ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠰᠢᠭᠦᠯᠲᠡ ᠳᠤ ᠬᠢᠨᠠᠯᠲᠠ ᠲᠠᠯᠪᠢᠬᠤ ᠲᠢᠩᠬᠢᠮ ᠣᠷᠳᠤᠰ ᠬᠣᠲᠠ ᠶᠢᠨ ᠳᠤᠮᠳᠠ ᠵᠡᠷᠭᠡ ᠶᠢᠨ ᠰᠢᠭᠦᠬᠦ ᠬᠣᠷᠢᠶᠠᠨ ᠳᠤ ᠬᠦᠷᠴᠦ ᠬᠢᠨᠠᠨ ᠪᠠᠢᠴᠠᠭᠠᠯᠲᠠ ᠬᠢᠪᠡ
2017.09.14 ᠲᠣᠰ ᠥᠷᠲᠡᠭᠡᠨ᠎ᠦ ᠨᠠᠢᠷᠠᠭᠤᠯᠤᠭᠴᠢ

 

 

 

 

     9 ᠰᠠᠷᠠᠢᠨ 8 ᠤ ᠡᠳᠦᠷ ᠤᠨ ᠦᠳᠡ ᠶᠢᠨ ᠡᠮᠦᠨ᠎ᠡ᠂ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠰᠢᠭᠦᠯᠲᠡ ᠳᠤ ᠬᠢᠨᠠᠯᠲᠠ ᠲᠠᠯᠪᠢᠬᠤ ᠲᠢᠩᠬᠢᠮ ᠤᠨ ᠰᠢᠭᠦᠨ ᠲᠠᠰᠤᠯᠬᠤ ᠳᠠᠷᠤᠭ᠎ᠠ ᠯᠢ ᠰᠢᠶᠠᠩ ᠪᠦᠸᠧ ᠵᠡᠷᠭᠡ ᠳᠥᠷᠪᠡᠨ ᠬᠥᠮᠦᠨ ᠥᠪᠦᠷ ᠮᠣᠩᠭᠤᠯ ᠤᠨ ᠠᠷᠠᠳ ᠤᠨ ᠳᠡᠭᠡᠳᠦ ᠵᠡᠷᠭᠡ ᠶᠢᠨ ᠰᠢᠭᠦᠬᠦ ᠬᠣᠷᠢᠶᠠᠨ ᠤ ᠰᠢᠭᠦᠯᠲᠡ ᠳᠤ ᠬᠢᠨᠠᠯᠲᠠ ᠲᠠᠯᠪᠢᠬᠤ ᠨᠢᠭᠡᠳᠦᠭᠡᠷ ᠲᠢᠩᠬᠢᠮ ᠦᠨ ᠳᠠᠷᠤᠭ᠎ᠠ ᠵᠠᠩ ᠾᠥᠩ ᠪᠢᠨ ᠵᠡᠷᠭᠡ ᠬᠥᠮᠦᠨ ᠲᠠᠢ ᠬᠠᠮᠳᠤ᠂ ᠣᠷᠳᠤᠰ ᠬᠤᠳᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠰᠢᠭᠦᠨ ᠲᠠᠰᠤᠯᠤᠯᠲᠠ ᠶᠢᠨ ᠬᠢᠨᠠᠯᠲᠠ ᠶᠢᠨ ᠠᠵᠢᠯ ᠳᠤ ᠪᠠᠢᠴᠠᠭᠠᠯᠲᠠ ᠬᠢᠪᠡ᠃

       ᠪᠠᠢᠴᠠᠭᠠᠯᠲᠠ ᠶᠢᠨ ᠳᠤᠭᠤᠢᠯᠠᠩ ᠣᠷᠳᠤᠰ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠳᠤ ᠪᠠᠢᠴᠠᠭᠠᠯᠲᠠ ᠶᠢᠨ ᠰᠠᠭᠤᠳᠠᠯ ᠤᠨ ᠬᠤᠷᠠᠯ ᠬᠤᠷᠠᠯᠳᠤᠪᠠ᠃ ᠬᠣᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠳᠡᠳ᠋ ᠬᠣᠷᠢᠶᠠᠨ ᠳᠠᠷᠤᠭ᠎ᠠ ᠯᠢ ᠮᠸᠢ ᠷᠦᠩ᠂ ᠢᠷᠭᠡᠨ ᠦ ᠬᠡᠷᠡᠭ ᠦᠨ ᠰᠢᠭᠦᠨ ᠲᠠᠰᠤᠯᠤᠯᠲᠠ ᠶᠢᠨ ᠭᠤᠷᠪᠠᠳᠤᠭᠠᠷ ᠪᠦᠯᠬᠦᠮ ᠦᠨ ᠳᠠᠷᠤᠭ᠎ᠠ᠂ ᠮᠡᠳᠡᠯᠭᠡ ᠶᠢᠨ ᠪᠦᠲᠦᠭᠳᠡᠬᠦᠨ ᠦ ᠡᠷᠬᠡ ᠪᠣᠯᠤᠨ ᠣᠨᠴᠠᠭᠠᠢ ᠠᠯᠬᠤᠮ ᠳᠠᠷᠠᠭ᠎ᠠ ᠶᠢᠨ ᠰᠢᠭᠦᠨ ᠲᠠᠰᠤᠯᠤᠯᠲᠠ ᠶᠢᠨ ᠵᠥᠪᠳᠡᠯᠴᠡᠬᠦ ᠲᠢᠩᠬᠢᠮ ᠦᠨ ᠳᠠᠷᠤᠭ᠎ᠠ ᠪᠢᠶᠠᠨ ᠰᠢᠶᠣᠣ ᠶᠠᠨ᠂ ᠬᠤᠳᠠᠯᠳᠤᠭᠠᠨ ᠤ ᠬᠡᠷᠡᠭ ᠦᠨ ᠰᠢᠭᠦᠨ ᠲᠠᠰᠤᠯᠤᠯᠲᠠ ᠶᠢᠨ ᠵᠥᠪᠳᠡᠯᠴᠡᠬᠦ ᠲᠢᠩᠬᠢᠮ ᠦᠨ ᠳᠠᠷᠤᠭ᠎ᠠ ᠯᠢ ᠱᠦᠨ ᠾᠸ᠂ ᠬᠥᠳᠡᠯᠮᠦᠷᠢ ᠵᠠᠮ ᠬᠠᠷᠢᠯᠴᠠᠭ᠎ᠠ ᠡᠮᠨᠡᠯᠭᠡ ᠰᠤᠷᠭᠠᠨ ᠬᠥᠮᠦᠵᠢᠯ ᠦᠨ ᠰᠢᠭᠦᠨ ᠲᠠᠰᠤᠯᠤᠯᠲᠠ ᠶᠢᠨ ᠵᠥᠪᠳᠡᠯᠴᠡᠬᠦ ᠲᠢᠩᠬᠢᠮ ᠦᠨ ᠳᠠᠷᠤᠭ᠎ᠠ ᠾᠸ ᠶᠠᠨ  ᠴᠦᠨ᠂ ᠲᠠᠰᠤᠯᠤᠯᠲᠠ ᠭᠦᠢᠴᠡᠳᠬᠡᠬᠦ ᠵᠥᠪᠳᠡᠯᠴᠡᠬᠦ ᠲᠢᠩᠬᠢᠮ ᠦᠨ ᠰᠢᠭᠦᠨ ᠲᠠᠰᠤᠯᠤᠭᠴᠢ ᠯᠢᠤ ᠰᠢᠨ ᠵᠢᠴᠢ ᠳᠠᠬᠢᠨ ᠰᠢᠭᠦᠯᠲᠡ ᠶᠢᠨ ᠬᠢᠨᠠᠨ ᠪᠠᠢᠴᠠᠭᠠᠯᠲᠠ ᠶᠢᠨ ᠪᠦᠯᠬᠦᠮ ᠦᠨ ᠪᠦᠬᠦ ᠺᠠᠲᠠᠷ ᠴᠠᠭᠳᠠᠭ᠎ᠠ ᠰᠠᠭᠤᠳᠠᠯ ᠤᠨ ᠬᠤᠷᠠᠯ ᠳᠤ ᠣᠷᠤᠯᠴᠠᠪᠠ᠃ ᠬᠤᠷᠠᠯᠳᠤᠭᠠᠨ ᠨᠢ ᠰᠢᠭᠦᠯᠲᠡ ᠶᠢᠨ ᠬᠢᠨᠠᠯᠲᠠ ᠶᠢᠨ ᠠᠯᠬᠤᠮ ᠳᠠᠷᠠᠭ᠎ᠠ ᠨᠢ ᠪᠠᠢᠭᠤᠯᠤᠮᠵᠢ ᠵᠣᠬᠢᠴᠠᠮᠵᠢ ᠵᠢᠴᠢ ᠪᠤᠳᠠᠳᠠᠢ ᠳᠡᠰ ᠳᠠᠷᠠᠭᠠᠯᠠᠯ ᠳᠤ ᠣᠷᠤᠰᠢᠵᠤ ᠪᠠᠢᠭ᠎ᠠ ᠠᠰᠠᠭᠤᠳᠠᠯ᠂ ᠥᠩᠭᠡᠪᠴᠢ ᠣᠷᠤᠯᠠᠯ ᠤᠨ ᠮᠠᠭᠠᠳᠯᠠᠨ ᠲᠣᠭᠲᠠᠭᠠᠬᠤ ᠵᠢᠴᠢ ᠭᠤᠷᠪᠠᠳᠤᠭᠠᠷ ᠡᠲᠡᠭᠡᠳ ᠦᠨ ᠪᠤᠴᠠᠭᠠᠭᠰᠠᠨ ᠵᠠᠷᠭᠤ᠂ ᠭᠦᠢᠴᠡᠳᠬᠡᠬᠦ ᠣᠨᠳᠣᠣ ᠰᠠᠨᠠᠯ ᠤᠨ ᠵᠠᠷᠭᠤ᠂ ᠬᠡᠷᠡᠭ ᠦᠨ ᠭᠠᠳᠠᠨᠠᠬᠢ ᠬᠥᠮᠦᠨ ᠳᠠᠬᠢᠨ ᠰᠢᠭᠦᠯᠭᠡᠬᠦ ᠭᠤᠶᠤᠴᠢᠯᠠᠯ ᠤᠨ ᠪᠠᠢᠭᠤᠯᠤᠮᠵᠢ ᠰᠢᠭᠦᠨ ᠲᠠᠰᠤᠯᠤᠯᠲᠠ ᠶᠢᠨ ᠦᠢᠯᠡᠳᠦᠯᠭᠡ ᠳᠤᠮᠳᠠ ᠣᠷᠤᠰᠢᠵᠤ ᠪᠠᠢᠭ᠎ᠠ ᠬᠦᠴᠢᠷᠲᠡᠢ ᠠᠰᠠᠭᠤᠳᠠᠯ ᠢ ᠲᠣᠭᠤᠷᠢᠭᠤᠯᠤᠨ ᠶᠠᠷᠢᠯᠴᠠᠭᠠᠨ ᠤ ᠰᠠᠭᠤᠳᠠᠯ ᠤᠨ ᠬᠤᠷᠠᠯ ᠶᠠᠪᠤᠭᠳᠠᠭᠤᠯᠪᠠ᠃

      ᠰᠠᠭᠤᠳᠠᠯ ᠤᠨ ᠬᠤᠷᠠᠯ ᠳᠡᠭᠡᠷ᠎ᠡ᠂ ᠳᠠᠬᠢᠨ ᠰᠢᠭᠦᠯᠲᠡ ᠶᠢᠨ ᠬᠢᠨᠠᠨ ᠪᠠᠢᠴᠠᠭᠠᠯᠲᠠ ᠶᠢᠨ ᠪᠦᠯᠬᠦᠮ ᠦᠨ ᠳᠠᠷᠤᠭ᠎ᠠ᠂ ᠵᠥᠪᠳᠡᠯᠴᠡᠬᠦ ᠲᠢᠩᠬᠢᠮ ᠦᠨ ᠰᠢᠭᠦᠨ ᠲᠠᠰᠤᠯᠬᠤ ᠳᠠᠷᠤᠭ᠎ᠠ ᠲᠤᠶᠠᠭ᠎ᠠ ᠮᠠᠨ ᠤ ᠬᠤᠳᠠ ᠶᠢᠨ ᠰᠢᠭᠦᠬᠦ ᠬᠣᠷᠢᠶᠠᠨ ᠤ ᠬᠢᠨᠠᠨ ᠪᠠᠢᠴᠠᠭᠠᠯᠲᠠ ᠪᠠᠢᠭᠤᠯᠤᠮᠵᠢ ᠵᠣᠬᠢᠴᠠᠮᠵᠢ ᠳᠤᠮᠳᠠ ᠣᠷᠤᠰᠢᠵᠤ ᠪᠠᠢᠭ᠎ᠠ ᠠᠰᠠᠭᠤᠳᠠᠯ ᠢ ᠲᠠᠨᠢᠯᠴᠠᠭᠤᠯᠵᠤ᠂ ᠳᠡᠳ᠋ ᠪᠦᠯᠬᠦᠮ ᠦᠨ ᠳᠠᠷᠤᠭ᠎ᠠ᠂ ᠰᠢᠭᠦᠨ ᠲᠠᠰᠤᠯᠤᠭᠴᠢ ᠯᠢᠦ ᠢ ᠬᠠᠩ᠂ ᠰᠢᠭᠦᠭᠴᠢ ᠶᠢᠨ ᠬᠠᠪᠰᠤᠷᠤᠭᠴᠢ ᠯᠢᠦ ᠮᠢᠨ ᠰᠢᠭᠦᠬᠦ ᠴᠢᠨᠠᠷ ᠲᠠᠢ ᠮᠡᠷᠭᠡᠵᠢᠯ ᠦᠨ ᠬᠢᠨᠠᠯᠲᠠ ᠲᠠᠯᠪᠢᠬᠤ ᠵᠢᠷᠥᠮ ᠦᠨ ᠪᠤᠳᠠᠳᠠᠢ ᠦᠢᠯᠡᠳᠦᠯᠭᠡ ᠶᠢᠨ ᠠᠰᠠᠭᠤᠳᠠᠯ ᠢ ᠳᠤᠷᠠᠳᠴᠤ᠂ ᠢᠷᠭᠡᠨ ᠦ ᠬᠡᠷᠡᠭ ᠦᠨ ᠰᠢᠭᠦᠨ ᠲᠠᠰᠤᠯᠤᠯᠲᠠ ᠶᠢᠨ ᠭᠤᠷᠪᠠᠳᠤᠭᠠᠷ ᠪᠦᠯᠬᠦᠮ ᠦᠨ ᠳᠠᠷᠤᠭ᠎ᠠ᠂ ᠮᠡᠳᠡᠯᠭᠡ ᠶᠢᠨ ᠪᠦᠲᠦᠭᠡᠭᠳᠡᠬᠦᠨ ᠦ ᠡᠷᠬᠡ ᠪᠣᠯᠤᠨ ᠲᠤᠰᠭᠠᠢ ᠵᠢᠷᠥᠮ ᠦᠨ ᠰᠢᠭᠦᠨ ᠲᠠᠰᠤᠯᠬᠤ ᠬᠠᠮᠲᠤᠷᠠᠨ ᠵᠥᠪᠯᠡᠬᠦ ᠲᠢᠩᠬᠢᠮ ᠦᠨ ᠳᠠᠷᠤᠭ᠎ᠠ ᠪᠢᠶᠠᠨ ᠰᠢᠶᠣᠣ ᠶᠠᠨ ᠭᠤᠷᠪᠠᠳᠤᠭᠠᠷ ᠡᠳᠡᠭᠡᠳ ᠦᠨ ᠪᠤᠴᠠᠭᠠᠭᠰᠠᠨ ᠵᠠᠷᠭᠤ ᠨᠢ ᠰᠢᠭᠦᠨ ᠲᠠᠰᠤᠯᠤᠯᠲᠠ ᠶᠢᠨ ᠪᠣᠳᠠᠲᠠᠢ ᠦᠢᠯᠡᠳᠦᠯᠭᠡ ᠳᠤᠮᠳᠠ ᠲᠤᠯᠭᠠᠷᠠᠭᠰᠠᠨ ᠠᠰᠠᠭᠤᠳᠠᠯ ᠢ ᠳᠤᠷᠠᠳᠴᠤ᠂ ᠬᠤᠳᠠᠯᠳᠤᠭᠠᠨ ᠤ ᠬᠡᠷᠡᠭ ᠦᠨ ᠰᠢᠭᠦᠨ ᠲᠠᠰᠤᠯᠤᠯᠲᠠ ᠶᠢᠨ ᠵᠥᠪᠳᠡᠯᠴᠡᠬᠦ ᠲᠢᠩᠬᠢᠮ ᠦᠨ ᠰᠢᠭᠦᠨ ᠲᠠᠰᠤᠯᠬᠤ ᠳᠠᠷᠤᠭ᠎ᠠ ᠯᠢ ᠱᠦᠨ ᠾᠸ᠂ᠬᠥᠳᠡᠯᠮᠦᠷᠢ ᠵᠠᠮ ᠬᠠᠷᠢᠯᠴᠠᠭ᠎ᠠ ᠡᠮᠨᠡᠯᠭᠡ ᠰᠤᠷᠭᠠᠨ ᠬᠥᠮᠦᠵᠢᠯ ᠦᠨ ᠰᠢᠭᠦᠨ ᠲᠠᠰᠤᠯᠤᠯᠲᠠ ᠶᠢᠨ ᠵᠥᠪᠳᠡᠯᠴᠡᠬᠦ ᠲᠢᠩᠬᠢᠮ ᠦᠨ ᠳᠠᠷᠤᠭ᠎ᠠ ᠾᠸ ᠶᠠᠨ  ᠴᠦᠨ ᠥᠪᠡᠷ ᠤᠨ ᠰᠢᠢᠳᠪᠦᠷᠢᠯᠡᠭᠰᠡᠨ ᠬᠡᠷᠡᠭ ᠲᠠᠢ ᠪᠠᠨ ᠤᠶᠠᠯᠳᠤᠭᠤᠯᠵᠤ ᠥᠩᠭᠡᠪᠴᠢ ᠣᠷᠤᠯᠠᠯ ᠤᠨ ᠬᠡᠷᠡᠭ ᠦᠨ ᠰᠢᠢᠳᠪᠦᠷᠢᠯᠡᠬᠦ ᠠᠷᠭ᠎ᠠ ᠪᠠᠷᠢᠯ ᠢ ᠲᠠᠨᠢᠯᠴᠠᠭᠤᠯᠵᠤ᠂ ᠭᠦᠢᠴᠡᠳᠬᠡᠬᠦ ᠰᠢᠢᠳᠭᠡᠭᠦ ᠵᠥᠪᠳᠡᠯᠴᠡᠬᠦ ᠲᠢᠩᠬᠢᠮ ᠦᠨ ᠰᠢᠭᠦᠨ ᠲᠠᠰᠤᠯᠤᠭᠴᠢ ᠯᠢᠦ ᠰᠢᠨ ᠮᠠᠨ ᠤ ᠬᠣᠲᠠ ᠶᠢᠨ ᠰᠢᠭᠦᠬᠦ ᠬᠣᠷᠢᠶᠠᠨ ᠤ ᠬᠡᠷᠡᠭ ᠰᠢᠢᠳᠪᠦᠷᠢᠯᠡᠬᠦ ᠲᠤᠬᠠᠢ ᠣᠨᠳᠣᠣ ᠰᠠᠨᠠᠯ ᠢ ᠬᠦᠯᠢᠶᠡᠨ ᠠᠪᠴᠤ ᠰᠢᠢᠳᠪᠦᠷᠢᠯᠡᠬᠦ ᠪᠠᠢᠳᠠᠯ ᠪᠠ ᠣᠷᠤᠰᠢᠵᠤ ᠪᠠᠢᠭ᠎ᠠ ᠠᠰᠠᠭᠤᠳᠠᠯ ᠤᠨ ᠲᠤᠬᠠᠢ ᠬᠠᠷᠢᠭᠤ ᠮᠡᠳᠡᠭᠦᠯᠦᠯᠲᠡ ᠬᠢᠵᠦ᠂ ᠬᠠᠮᠤᠭ ᠰᠡᠭᠦᠯ ᠳᠤ ᠯᠢ ᠮᠸᠢ ᠷᠦᠩ ᠳᠡᠳ᠋ ᠬᠣᠷᠢᠶᠠᠨ ᠳᠠᠷᠤᠭ᠎ᠠ ᠮᠠᠨ ᠤ ᠬᠣᠲᠠ ᠶᠢᠨ ᠰᠢᠭᠦᠬᠦ ᠬᠣᠷᠢᠶᠠᠨ ᠤ ᠰᠢᠭᠦᠨ ᠲᠠᠰᠤᠯᠤᠯᠲᠠ ᠶᠢᠨ ᠦᠢᠯᠡᠳᠦᠯᠭᠡ ᠳᠦ ᠴᠢᠭᠯᠡᠭᠦᠯᠦᠨ ᠪᠠᠢᠴᠠᠭᠠᠨ ᠰᠤᠳᠤᠯᠬᠤ ᠳᠤᠭᠤᠢᠯᠠᠩ ᠳᠤ ᠬᠤᠶᠠᠷ ᠠᠰᠠᠭᠤᠯᠲᠠ ᠳᠤᠷᠠᠳᠪᠠ᠄ ᠨᠢᠭᠡ ᠪᠣᠯ ᠰᠢᠭᠦᠨ ᠲᠠᠰᠤᠯᠤᠯᠲᠠ ᠶᠢᠨ ᠬᠢᠨᠠᠬᠤ ᠶᠠᠪᠤᠴᠠ ᠳᠠᠬᠢᠨ ᠰᠢᠭᠦᠬᠦ ᠪᠡᠷ ᠪᠤᠴᠠᠭᠠᠭᠰᠠᠨ ᠬᠡᠷᠡᠭ ᠨᠢ ᠳᠠᠬᠢᠨ ᠰᠢᠭᠦᠯᠭᠡᠬᠦ ᠪᠡᠷ ᠭᠤᠶᠤᠴᠢᠯᠠᠵᠤ ᠪᠣᠯᠬᠤ ᠡᠰᠡᠬᠦ᠂ ᠬᠤᠶᠠᠷ ᠪᠣᠯ ᠵᠠᠷᠭᠤ ᠶᠢᠨ ᠡᠮᠦᠨᠡᠬᠢ᠂ ᠵᠠᠷᠭᠤ ᠶᠢᠨ ᠳᠤᠮᠳᠠᠬᠢ ᠬᠠᠮᠠᠭᠠᠯᠠᠨ ᠬᠠᠳᠠᠭᠠᠯᠠᠬᠤ ᠪᠠ ᠭᠦᠢᠴᠡᠳᠬᠡᠬᠦ ᠦᠶ᠎ᠡ ᠶᠢᠨ ᠬᠠᠮᠠᠭᠠᠯᠠᠨ ᠬᠠᠳᠠᠭᠠᠯᠠᠬᠤ ᠶᠢᠨ ᠬᠠᠷᠢᠴᠠᠭᠠᠨ ᠤ ᠠᠰᠠᠭᠤᠳᠠᠯ᠃

      ᠪᠠᠢᠴᠠᠭᠠᠨ ᠰᠤᠳᠤᠯᠬᠤ ᠳᠤᠭᠤᠢᠯᠠᠩ ᠲᠠᠨᠢᠯᠴᠠᠭᠤᠯᠤᠭ᠎ᠠ ᠶᠢᠨ ᠪᠦᠬᠦ ᠶᠠᠪᠤᠴᠠ ᠶᠢ ᠨᠠᠷᠢᠨ ᠬᠢᠨᠠᠮᠠᠭᠠᠢ ᠰᠣᠨᠤᠰᠴᠤ᠂ ᠪᠠᠰᠠ ᠰᠢᠭᠦᠭᠴᠢ ᠶᠢᠨ ᠳᠤᠷᠠᠳᠤᠭᠰᠠᠨ ᠠᠰᠠᠭᠤᠳᠠᠯ ᠢ ᠨᠠᠷᠢᠯᠢᠭ ᠬᠠᠷᠢᠭᠤᠯᠵᠤ᠂ ᠪᠤᠰᠤᠳ ᠬᠠᠮᠢᠶ᠎ᠠ ᠪᠦᠬᠦᠢ ᠬᠡᠯᠳᠡᠰ ᠶᠢᠨ ᠠᠰᠠᠭᠤᠯᠲᠠ ᠳᠤ ᠳᠡᠮᠳᠡᠭᠯᠡᠯ ᠬᠢᠵᠦ᠂ ᠬᠠᠷᠢᠭᠰᠠᠨ ᠤ ᠳᠠᠷᠠᠭ᠎ᠠ ᠪᠤᠰᠤᠳ ᠲᠤ ᠲᠤᠰᠢᠶᠠᠵᠤ ᠰᠢᠢᠳᠪᠦᠷᠢᠯᠡᠨ᠎ᠡ᠃ ᠲᠤᠰ ᠤᠳᠠᠭᠠᠨ ᠤ ᠪᠠᠢᠴᠠᠭᠠᠨ ᠰᠤᠳᠤᠯᠤᠯᠲᠠ ᠶᠢᠨ ᠰᠠᠭᠤᠳᠠᠯ ᠤᠨ ᠬᠤᠷᠠᠯ ᠨᠢ ᠮᠠᠨ ᠤ ᠬᠣᠲᠠ ᠶᠢᠨ ᠰᠢᠭᠦᠬᠦ ᠬᠣᠷᠢᠶᠠᠨ ᠤ ᠰᠢᠭᠦᠨ ᠲᠠᠰᠤᠯᠤᠯᠲᠠ ᠶᠢᠨ ᠠᠵᠢᠯ ᠳᠤ ᠴᠢᠬᠤᠯᠠ ᠠᠴᠢ ᠬᠣᠯᠪᠤᠭᠳᠠᠯ ᠲᠠᠢ᠂ ᠶᠡᠷᠦ ᠡᠴᠡ ᠰᠢᠭᠦᠭᠴᠢ ᠨᠠᠷ ᠢ ᠵᠣᠪᠠᠭᠠᠵᠤ ᠪᠠᠢᠭᠰᠠᠨ ᠬᠠᠤᠯᠢ ᠴᠠᠭᠠᠵᠠ ᠶᠢᠨ ᠪᠤᠳᠠᠳᠠᠢ ᠪᠠ ᠠᠯᠬᠤᠮ ᠳᠠᠷᠠᠭ᠎ᠠ ᠶᠢᠨ ᠠᠰᠠᠭᠤᠳᠠᠯ ᠢ ᠰᠢᠢᠳᠪᠦᠷᠢᠯᠡᠵᠦ᠂ ᠮᠠᠨ ᠤ ᠬᠣᠷᠢᠶᠠᠨ ᠤ ᠳᠠᠷᠠᠭᠠᠴᠢ ᠶᠢᠨ ᠰᠢᠭᠦᠨ ᠲᠠᠰᠤᠯᠤᠯᠲᠠ ᠶᠢᠨ ᠠᠵᠢᠯ ᠳᠤ ᠲᠤᠰᠭᠠᠢ ᠵᠢᠯᠤᠭᠤᠳᠤᠮᠵᠢ ᠪᠠ ᠯᠠᠪᠯᠠᠯᠲᠠ ᠪᠣᠯᠪᠠ᠃

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )