ᠭᠤᠴᠢᠳᠤᠭᠠᠷ《6.26》ᠳᠡᠯᠡᠬᠡᠢ ᠶᠢᠨ ᠬᠣᠣᠷ ᠴᠠᠭᠠᠵᠠᠯᠠᠬᠤ ᠡᠳᠦᠷ ᠬᠦᠷᠴᠦ ᠢᠷᠡᠬᠦ ᠲᠠᠰᠢᠷᠠᠮ ᠢᠶᠠᠷ᠂ ᠣᠷᠳᠤᠰ ᠬᠤᠳᠠ ᠶᠢᠨ ᠬᠣᠣᠷ ᠴᠠᠭᠠᠵᠠᠯᠠᠬᠤ ᠠᠵᠢᠯ ᠤᠨ ᠺᠣᠮᠢᠰ ᠲᠣᠯᠤᠭᠠᠢᠯᠠᠨ《6.26》 ᠳᠡᠯᠡᠬᠡᠢ ᠶᠢᠨ ᠬᠣᠣᠷ ᠴᠠᠭᠠᠵᠠᠯᠠᠬᠤ ᠡᠳᠦᠷ ᠦᠨ ᠲᠣᠮᠤ ᠬᠡᠪᠴᠢᠶᠡᠨ ᠦ ᠤᠬᠠᠭᠤᠯᠭ᠎ᠠ ᠳᠠᠷᠤᠢ ᠬᠣᠣᠷᠠᠲᠤ ᠡᠳ᠋ ᠴᠠᠭᠠᠵᠠᠯᠠᠬᠤ ᠰᠠᠢᠨ ᠳᠤᠷ᠎ᠠ ᠶᠢᠨ ᠠᠵᠢᠯᠯᠠᠭᠴᠢ ᠶᠢᠨ ᠬᠣᠯᠪᠤᠭᠠᠲᠤ ᠬᠤᠷᠠᠯ ᠡᠬᠢᠯᠡᠭᠦᠯᠬᠦ ᠶᠣᠰᠣᠯᠠᠯ ᠢ ᠶᠠᠪᠤᠭᠳᠠᠭᠤᠯᠪᠠ᠃ ᠣᠷᠳᠤᠰ ᠬᠤᠳᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠪᠠᠢᠴᠠᠭᠠᠨ ᠰᠤᠳᠤᠯᠤᠭᠴᠢ ᠽᠠᠩ ᠵᠢᠶᠠᠨ ᠫᠢᠩ ᠡᠬᠢᠯᠡᠭᠦᠯᠬᠦ ᠶᠣᠰᠣᠯᠠᠯ ᠳᠤ ᠰᠠᠭᠠᠲᠠᠵᠤ᠂ ᠬᠤᠳᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶᠠᠨ ᠤ ᠬᠠᠮᠢᠶ᠎ᠠ ᠪᠦᠬᠦᠢ ᠬᠡᠯᠳᠡᠰ ᠦᠨ ᠺᠠᠲᠠᠷ ᠴᠠᠭᠳᠠᠭ᠎ᠠ ᠬᠥᠳᠡᠯᠭᠡᠭᠡᠨ ᠳᠤ ᠣᠷᠤᠯᠴᠠᠪᠠ᠃
ᠬᠣᠣᠷ ᠴᠠᠭᠠᠵᠠᠯᠠᠬᠤ ᠲᠡᠤᠬᠡ ᠤᠷᠲᠤ ᠤᠳᠠᠭᠠᠨ ᠪᠠᠢᠳᠠᠭ᠃ 1839 ᠣᠨ ᠤ 6 ᠰᠠᠷ᠎ᠠ᠂ ᠴᠢᠩ ᠤᠯᠤᠰ ᠤᠨ ᠵᠠᠰᠠᠭ ᠤᠨ ᠣᠷᠳᠤᠨ ᠪᠠᠢᠴᠠᠭᠠᠭᠴᠢ ᠲᠦᠰᠢᠮᠡᠯ ᠯᠢᠨ ᠽᠸ ᠰᠢᠦᠢ ᠶᠢ ᠲᠣᠮᠢᠯᠠᠨ ᠭᠤᠸᠠᠩᠳᠦ᠋ᠩ ᠦᠨ ᠬᠤᠮᠸᠨ ᠳᠤ 237 ᠲᠣᠨ ᠬᠠᠷ᠎ᠠ ᠳᠠᠮᠠᠬᠢ ᠶᠢ ᠲᠥᠪᠯᠡᠷᠡᠭᠦᠯᠦᠨ ᠤᠰᠠᠳᠭᠠᠵᠤ᠂ ᠯᠢᠨ ᠽᠧ ᠰᠢᠦᠢ ᠮᠠᠨ ᠤ ᠤᠯᠤᠰ ᠤᠨ ᠲᠡᠤᠬᠡᠨ ᠳᠡᠭᠡᠷᠡᠬᠢ ᠠᠩᠬᠠᠳᠤᠭᠠᠷ ᠬᠣᠣᠷ ᠴᠠᠭᠠᠵᠠᠯᠠᠭᠰᠠᠨ ᠪᠠᠭᠠᠲᠤᠷ ᠪᠣᠯᠵᠤ᠂ 6 ᠰᠠᠷᠠᠢᠨ 26 ᠤ ᠡᠳᠦᠷ᠂ ᠬᠤᠮᠸᠨ ᠳᠤ ᠬᠠᠷ᠎ᠠ ᠳᠠᠮᠠᠬᠢ ᠤᠰᠠᠳᠭᠠᠭᠰᠠᠨ ᠤ ᠬᠣᠶᠠᠳᠤᠭᠠᠷ ᠡᠳᠦᠷ ᠢ ᠳᠡᠯᠡᠬᠡᠢ ᠶᠢᠨ ᠬᠣᠣᠷ ᠴᠠᠭᠠᠵᠠᠯᠠᠬᠤ ᠡᠳᠦᠷ ᠢᠶᠡᠷ ᠲᠣᠭᠲᠠᠭᠠᠪᠠ᠃
ᠬᠣᠣᠷ ᠴᠠᠭᠠᠵᠠᠯᠠᠬᠤ ᠶᠢ ᠡᠷᠬᠡᠪᠰᠢ ᠶᠠᠪᠤᠭᠳᠠᠭᠤᠯᠬᠤ ᠬᠡᠷᠡᠭᠲᠡᠢ᠃ ᠬᠣᠣᠷᠲᠤ ᠡᠳ᠋ ᠨᠢ ᠬᠣᠣᠷ ᠬᠥᠨᠦᠭᠡᠯ ᠢᠶᠡᠷ ᠳᠦᠭᠦᠷᠡᠭᠰᠡᠨ ᠪᠠᠢᠵᠤ ᠨᠢᠭᠡᠴᠦ ᠠᠰᠢᠭ ᠦᠭᠡᠢ ᠶᠤᠮ᠂《 ᠥᠪᠡᠷ ᠦᠨ ᠪᠡᠶ᠎ᠡ ᠪᠠᠨ ᠦᠭᠡᠢ ᠬᠢᠵᠦ᠂ ᠭᠡᠷ ᠪᠦᠯᠢ ᠪᠠᠨ ᠰᠠᠷᠨᠢᠭᠤᠯᠵᠤ᠂ ᠨᠡᠢᠭᠡᠮ ᠳᠤ ᠬᠥᠨᠦᠭᠡᠯ ᠦᠵᠡᠭᠦᠯᠳᠡᠭ》᠃ ᠬᠣᠣᠷ ᠳᠠᠳᠠᠳᠠᠭ ᠬᠥᠮᠦᠨ ᠳᠤ ᠠᠪᠴᠤ ᠬᠡᠯᠡᠪᠡᠯ᠂ ᠬᠣᠣᠷᠲᠤ ᠡᠳ᠋ ᠡᠷᠡᠭᠦᠯ ᠴᠢᠭᠢᠷᠠᠭ ᠲᠤ ᠮᠠᠰᠢ ᠨᠥᠯᠦᠭᠡ ᠲᠠᠢ᠂ ᠠᠮᠢᠳᠤᠷᠠᠯ ᠳᠤᠮᠳᠠ ᠬᠣᠣᠷᠲᠤ ᠡᠳ᠋ ᠬᠡᠲᠦᠷᠡᠳᠡᠯ᠎ᠡ ᠳᠠᠳᠠᠵᠤ ᠦᠬᠦᠭᠰᠡᠨ ᠵᠢᠱᠢᠶ᠎ᠡ ᠮᠠᠰᠢ ᠤᠯᠠᠨ ᠪᠤᠢ᠂ ᠬᠣᠣᠷᠲᠤ ᠡᠳ᠋ ᠦᠨ ᠹᠢᠽᠢᠣᠯᠥᠭᠢ ᠶᠢᠨ ᠲᠦᠰᠢᠭᠯᠡᠬᠦ ᠴᠢᠨᠠᠷ ᠪᠠ ᠰᠡᠳᠭᠢᠴᠡ ᠶᠢᠨ ᠲᠦᠰᠢᠭᠯᠡᠬᠦ ᠴᠢᠨᠠᠷ ᠨᠢ ᠬᠣᠣᠷ᠎ᠠ ᠳᠠᠳᠠᠭᠴᠢ ᠶᠢ ᠬᠣᠣᠷᠲᠤ ᠡᠳ᠋ ᠦᠨ ᠪᠣᠭᠤᠯ ᠪᠣᠯᠭᠠᠳᠠᠭ᠃ ᠬᠣᠣᠷ᠎ᠠ ᠳᠠᠳᠠᠭᠴᠢ ᠶᠢᠨ ᠭᠡᠷ ᠪᠦᠯᠢ ᠳᠤ ᠠᠪᠴᠤ ᠬᠡᠯᠡᠪᠡᠯ᠂ ᠬᠣᠣᠷ᠎ᠠ ᠶᠢᠨ ᠬᠣᠷᠤᠬᠠᠢ ᠨᠢ ᠬᠥᠳᠡᠯᠦᠭᠰᠡᠭᠡᠷ ᠶᠠᠭᠤ ᠴᠤ ᠬᠠᠢᠬᠤᠷᠬᠤ ᠦᠭᠡᠢ ᠪᠠᠢᠵᠤ᠂ ᠨᠢᠭᠡ ᠭᠡᠷ ᠲᠤ ᠬᠣᠣᠷ᠎ᠠ ᠳᠠᠳᠠᠭᠴᠢ ᠪᠠᠢᠪᠠᠯ᠂ ᠡᠨᠡ ᠭᠡᠷ ᠪᠦᠯᠢ ᠠᠮᠤᠷ ᠲᠠᠢᠪᠤᠩ ᠡᠳᠦᠷ ᠦᠭᠡᠢ ᠪᠣᠯᠵᠤ᠂ ᠡᠨᠡ ᠭᠡᠷ ᠪᠦᠯᠢ ᠶᠢᠨ ᠶᠠᠳᠠᠭᠤᠷᠠᠯ ᠪᠠ ᠵᠥᠷᠢᠴᠡᠯ ᠦᠨ ᠡᠬᠢᠯᠡᠯᠲᠡ ᠪᠠᠢᠵᠤ᠂ ᠭᠡᠷ ᠪᠦᠯᠢ ᠨᠢ ᠰᠠᠷᠨᠢᠬᠤ ᠨᠢ ᠬᠣᠣᠷ᠎ᠠ ᠳᠠᠳᠠᠭᠴᠢ ᠶᠢᠨ ᠭᠡᠷ ᠪᠦᠯᠢ ᠶᠢᠨ ᠲᠡᠭᠦᠰᠭᠡᠯ ᠪᠠᠢᠳᠠᠭ᠃ ᠬᠣᠣᠷᠲᠤ ᠡᠳ᠋ ᠨᠢ ᠨᠡᠢᠭᠡᠮ ᠳᠤ ᠦᠵᠡᠭᠦᠯᠬᠦ ᠨᠥᠯᠦᠭᠡ ᠨᠢ ᠨᠡᠩ ᠶᠡᠬᠡ᠂ ᠬᠣᠣᠷᠲᠤ ᠡᠳ᠋ ᠪᠣᠯᠤᠨ ᠶᠠᠯᠠᠲᠤ ᠠᠵᠢᠯᠯᠠᠭ᠎ᠠ ᠬᠡᠵᠢᠶᠡᠳᠡ ᠴᠤᠭ ᠪᠠᠢᠳᠠᠭ᠂ ᠬᠠᠤᠯᠢ ᠪᠤᠰᠤ ᠪᠡᠷ ᠵᠥᠭᠡᠭᠡᠪᠦᠷᠢᠯᠡᠭᠦ᠂ ᠠᠷᠠᠯᠵᠢᠶᠠᠯᠠᠬᠤ᠂ ᠬᠣᠣᠷᠲᠤ ᠡᠳ᠋ ᠵᠣᠬᠢᠶᠠᠬᠤ ᠵᠡᠷᠭᠡ ᠶᠠᠯᠠᠲᠤ ᠠᠵᠢᠯᠯᠠᠭ᠎ᠠ ᠡᠭᠦᠰᠭᠡᠳᠡᠭ᠂ ᠪᠠᠰᠠ ᠬᠣᠣᠷ᠎ᠠ ᠳᠠᠲᠠᠬᠤ ᠠᠴᠠ ᠪᠣᠯᠵᠤ ᠬᠤᠯᠠᠭᠠᠢᠯᠠᠬᠤ᠂ ᠪᠤᠯᠢᠶᠠᠨ ᠳᠡᠭᠡᠷᠡᠮᠳᠡᠬᠦ᠂ ᠵᠣᠷᠢᠭᠤᠳᠠ ᠰᠢᠷᠬᠠᠲᠠᠭᠤᠯᠬᠤ ᠴᠢᠨᠠᠭᠰᠢᠯᠠᠨ ᠬᠥᠮᠦᠨ ᠠᠯᠠᠬᠤ ᠵᠡᠷᠭᠡ ᠶᠠᠯᠠᠲᠤ ᠠᠵᠢᠯᠯᠠᠭ᠎ᠠ ᠡᠭᠦᠰᠭᠡᠳᠡᠭ᠃ ᠬᠣᠣᠷᠲᠤ ᠡᠳ᠋ ᠨᠢ ᠨᠡᠢᠭᠡᠮ ᠦᠨ ᠠᠷᠬᠠᠭ ᠭᠡᠮ ᠪᠣᠯᠵᠤ ᠥᠷᠭᠡᠨ ᠬᠡᠪᠴᠢᠶ᠎ᠡ ᠪᠡᠷ ᠳᠡᠯᠭᠡᠷᠡᠵᠦ᠂ ᠨᠡᠢᠭᠡᠮ ᠳᠤ ᠬᠦᠨᠳᠦ ᠳᠠᠷᠤᠭᠠᠰᠤ ᠡᠭᠦᠷᠦᠭᠦᠯᠦᠭᠰᠡᠨ ᠪᠠᠢᠨ᠎ᠠ᠃
ᠬᠣᠣᠷ᠎ᠠ ᠴᠠᠭᠠᠵᠠᠯᠠᠬᠤ ᠨᠢ ᠶᠡᠷᠦ ᠡᠴᠡ ᠵᠣᠭᠰᠤᠭᠰᠠᠨ ᠦᠭᠡᠢ᠃ ᠮᠠᠨ ᠤ ᠤᠯᠤᠰ ᠤᠨ ᠡᠷᠡᠭᠦᠦ ᠶᠢᠨ ᠬᠠᠤᠯᠢ ᠨᠢ ᠬᠣᠣᠷᠲᠤ ᠡᠳ᠋ ᠦᠨ ᠶᠠᠯᠠᠲᠤ ᠠᠵᠢᠯᠯᠠᠭ᠎ᠠ ᠳᠤ ᠶᠡᠷᠦ ᠡᠴᠡ ᠴᠢᠩᠭ᠎ᠠ ᠴᠣᠬᠢᠯᠲᠠ ᠥᠭᠬᠦ ᠬᠦᠴᠦᠲᠡᠢ ᠳᠠᠷᠤᠯᠲᠠ ᠥᠭᠬᠦ ᠣᠪᠤᠷ ᠲᠠᠢ ᠶᠤᠮ᠃ ᠣᠷᠳᠤᠰ ᠬᠤᠳᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠣᠷᠢᠶ᠎ᠠ ᠮᠠᠨ ᠤ ᠤᠯᠤᠰ ᠤᠨ ᠬᠣᠣᠷ᠎ᠠ ᠴᠠᠭᠠᠵᠠᠯᠠᠬᠤ ᠠᠵᠢᠯ ᠤᠨ ᠡᠯ᠎ᠡ ᠬᠠᠤᠯᠢ ᠴᠠᠭᠠᠵᠠ ᠲᠣᠭᠲᠠᠭᠠᠯ ᠵᠢᠴᠢ ᠡᠷᠡᠭᠦᠦ ᠶᠢᠨ ᠲᠥᠷᠦ ᠶᠢᠨ ᠪᠣᠳᠤᠯᠭ᠎ᠠ ᠶᠢᠨ ᠨᠠᠷᠢᠨ ᠬᠢᠨᠠᠮᠠᠭᠠᠢ ᠨᠠᠢᠳᠠᠪᠤᠷᠢᠵᠢᠭᠤᠯᠵᠤ᠂ ᠡᠷᠡᠭᠦᠦ ᠶᠢᠨ ᠰᠢᠭᠦᠨ ᠲᠠᠰᠤᠯᠤᠯᠲᠠ ᠶᠢᠨ ᠡᠭᠦᠷᠭᠡ ᠬᠠᠷᠢᠭᠤᠴᠠᠯᠭ᠎ᠠ ᠶᠢᠨ ᠪᠤᠳᠠᠳᠠᠢ ᠶᠠᠪᠤᠭᠳᠠᠭᠤᠯᠵᠤ᠂ ᠡᠷᠬᠡ ᠴᠢᠯᠦᠭᠡ ᠶᠢᠨ ᠡᠷᠡᠭᠦᠦ ᠪᠠ ᠡᠳ᠋ ᠬᠥᠷᠦᠩᠭᠡ ᠶᠢᠨ ᠡᠷᠡᠭᠦᠦ ᠶᠢ ᠶᠡᠷᠦᠩᠬᠡᠢᠯᠡᠨ ᠬᠡᠷᠡᠭᠯᠡᠵᠦ᠂ ᠬᠣᠣᠷᠲᠤ ᠡᠳ᠋ ᠦᠨ ᠶᠠᠯᠠᠲᠤ ᠠᠵᠢᠯᠯᠠᠭ᠎ᠠ ᠶᠢ ᠬᠠᠤᠯᠢ ᠶᠣᠰᠣᠭᠠᠷ ᠴᠢᠩᠭ᠎ᠠ ᠰᠢᠢᠳᠭᠡᠭᠦ ᠵᠢ ᠪᠠᠷᠢᠮᠲᠠᠯᠠᠵᠤ᠂ ᠬᠡᠵᠢᠶᠡᠳᠡ ᠬᠣᠣᠷᠲᠤ ᠡᠳ᠋ ᠦᠨ ᠶᠠᠯᠠᠲᠤ ᠠᠵᠢᠯᠯᠠᠭ᠎ᠠ ᠶᠢᠨ ᠬᠡᠷᠡᠭ ᠢ ᠬᠠᠤᠯᠢ ᠶᠣᠰᠣᠭᠠᠷ ᠰᠢᠭᠦᠬᠦ ᠶᠢ ᠰᠢᠭᠦᠬᠦ ᠬᠣᠷᠢᠶᠠᠨ ᠤ ᠣᠷᠤᠨ ᠨᠤᠲᠤᠭ ᠤᠨ ᠨᠡᠢᠭᠡᠮ ᠦᠨ ᠯᠠᠪᠳᠠᠭᠤᠨ ᠲᠣᠭᠲᠠᠭᠤᠨ᠂ ᠠᠵᠤ ᠠᠬᠤᠢ ᠶᠢᠨ ᠬᠥᠭᠵᠢᠯᠲᠡ ᠳᠤ ᠦᠢᠯᠡᠴᠢᠯᠡᠬᠦ ᠶᠡᠬᠡ ᠬᠡᠷᠡᠭ ᠢᠶᠡᠷ ᠦᠵᠡᠵᠦ ᠴᠢᠩᠭ᠎ᠠ ᠪᠣᠳᠠᠲᠠᠢ ᠠᠳᠭᠤᠨ᠎ᠠ᠃ 2006 ᠣᠨ ᠠᠴᠠ ᠨᠠᠰᠢ᠂ ᠬᠣᠣᠷᠲᠤ ᠡᠳ᠋ ᠦᠨ ᠲᠥᠷᠦᠯ ᠦᠨ ᠶᠠᠯᠠᠲᠤ ᠬᠡᠷᠡᠭ ᠨᠡᠢᠲᠡ 103 ᠬᠡᠷᠡᠭ ᠦᠨ ᠨᠢᠭᠡᠳᠦᠭᠡᠷ ᠰᠢᠭᠦᠯᠲᠡ ᠶᠢ ᠰᠢᠭᠦᠨ ᠲᠠᠰᠤᠯᠵᠤ᠂ ᠬᠣᠣᠷᠲᠤ ᠡᠳ᠋ ᠦᠨ ᠲᠥᠷᠦᠯ ᠦᠨ ᠶᠠᠯᠠᠲᠤ ᠬᠡᠷᠡᠭ ᠤᠨ ᠬᠣᠶᠠᠳᠤᠭᠠᠷ ᠰᠢᠭᠦᠯᠲᠡ 81 ᠬᠡᠷᠡᠭ ᠰᠢᠭᠦᠨ ᠲᠠᠰᠤᠯᠵᠤ᠂ ᠬᠠᠷᠢᠶ᠎ᠠ ᠣᠷᠤᠨ ᠤ ᠡᠯ᠎ᠡ ᠦᠨᠳᠦᠰᠦᠨ ᠱᠠᠳᠤᠨ ᠤ ᠰᠢᠭᠦᠬᠦ ᠬᠣᠷᠢᠶ᠎ᠠ ᠬᠣᠣᠷᠲᠤ ᠡᠳ᠋ ᠦᠨ ᠲᠥᠷᠦᠯ ᠦᠨ ᠶᠠᠯᠠᠲᠤ ᠬᠡᠷᠡᠭ 675 ᠰᠢᠭᠦᠨ ᠲᠠᠰᠤᠯᠵᠤ᠂ ᠪᠦᠬᠦ ᠬᠣᠲᠠ ᠶᠢᠨ ᠬᠤᠶᠠᠷ ᠱᠠᠳᠤᠨ ᠤ ᠰᠢᠭᠦᠬᠦ ᠬᠣᠷᠢᠶ᠎ᠠ ᠢᠯᠡ ᠥᠨᠳᠦᠷ ᠪᠦᠲᠦᠮᠵᠢᠲᠦ ᠰᠢᠭᠦᠨ ᠲᠠᠰᠤᠯᠤᠯᠲᠠ ᠪᠠᠷ ᠳᠠᠮᠵᠢᠵᠤ ᠬᠣᠣᠷᠲᠤ ᠡᠳ᠋ ᠦᠨ ᠶᠠᠯᠠᠲᠤ ᠠᠵᠢᠯᠯᠠᠭ᠎ᠠ ᠵᠢ ᠬᠣᠷᠢᠭᠯᠠᠬᠤ ᠬᠠᠮᠤᠭ ᠡᠴᠦᠰ ᠦᠨ ᠬᠠᠮᠠᠭᠠᠯᠠᠯᠲᠠ ᠶᠢᠨ ᠱᠤᠭᠤᠮ ᠢ ᠪᠠᠲᠤ ᠰᠠᠬᠢᠪᠠ᠃ ᠡᠭᠦᠨ ᠦ ᠬᠠᠮᠲᠤ᠂ ᠪᠦᠬᠦ ᠬᠣᠲᠠ ᠶᠢᠨ ᠬᠤᠶᠠᠷ ᠱᠠᠳᠤᠨ ᠤ ᠰᠢᠭᠦᠬᠦ ᠬᠣᠷᠢᠶ᠎ᠠ ᠢᠳᠡᠪᠬᠢᠲᠡᠢ ᠪᠡᠷ ᠬᠣᠣᠷᠲᠤ ᠡᠳ᠋ ᠴᠠᠭᠠᠵᠠᠯᠠᠬᠤ ᠤᠬᠠᠭᠤᠯᠭ᠎ᠠ ᠬᠢᠵᠦ᠂ ᠤᠯᠠᠨ ᠤᠳᠠᠭ᠎ᠠ ᠥᠪᠦᠷ ᠮᠣᠩᠭᠤᠯ ᠤᠨ ᠲᠸᠯᠸᠢᠰ ᠬᠣᠷᠢᠶ᠎ᠠ᠂ ᠣᠷᠳᠤᠰ ᠬᠤᠳᠠ ᠶᠢᠨ ᠲᠸᠯᠸᠢᠰ ᠬᠣᠷᠢᠶ᠎ᠠ ᠵᠢᠴᠢ ᠣᠷᠤᠨ ᠨᠤᠲᠤᠭ ᠤᠨ ᠰᠣᠨᠢᠨ ᠮᠡᠳᠡᠭᠡᠨ ᠦ ᠵᠠᠭᠤᠴᠢ ᠲᠠᠢ ᠬᠣᠯᠪᠤᠭᠠᠯᠠᠨ ᠨᠡᠢᠲᠡᠯᠢᠭ ᠬᠣᠣᠷᠲᠤ ᠡᠳ᠋ ᠦᠨ ᠬᠡᠷᠡᠭ ᠦᠨ ᠰᠢᠭᠦᠨ ᠲᠠᠰᠤᠯᠤᠯᠲᠠ ᠵᠢ ᠮᠡᠳᠡᠭᠦᠯᠵᠦ᠂ ᠰᠢᠭᠦᠨ ᠲᠠᠰᠤᠯᠤᠯᠲᠠ ᠶᠢᠨ ᠶᠠᠪᠤᠴᠠ ᠶᠢ ᠢᠯᠡ ᠪᠤᠯᠬᠠᠵᠤ᠂ ᠤᠬᠠᠭᠤᠯᠭ᠎ᠠ᠂ ᠰᠤᠷᠭᠠᠨ ᠬᠥᠮᠦᠵᠢᠭᠦᠯᠬᠦ᠂ ᠰᠡᠷᠡᠮᠵᠢᠭᠦᠯᠬᠦ ᠵᠣᠷᠢᠯᠭ᠎ᠠ ᠳᠤ ᠬᠦᠷᠦᠭᠰᠡᠨ ᠪᠠᠢᠨ᠎ᠠ᠃
ᠬᠣᠣᠷᠲᠤ ᠡᠳ᠋ ᠴᠠᠭᠠᠵᠠᠯᠠᠬᠤ ᠨᠢ ᠪᠦᠬᠦ ᠨᠡᠢᠭᠡᠮ ᠦᠨ ᠬᠠᠮᠳᠤ ᠶᠢᠨ ᠴᠢᠷᠮᠠᠢᠯᠭ᠎ᠠ ᠶᠢ ᠱᠠᠭᠠᠷᠳᠠᠨ᠎ᠠ᠂ ᠬᠠᠤᠯᠢ ᠪᠠᠷᠢᠬᠤ ᠪᠠᠢᠭᠤᠯᠭ᠎ᠠ ᠵᠢᠴᠢ ᠨᠡᠢᠭᠡᠮ ᠦᠨ ᠡᠯ᠎ᠡ ᠲᠠᠯ᠎ᠠ ᠶᠢᠨ ᠬᠠᠮᠵᠢᠯᠴᠠᠭ᠎ᠠ ᠪᠡᠷ ᠳᠠᠮᠵᠢᠵᠤ᠂ ᠬᠣᠣᠷᠲᠤ ᠡᠳ᠋ ᠳᠤ ᠬᠣᠯᠪᠤᠭᠳᠠᠭᠰᠠᠨ᠂ ᠬᠣᠣᠷ᠎ᠠ ᠳᠠᠳᠠᠬᠤ᠂ ᠬᠣᠣᠷ᠎ᠠ ᠠᠷᠠᠯᠵᠢᠶᠠᠯᠠᠬᠤ ᠬᠡᠷᠡᠭ ᠢ ᠨᠠᠷᠢᠯᠢᠭ ᠤᠬᠤᠴᠢᠯᠠᠬᠤ ᠡᠷᠴᠢᠮ ᠢ ᠤᠯᠠᠮ ᠨᠢᠭᠡ ᠠᠯᠬᠤᠮ ᠴᠢᠩᠭᠠᠳᠭᠠᠵᠤ᠂ ᠬᠥᠨᠦᠭᠡᠯ ᠢ ᠦᠭᠡᠢᠰᠭᠡᠬᠦ ᠳᠤ ᠡᠷᠬᠡᠪᠰᠢ ᠴᠢᠩᠭ᠎ᠠ᠂ ᠬᠥᠨᠦᠭᠡᠯ ᠢ ᠦᠨᠳᠦᠰᠦᠨ ᠡᠴᠡ ᠨᠢ ᠦᠭᠡᠢᠰᠭᠡᠬᠦ ᠶᠢ ᠱᠠᠭᠠᠷᠳᠠᠨ᠎ᠠ᠃ ᠭᠤᠢᠪᠢᠰᠢ ᠦᠭᠡᠢ ᠬᠣᠣᠷᠲᠤ ᠡᠳ᠋ ᠴᠠᠭᠠᠵᠠᠯᠠᠬᠤ ᠠᠵᠢᠯ ᠤᠨ ᠲᠤᠰᠭᠠᠢ ᠲᠡᠮᠡᠴᠡᠯ ᠢ ᠶᠠᠪᠤᠭᠳᠠᠭᠤᠯᠵᠤ᠂ ᠬᠣᠣᠷᠲᠤ ᠡᠳ᠋ ᠴᠠᠭᠠᠵᠠᠯᠠᠬᠤ ᠤᠭ ᠦᠨᠳᠦᠰᠦ ᠶᠢ ᠬᠣᠷᠢᠭᠯᠠᠬᠤ ᠠᠵᠢᠯ ᠢ ᠤᠯᠠᠮ ᠨᠢᠭᠡ ᠠᠯᠬᠤᠮ ᠴᠢᠩᠭᠠᠳᠭᠠᠵᠤ᠂ ᠬᠣᠣᠷᠲᠤ ᠡᠳ᠋ ᠳᠤ ᠴᠣᠬᠢᠯᠲᠠ ᠥᠭᠬᠦ ᠡᠷᠴᠢᠮ ᠢ ᠴᠢᠩᠭᠠᠳᠭᠠᠵᠤ᠂ ᠬᠠᠤᠯᠢ ᠴᠠᠭᠠᠵᠠ ᠶᠢᠨ ᠡᠷᠬᠡ ᠰᠦᠷ ᠪᠣᠯᠤᠨ ᠦᠨᠡᠨ ᠶᠣᠰᠣ ᠪᠡᠷ ᠠᠷᠠᠳ ᠲᠦᠮᠡᠨ ᠦ ᠡᠷᠬᠡ ᠠᠰᠢᠭ ᠢ ᠬᠠᠮᠠᠭᠠᠯᠠᠨ᠎ᠠ᠃
ᠦᠨᠡᠯᠡᠬᠦ 0ᠦᠨᠡᠯᠡᠯᠲᠡ᠎ᠲᠠᠢ