭᠡ᠂ ᠪᠢᠳᠡᠨ ᠦ ᠨᠠᠮ ᠤᠨ ᠭᠡᠰᠢᠭᠦᠨ ᠪᠦᠷᠢ᠂ ᠺᠠᠲᠠᠷ ᠴᠠᠭᠳᠠᠭ᠎ᠠ ᠪᠦᠷᠢ ᠳᠤ ᠰᠢᠨ᠎ᠡ ᠨᠡᠩ ᠥᠨᠳᠦᠷ ᠱᠠᠭᠠᠷᠳᠠᠯᠭ᠎ᠠ ᠳᠤᠷᠠᠳᠪᠠ᠃ ᠲᠤᠰ ᠤᠳᠠᠭᠠᠨ ᠤ ᠤᠯᠠᠭᠠᠨ ᠤ ᠰᠤᠷᠭᠠᠨ ᠬᠥᠮᠦᠵᠢᠯ ᠦᠨ ᠬᠠᠷᠢᠭᠤ ᠮᠡᠳᠡᠭᠦᠯᠦᠯᠲᠡ ᠶᠢᠨ ᠲᠣᠭᠯᠠᠯᠲᠠ ᠶᠢ ᠠᠮᠵᠢᠯᠲᠠᠢ ᠥᠷᠨᠢᠭᠦᠯᠦᠭᠰᠡᠨ ᠨᠢ ᠣᠢᠷ᠎ᠠ ᠶᠢᠨ ᠵᠢᠯ ᠤᠨ ᠪᠦᠬᠦ ᠬᠣᠲᠠ ᠶᠢᠨ ᠰᠢᠭᠦᠬᠦ ᠬᠣᠷᠢᠶᠠᠨ ᠤ ᠰᠣᠶᠤᠯ ᠤᠨ ᠪᠦᠲᠦᠭᠡᠨ ᠪᠠᠢᠭᠤᠯᠤᠯᠲᠠ ᠶᠢᠨ ᠰᠢᠨ᠎ᠡ ᠪᠦᠲᠦᠮᠵᠢ ᠶᠢ ᠪᠦᠷᠢᠮᠰᠦᠨ ᠢᠯᠡᠷᠡᠭᠦᠯᠵᠦ᠂ ᠮᠥᠨᠴᠦ ᠪᠦᠬᠦ ᠬᠣᠲᠠ ᠶᠢᠨ ᠰᠢᠭᠦᠬᠦ ᠬᠣᠷᠢᠶᠠᠨ ᠤ ᠺᠠᠲᠠᠷ ᠴᠠᠭᠳᠠᠭ᠎ᠠ ᠥᠪᠡᠷ ᠦᠨ ᠳᠤᠬᠠᠢᠯᠠᠭᠰᠠᠨ ᠠᠵᠢᠯ ᠳᠤ ᠪᠠᠨ ᠬᠠᠷᠢᠭᠤᠴᠠᠵᠤ᠂ ᠳᠠᠬᠢᠨ ᠰᠢᠨ᠎ᠡ ᠢᠷᠠᠭᠤ ᠠᠯᠳᠠᠷ ᠭᠠᠷᠭᠠᠬᠤ ᠢᠲᠡᠭᠡᠯ ᠪᠠ ᠵᠣᠷᠢᠭ ᠰᠠᠨᠠᠭ᠎ᠠ ᠤᠯᠠᠮ ᠨᠢᠭᠡ ᠠᠯᠬᠤᠮ ᠬᠥᠪᠴᠢᠯᠡᠨ᠎ᠡ᠃ ᠪᠦᠬᠦ ᠬᠣᠲᠠ ᠶᠢᠨ ᠰᠢᠭᠦᠬᠦ ᠬᠣᠷᠢᠶᠠᠨ ᠤ ᠺᠠᠲᠠᠷ ᠴᠠᠭᠳᠠᠭ᠎ᠠ ᠮᠠᠨ ᠤ ᠨᠠᠮ ᠤᠨ ᠠᠷᠠᠳ ᠲᠦᠮᠡᠨ ᠲᠠᠢ ᠨᠢᠭᠲᠠ ᠬᠠᠷᠢᠯᠴᠠᠵᠤ᠂ ᠦᠨᠡᠨ ᠪᠣᠳᠠᠲᠠᠢ ᠶᠢ ᠵᠣᠷᠢᠬᠤ᠂ ᠬᠠᠲᠠᠭᠤᠵᠢᠯᠲᠠᠢ ᠲᠡᠮᠡᠴᠡᠬᠦ ᠰᠢᠯᠢᠳᠡᠭ ᠰᠤᠷᠲᠠᠯ ᠢ ᠦᠷᠭᠦᠯᠵᠢᠯᠡᠨ ᠤᠯᠠᠮᠵᠢᠯᠠᠬᠤ ᠪᠠ ᠪᠠᠳᠠᠷᠠᠭᠤᠯᠵᠤ᠂ ᠯᠠᠪᠳᠠᠭᠤᠨ ᠠᠵᠢᠯᠯᠠᠵᠤ᠂ ᠰᠢᠯᠢᠳᠡᠭ ᠪᠦᠲᠦᠮᠵᠢ ᠪᠡᠷ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠠᠮᠵᠢᠯᠲᠠ ᠲᠠᠢ ᠬᠤᠷᠠᠯᠳᠤᠬᠤ ᠪᠠ ᠥᠪᠡᠷᠲᠡᠭᠡᠨ ᠵᠠᠰᠠᠬᠤ ᠣᠷᠤᠨ ᠤ ᠪᠠᠢᠭᠤᠯᠤᠭᠳᠠᠭᠰᠠᠨ70 ᠵᠢᠯ ᠤᠨ ᠤᠢ ᠶᠢ ᠤᠭᠲᠤᠨ᠎ᠠ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )