ᠬᠤᠳᠠ ᠶᠢᠨ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ  ᠶᠢᠨ 2017 ᠤᠨ ᠤ ᠡᠮᠡᠭᠲᠡᠢ ᠺᠠᠳᠠᠷ  ᠤᠨ ᠪᠤᠯᠪᠠᠰᠤᠷᠠᠯ ᠤᠨ ᠠᠩᠭᠢ ᠠᠩᠬᠠᠳᠤᠭᠠᠷ ᠤᠳᠠᠭᠠᠨ ᠤ ᠲᠥᠰᠦᠭᠡᠲᠦ ᠰᠢᠬᠦᠬᠦ ᠬᠤᠷᠢᠶ᠎ᠠ ᠬᠥᠳᠡᠯᠭᠡᠭᠡᠨ
2017.04.01 ᠲᠣᠰ ᠥᠷᠲᠡᠭᠡᠨ ᠦ ᠨᠠᠢᠷᠠᠭᠤᠯᠤᠭᠴᠢ

ᠬᠤᠳᠠ ᠶᠢᠨ ᠨᠠᠮ ᠤᠨ ᠬᠤᠷᠢᠶᠠᠨ ᠤ ᠨᠠᠮ ᠤᠨ ᠰᠤᠷᠭᠠᠭᠤᠯᠢ  ᠶᠢᠨ 2017 ᠤᠨ ᠤ ᠡᠮᠡᠭᠲᠡᠢ ᠺᠠᠳᠠᠷ  ᠤᠨ ᠪᠤᠯᠪᠠᠰᠤᠷᠠᠯ ᠤᠨ ᠠᠩᠭᠢ ᠠᠩᠬᠠᠳᠤᠭᠠᠷ ᠤᠳᠠᠭᠠᠨ ᠤ ᠲᠥᠰᠦᠭᠡᠲᠦ ᠰᠢᠬᠦᠬᠦ ᠬᠤᠷᠢᠶ᠎ᠠ ᠬᠥᠳᠡᠯᠭᠡᠭᠡᠨ ᠬᠤᠳᠠ  ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠳᠤ ᠦᠷᠨᠢᠬᠦᠯᠪᠡ

 

 

 

 

 

 

 

 

   ᠮᠠᠨ ᠬᠤᠷᠢᠶᠠᠨ ᠤ《ᠨᠠᠮ  ᠤᠨ ᠬᠡᠰᠢᠬᠦᠨ ᠺᠠᠳᠠᠷ ᠬᠠᠤᠯᠢ ᠶᠤᠰᠤᠭᠠᠷ ᠵᠠᠰᠠᠭ ᠶᠠᠪᠤᠭᠤᠯᠬᠤ ᠰᠤᠷᠭᠠᠨ ᠬᠦᠮᠦᠵᠢᠯ ᠦᠨ ᠰᠠᠭᠤᠷᠢᠨ ᠭᠠᠵᠠᠷ》ᠪᠠᠢᠭᠤᠯᠤᠭᠳᠠᠭᠰᠠᠨ ᠠᠴᠠ ᠨᠠᠰᠢ ᠂ ᠲᠢᠩᠬᠢᠮ ᠦᠨ ᠰᠢᠬᠦᠯᠲᠡ ᠶᠢ ᠦᠵᠡᠬᠦ ᠵᠡᠷᠬᠡ ᠠᠷᠭ᠎ᠠ ᠮᠠᠶᠢᠭ ᠢᠶᠠᠷ ᠳᠠᠮᠵᠢᠵᠤ ᠂ ᠪᠦᠬᠦ ᠬᠤᠳᠠ ᠶᠢᠨ ᠨᠠᠮ  ᠤᠨ ᠬᠡᠰᠢᠬᠦᠨ ᠺᠠᠳᠠᠷ ᠲᠤ ᠬᠠᠤᠯᠢ ᠶᠤᠰᠤᠭᠠᠷ ᠵᠠᠰᠠᠭ ᠶᠠᠪᠤᠭᠤᠯᠬᠤ ᠤᠨᠤᠯ ᠢ ᠰᠤᠷᠤᠯᠴᠠᠬᠤ ᠂ ᠠᠷᠠᠳ ᠤᠨ ᠰᠢᠬᠦᠬᠦ ᠬᠤᠷᠢᠶᠠᠨ ᠤ ᠬᠠᠤᠯᠢ ᠴᠠᠭᠠᠵᠠ ᠶᠢᠨ ᠦᠢᠯᠡᠳᠦᠯᠭᠡ ᠶᠢ ᠣᠢᠷᠠᠯᠴᠠᠭ᠎ᠠ ᠠᠴᠠ ᠣᠢᠯᠭᠠᠬᠤ ᠳᠤ ᠪᠦᠬᠦ ᠳᠠᠯ᠎ᠠ ᠶᠢᠨ ᠂ ᠪᠤᠳᠠᠳᠠᠢ ᠰᠤᠷᠤᠯᠴᠠᠬᠤ ᠳᠠᠯᠠᠪᠤᠷ ᠬᠠᠩᠭᠠᠪᠠ ᠃ 2017 ᠤᠨ ᠤ 3 ᠰᠠᠷᠠᠢᠨ 30  ᠤ ᠡᠳᠦᠷ ᠂ ᠬᠤᠳᠠ ᠶᠢᠨ ᠨᠠᠮ ᠤᠨ ᠬᠤᠷᠢᠶᠠᠨ  ᠤ ᠨᠠᠮ ᠤᠨ ᠰᠤᠷᠭᠠᠭᠤᠯᠢ ᠶᠢᠨ ᠡᠮᠡᠭᠲᠡᠢ ᠺᠠᠳᠠᠷ ᠤᠨ ᠪᠤᠯᠪᠠᠰᠤᠷᠠᠯ ᠤᠨ ᠠᠩᠬᠢ ᠤᠷᠤᠯᠴᠠᠭᠰᠠᠨ ᠲᠦᠰᠦᠭᠡᠲᠦ ᠲᠢᠩᠬᠢᠮ ᠦᠨ ᠰᠢᠬᠦᠯᠲᠡ ᠶᠢᠨ ᠬᠥᠳᠡᠯᠭᠡᠭᠡᠨ ᠦᠷᠨᠢᠬᠦᠯᠵᠦ ᠂ ᠳᠤᠰ ᠰᠠᠭᠤᠷᠢᠨ ᠭᠠᠵᠠᠷ ᠪᠠᠢᠭᠤᠯᠤᠭᠳᠠᠭᠰᠠᠨ ᠠᠴᠠ ᠨᠠᠰᠢᠬᠢ ᠪᠠᠰᠠ ᠨᠢᠬᠡ ᠴᠢᠬᠤᠯᠠ ᠬᠦᠳᠡᠯᠭᠡᠭᠡᠨ ᠪᠤᠯᠤᠨ᠎ᠠ ᠃

    ᠬᠤᠳᠠ ᠶᠢᠨ ᠨᠠᠮ  ᠤᠨ ᠬᠤᠷᠢᠶᠠᠨ  ᠤ ᠨᠠᠮ ᠤᠨ ᠰᠤᠷᠭᠠᠭᠤᠯᠢ ᠶᠢᠨ ᠡᠮᠡᠭᠲᠡᠢ ᠺᠠᠳᠠᠷ ᠤᠨ ᠠᠩᠭᠢ ᠶᠢᠨ ᠪᠦᠬᠦ ᠰᠤᠷᠤᠭᠴᠢᠳ ᠤᠷᠢᠳᠠᠪᠡᠷ ᠮᠠᠨ ᠤ ᠬᠤᠷᠢᠶᠠᠨ ᠤ ᠰᠢᠨ᠎ᠠ ᠰᠢᠬᠦᠨ ᠲᠠᠰᠤᠯᠤᠯᠲᠠ ᠶᠢᠨ ᠠᠰᠠᠷ ᠢ ᠳᠤᠭᠤᠷᠢᠨ ᠦᠵᠡᠵᠦ ᠂ ᠮᠠᠨ ᠤ ᠬᠤᠷᠢᠶᠠᠨ ᠤ ᠰᠤᠶᠤᠯ ᠤᠨ ᠪᠦᠲᠦᠭᠡᠨ ᠪᠠᠢᠭᠤᠯᠤᠯᠲᠠ ᠶᠢᠨ ᠪᠠᠢᠳᠠᠯ ᠪᠠ ᠳᠤᠭᠠᠴᠢᠯᠠᠭᠰᠠᠨ ᠰᠢᠬᠦᠬᠦ ᠲᠢᠩᠬᠢᠮ ᠦᠨ ᠪᠦᠲᠦᠭᠡᠨ ᠪᠠᠢᠭᠤᠯᠤᠯᠲᠠ ᠶᠢᠨ ᠪᠠᠢᠳᠠᠯ ᠢ ᠰᠠᠢᠰᠢᠶᠠᠨ ᠵᠥᠪᠰᠢᠶᠡᠷᠡᠵᠦ ᠂ ᠮᠠᠨ ᠤ ᠬᠤᠷᠢᠶᠠᠨ ᠤ ᠺᠠᠳᠠᠷ ᠴᠠᠭᠳᠠᠭᠠᠨ ᠤ ᠪᠡᠶ᠎ᠠ ᠰᠡᠳᠬᠢᠯ ᠦᠨ ᠡᠷᠡᠬᠦᠯ ᠮᠡᠨᠳᠦ ᠶᠢ ᠬᠠᠯᠠᠮᠵᠢᠯᠠᠬᠤ ᠂ ᠺᠠᠳᠠᠷ ᠴᠠᠭᠳᠠᠭ᠎ᠠ ᠶᠢᠨ ᠪᠡᠶ᠎ᠠ ᠶᠢᠨ ᠠᠰᠢᠭ ᠳᠤᠰᠠ ᠶᠢ ᠪᠠᠳᠤᠯᠠᠬᠤ ᠳᠠᠯ᠎ᠠ ᠶᠢᠨ ᠪᠦᠲᠦᠭᠡᠨ ᠪᠠᠢᠭᠤᠯᠤᠯᠲᠠ ᠳᠤ ᠦᠨᠳᠦᠷ ᠦᠨᠡᠯᠡᠯᠲᠡ ᠥᠭᠪᠡ ᠃

     ᠲᠦᠰᠦᠭᠡᠳᠦ ᠲᠢᠩᠬᠢᠮ ᠦᠨ ᠰᠢᠬᠦᠯᠲᠡ ᠶᠢᠨ ᠡᠮᠦᠨ᠎ᠠ ᠂ ᠳᠤᠰ ᠬᠤᠭᠤᠴᠠᠭᠠᠨ ᠤ ᠡᠮᠡᠭᠲᠡᠢ ᠺᠠᠳᠠᠷ ᠤᠨ ᠠᠩᠬᠢ ᠶᠢᠨ ᠰᠤᠷᠤᠭᠴᠢ ᠯᠦᠸᠸ ᠶᠤᠸᠠᠢ ᠰᠢᠨ᠎ᠠ ᠰᠢᠬᠦᠭᠴᠢ ᠲᠢᠩᠬᠢᠮ ᠦᠨ ᠰᠢᠬᠦᠯᠲᠡ ᠶᠢᠨ ᠠᠯᠬᠤᠮ ᠳᠠᠷᠠᠭ᠎ᠠ  ᠶᠢ ᠲᠠᠨᠢᠯᠴᠠᠭᠤᠯᠵᠤ ᠂ ᠰᠤᠷᠤᠯᠴᠠᠬᠤ ᠬᠠᠷᠠᠯᠲᠠ ᠶᠢ ᠳᠤᠭᠳᠠᠭᠠᠪᠠ ᠃ ᠳᠤᠰ ᠤᠳᠠᠭᠠᠨ ᠤ ᠲᠦᠰᠦᠭᠡᠲᠦ ᠲᠢᠩᠬᠢᠮ ᠦᠨ ᠰᠢᠬᠦᠯᠲᠡ ᠬᠤᠶᠠᠷ ᠢᠷᠭᠡᠨ ᠦ ᠬᠡᠷᠡᠭ  ᠦᠨ ᠵᠢᠱᠢᠶ᠎ᠠ  ᠶᠢ ᠬᠡᠷᠡᠭᠯᠡᠵᠦ ᠂ 14 ᠳ᠋ᠦᠭᠡᠷ ᠰᠢᠬᠦᠬᠦ ᠲᠢᠩᠬᠢᠮ ᠂ 17 ᠳ᠋ᠦᠭᠡᠷ ᠰᠢᠬᠦᠬᠦ ᠲᠢᠩᠬᠢᠮ ᠳᠦ ᠵᠡᠷᠬᠡᠪᠡᠷ ᠡᠬᠢᠯᠡᠵᠦ ᠂ ᠲᠢᠩᠬᠢᠮ ᠦᠨ ᠰᠢᠬᠦᠯᠲᠡ ᠶᠢᠨ ᠤᠷᠴᠢᠨ ᠳᠤᠭᠤᠷᠢᠨ ᠪᠠ ᠲᠢᠩᠬᠢᠮ ᠦᠨ ᠰᠢᠬᠦᠯᠲᠡ ᠶᠢᠨ ᠠᠯᠬᠤᠮ ᠳᠠᠷᠠᠭ᠎ᠠ ᠶᠢ ᠦᠨᠡᠨ ᠪᠤᠳᠠᠳᠠᠢ ᠢᠯᠡᠷᠡᠭᠦᠯᠪᠡ ᠃ ᠰᠢᠬᠦᠯᠲᠡ ᠡᠬᠢᠯᠡᠬᠦ ᠡᠴᠡ ᠡᠮᠦᠨ᠎ᠠ ᠂ ᠳᠡᠮᠳᠡᠭᠯᠡᠭᠴᠢ ᠰᠢᠬᠦᠬᠦ ᠲᠢᠩᠬᠢᠮ ᠦᠨ ᠰᠠᠬᠢᠯᠭ᠎ᠠ ᠪᠠᠳᠤ ᠶᠢ ᠤᠩᠰᠢᠵᠤ ᠂ ᠵᠠᠯᠭᠠᠭᠠᠳ ᠂ ᠰᠢᠬᠦᠨ ᠲᠠᠰᠤᠯᠬᠤ ᠳᠠᠷᠤᠭ᠎ᠠ ᠳᠤᠬᠠᠢ ᠶᠢᠨ ᠬᠦᠮᠦᠨ ᠦ ᠪᠡᠶ᠎ᠠ ᠬᠡᠮ ᠢ ᠬᠠᠷᠭᠤᠭᠤᠯᠵᠤ ᠂ ᠬᠡᠷᠡᠭ ᠦᠨ ᠰᠢᠯᠳᠠᠭᠠᠨ  ᠂ ᠰᠢᠬᠦᠨ ᠳᠠᠰᠤᠯᠤᠭᠴᠢ ᠂ ᠲᠡᠮᠳᠡᠭᠯᠡᠭᠴᠢ ᠶᠢᠨ ᠨᠡᠷᠡᠰ ᠂ ᠳᠤᠬᠠᠢ ᠶᠢᠨ ᠬᠦᠮᠦᠨ ᠦ ᠡᠷᠬᠡ ᠡᠬᠦᠷᠭᠡ ᠵᠡᠷᠬᠡ ᠠᠩᠬᠠᠷᠬᠤ ᠶᠠᠪᠤᠳᠠᠯ ᠢ ᠨᠡᠢᠳᠡᠯᠡᠪᠡ ᠃ ᠪᠦᠬᠦᠢᠯᠡ ᠲᠢᠩᠬᠢᠮ ᠦᠨ ᠰᠢᠬᠦᠯᠲᠡ ᠳᠦ ᠲᠦᠷᠢ ᠶᠢᠨ ᠳᠤᠭᠭᠯᠠᠯᠲᠠ ᠳᠤ ᠤᠷᠤᠯᠴᠠᠭᠰᠠᠨ 20 ᠭᠠᠷᠤᠢ ᠰᠤᠷᠤᠭᠴᠢ ᠪᠦᠬᠦ ᠰᠡᠳᠬᠢᠯ ᠢᠶᠡᠨ ᠲᠦᠪᠯᠡᠷᠡᠬᠦᠯᠵᠦ ᠂ ᠰᠢᠬᠦᠯᠲᠡ ᠡᠬᠢᠯᠡᠬᠦ ᠪᠡᠯᠡᠳᠬᠡᠯ ᠠᠯᠬᠤᠮ ᠳᠠᠷᠠᠭ᠎ᠠ ᠳᠠᠢ ᠂ ᠰᠢᠬᠦᠬᠦ ᠲᠢᠩᠬᠢᠮ ᠦᠨ ᠪᠠᠢᠴᠠᠭᠠᠯᠲᠠ ᠨᠠᠷᠢᠨ ᠨᠢᠮᠪᠠᠢ ᠂ ᠤᠷᠴᠢᠨ ᠳᠤᠭᠤᠷᠢᠨ ᠲᠦᠪ ᠴᠢᠩᠭ᠎ᠠ ᠪᠠᠢᠵᠤ ᠂ ᠨᠠᠮ ᠵᠢᠮ ᠡᠮᠬᠢ ᠳᠢᠭ᠍ᠯᠢᠮ ᠳᠠᠢ ᠃ ᠰᠢᠬᠦᠨ ᠲᠠᠰᠤᠯᠬᠤ ᠳᠠᠷᠤᠭ᠎ᠠ ᠶᠢᠨ ᠬᠠᠤᠯᠢ ᠶᠢᠨ ᠮᠤᠨᠠ ᠪᠠᠭᠤᠯᠭᠠᠬᠤ ᠶᠢ ᠳᠠᠭᠠᠯᠳᠤᠨ ᠂ ᠨᠢᠬᠡ ᠴᠠᠭ ᠢᠯᠡᠬᠦᠦ  ᠶᠢᠨ ᠲᠦᠰᠦᠭᠡᠲᠦ ᠲᠢᠩᠬᠢᠮ ᠦᠨ ᠰᠢᠬᠦᠯᠲᠡ ᠳᠤᠬᠠᠢ ᠶᠢᠨ ᠬᠦᠮᠦᠨ ᠦ ᠡᠶᠡᠳᠡᠬᠦ ᠪᠡᠷ ᠠᠮᠵᠢᠯᠲᠠ ᠳᠠᠢ ᠳᠡᠬᠦᠰᠪᠡ ᠃

    ᠲᠦᠰᠦᠭᠡᠲᠦ ᠲᠢᠩᠬᠢᠮ ᠦᠨ ᠰᠢᠬᠦᠯᠲᠡ ᠳᠠᠭᠤᠰᠤᠭᠰᠠᠨ ᠤ ᠳᠠᠷᠠᠭ᠎ᠠ ᠂ ᠵᠠᠰᠠᠭ ᠵᠠᠬᠢᠷᠭᠠᠨ ᠤ ᠲᠢᠩᠬᠢᠮ  ᠦᠨ ᠳᠡᠳ᠋ ᠲᠢᠩᠬᠢᠮ  ᠦᠨ ᠳᠠᠷᠤᠭ᠎ᠠ ᠬᠤᠤᠢᠦᠢ ᠯᠢᠨ ᠳᠤᠰ ᠤᠳᠠᠭᠠᠨ ᠤ ᠬᠦᠳᠡᠯᠭᠡᠭᠡᠨ ᠳᠦ ᠦᠨᠡᠯᠡᠯᠲᠡ ᠬᠢᠪᠡ ᠃ ᠬᠤᠤ ᠢᠦᠢ ᠯᠢᠨ ᠳᠡᠳ᠋ ᠲᠢᠩᠬᠢᠮ ᠦᠨ ᠳᠠᠷᠤᠭ᠎ᠠ ᠰᠤᠷᠤᠭᠴᠢᠳ ᠤᠨ ᠬᠢᠴᠢᠶᠡᠯ ᠦᠨ ᠭᠠᠳᠠᠨᠠᠬᠢ ᠴᠠᠭ ᠲᠤ ᠰᠡᠳᠬᠢᠯ ᠳᠠᠯᠪᠢᠨ ᠪᠡᠯᠡᠳᠬᠡᠵᠦ ᠂ ᠵᠢᠱᠢᠶ᠎ᠠ ᠬᠡᠷᠡᠭ ᠲᠦ ᠨᠠᠷᠢᠨ ᠨᠢᠮᠪᠠᠢ ᠶᠠᠷᠢᠯᠴᠠᠭᠰᠠᠨ ᠳᠤ ᠨᠤᠲᠠᠯᠠᠯᠲᠠ ᠦᠭᠴᠦ ᠂ ᠳᠤᠰ ᠤᠳᠠᠭᠠᠨ ᠤ ᠬᠦᠳᠡᠯᠭᠡᠭᠡᠨ ᠬᠠᠮᠤᠭ ᠳᠡᠬᠡᠳᠦ ᠬᠡᠮᠵᠢᠶ᠎ᠠ  ᠪᠡᠷ ᠰᠢᠬᠦᠬᠦ ᠲᠢᠩᠬᠢᠮ ᠦᠨ ᠳᠤᠬᠠᠢ ᠶᠢᠨ ᠳᠠᠯᠠᠪᠠᠢ ᠶᠢ ᠢᠯᠡᠷᠡᠬᠦᠯᠦᠭᠰᠡᠨ ᠪᠠᠢᠨ᠎ᠠ ᠬᠡᠵᠦ ᠦᠵᠡᠪᠡ ᠃ ᠪᠠᠰᠠ ᠲᠢᠩᠬᠢᠮ  ᠦᠨ ᠰᠢᠬᠦᠯᠲᠡ ᠳᠤᠮᠳᠠ ᠤᠷᠤᠰᠢᠵᠤ ᠪᠠᠢᠭ᠎ᠠ ᠵᠢᠱᠢᠶᠡᠯᠡᠪᠡᠯ ᠬᠠᠤᠯᠢ ᠴᠠᠭᠠᠵᠠ ᠶᠢᠨ ᠦᠬᠡ ᠬᠡᠯᠡ ᠬᠡᠷᠡᠭᠯᠡᠬᠦ ᠂ ᠲᠢᠩᠬᠢᠮ  ᠦᠨ ᠰᠢᠬᠦᠯᠲᠡ ᠶᠢᠨ ᠠᠯᠬᠤᠮ ᠳᠠᠷᠠᠭ᠎ᠠ ᠶᠢ ᠡᠵᠡᠮᠳᠡᠬᠦ ᠵᠡᠷᠬᠡ ᠨᠠᠷᠢᠯᠢᠭ ᠳᠠᠯ᠎ᠠ ᠳᠤ ᠵᠢᠭᠠᠨ ᠵᠢᠯᠤᠭᠤᠳᠪᠠ ᠃

    ᠳᠤᠰ ᠤᠳᠠᠭᠠᠨ ᠤ ᠲᠢᠩᠬᠢᠮ ᠦᠨ ᠰᠢᠬᠦᠯᠲᠡ ᠪᠡᠷ ᠳᠠᠮᠵᠢᠵᠤ ᠂ ᠰᠤᠷᠤᠭᠴᠢᠳ ᠲᠢᠩᠬᠢᠮ ᠦᠨ ᠰᠢᠬᠦᠯᠲᠡ ᠶᠢᠨ ᠠᠯᠬᠤᠮ ᠳᠠᠷᠠᠭ᠎ᠠ ᠳᠤ ᠨᠡᠩ ᠰᠢᠭᠤᠳ ᠤᠢᠯᠭᠠᠯᠲᠠ ᠳᠠᠢ ᠪᠤᠯᠵᠤ ᠂ ᠬᠠᠤᠯᠢ ᠴᠠᠭᠠᠵᠠ ᠶᠢᠨ ᠢᠯᠡ ᠂ ᠲᠦᠪ ᠭᠤᠤᠯᠴᠢ ᠶᠢ ᠬᠦᠨᠵᠡᠭᠡᠢ ᠤᠢᠯᠭᠠᠵᠤ ᠂ ᠬᠠᠤᠯᠢ ᠶᠤᠰᠤᠭᠠᠷ ᠵᠠᠰᠠᠭ ᠶᠠᠪᠤᠭᠳᠠᠭᠤᠯᠬᠤ ᠶᠢᠨ ᠤᠬᠠᠮᠰᠠᠷ ᠢ ᠨᠡᠩ ᠬᠦᠴᠦᠲᠡᠢ ᠲᠦᠯᠬᠢᠨ ᠠᠬᠢᠭᠤᠯᠵᠤ ᠂ ᠡᠯ᠎ᠠ ᠬᠦᠷᠢᠶ᠎ᠠ ᠬᠡᠪᠴᠢᠶᠡᠨ ᠦ ᠵᠠᠰᠠᠭ ᠪᠠᠷᠢᠬᠤ ᠬᠠᠤᠯᠢ ᠪᠠᠷᠢᠬᠤ ᠦᠢᠯᠡ ᠠᠵᠢᠯᠯᠠᠭ᠎ᠠ ᠶᠢ ᠲᠦᠷᠢᠮᠵᠢᠬᠦᠯᠵᠦ ᠂ ᠠᠷᠠᠳ ᠲᠦᠮᠡᠨ ᠤᠯᠭᠤᠭᠰᠠᠨ ᠡᠷᠬᠡ ᠶᠢ ᠨᠡᠩ ᠰᠠᠢᠨ ᠭᠦᠢᠴᠡᠳᠬᠡᠬᠦ ᠪᠤᠯᠤᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )