ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠵᠠᠭᠠᠯᠳᠤᠭᠳᠠᠭᠴᠢ ᠵᠢᠨ ᠵᠦ ᠵᠤᠷᠢᠭᠤᠳᠠ ᠭᠡᠮᠲᠦᠭᠡᠭᠰᠡᠨ ᠶᠠᠯ᠎ᠠ ᠶᠢᠨ ᠬᠡᠷᠡᠭ ᠦᠨ ᠰᠢᠬᠦᠨ ᠲᠠᠰᠤᠷᠠᠯᠲᠠ ᠶᠢ ᠢᠯᠡ ᠪᠡᠷ ᠨᠡᠢᠳᠡᠯᠡᠪᠡ
2017 ᠤᠨ ᠤ 3 ᠰᠠᠷᠠᠢᠨ 20 ᠤ ᠡᠳᠦᠷ ᠂ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠬᠠᠤᠯᠢ ᠶᠤᠰᠤᠭᠠᠷ ᠵᠠᠭᠠᠯᠳᠤᠭᠳᠠᠭᠴᠢ ᠵᠢᠨ ᠵᠦ ᠶᠢᠨ ᠵᠤᠷᠢᠭᠤᠳᠠ ᠭᠡᠮᠲᠦᠭᠡᠭᠰᠡᠨ ᠶᠠᠯ᠎ᠠ ᠶᠢᠨ ᠬᠡᠷᠡᠭ ᠦᠨ ᠨᠢᠬᠡᠳᠦᠭᠡᠷ ᠰᠢᠬᠦᠯᠲᠡ ᠶᠢᠨ ᠲᠠᠰᠤᠷᠠᠯᠲᠠ ᠬᠢᠪᠡ ᠃
ᠰᠢᠬᠦᠬᠦ ᠬᠤᠷᠢᠶ᠎ᠠ ᠵᠣᠷᠢᠭᠤᠳᠠ ᠭᠡᠮᠲᠦᠭᠡᠭᠰᠡᠨ ᠶᠠᠯ᠎ᠠ ᠪᠠᠷ ᠵᠠᠭᠠᠯᠳᠤᠭᠳᠠᠭᠴᠢ ᠵᠢᠨ ᠵᠦ ᠶᠢ ᠠᠯᠠᠬᠤ ᠶᠠᠯ᠎ᠠ ᠪᠠᠷ ᠲᠠᠰᠤᠯᠵᠤ ᠂ ᠬᠤᠶᠠᠷ ᠵᠢᠯ ᠬᠣᠢᠰᠢᠯᠠᠭᠤᠯᠤᠨ ᠬᠦᠢᠴᠡᠳᠬᠡᠵᠦ ᠂ ᠤᠯᠤᠰ ᠲᠦᠷᠦ ᠶᠢᠨ ᠡᠷᠬᠡ ᠶᠢ ᠨᠠᠰᠤᠨ ᠳᠤᠷᠰᠢ ᠬᠠᠰᠤᠨ᠎ᠠ ᠃
ᠰᠢᠬᠦᠬᠦ ᠬᠤᠷᠢᠶ᠎ᠠ ᠪᠠᠢᠴᠠᠭᠠᠨ ᠲᠣᠳᠤᠯᠠᠭᠰᠠᠨ ᠢᠶᠠᠷ ᠂ ᠵᠠᠭᠠᠯᠳᠤᠭᠳᠠᠭᠴᠢ ᠵᠢᠨ ᠵᠦ ᠬᠣᠣᠷᠠᠯᠠᠭᠳᠠᠭᠴᠢ ᠬᠤᠩ ᠮᠸᠢ ᠲᠠᠢ ᠡᠷ᠎ᠠ ᠡᠮ᠎ᠠ ᠶᠢᠨ ᠬᠠᠷᠢᠴᠠᠭ᠎ᠠ ᠲᠠᠢ ᠂ ᠵᠠᠭᠠᠯᠳᠤᠭᠳᠠᠭᠴᠢ ᠵᠢᠨ ᠵᠦ ᠤᠤᠯ ᠨᠢ ᠬᠣᠣᠷᠠᠯᠠᠭᠳᠠᠭᠴᠢ ᠬᠤᠩ ᠮᠸᠢ ᠳᠤ ᠤᠯᠠᠨ ᠤᠳᠠᠭᠠᠨ ᠤ ᠬᠡᠷ ᠪᠦᠯᠢ ᠶᠢᠨ ᠬᠦᠴᠦᠷᠭᠡᠭᠯᠡᠯ ᠦᠨ ᠦᠢᠯᠡ ᠠᠵᠢᠯᠯᠠᠭ᠎ᠠ ᠲᠠᠢ ᠃ 2016 ᠤᠨ ᠤ 4 ᠰᠠᠷᠠᠢᠨ 5 ᠡᠳᠦᠷ ᠦᠳᠡ ᠶᠢᠨ ᠬᠤᠢᠨ᠎ᠠ ᠠᠵᠢᠯ ᠠᠴᠠ ᠪᠠᠭᠤᠭᠰᠠᠨ ᠤ ᠳᠠᠷᠠᠭ᠎ᠠ ᠂ ᠵᠠᠭᠠᠯᠳᠤᠭᠳᠠᠭᠴᠢ ᠵᠢᠨ ᠵᠦ ᠬᠣᠣᠷᠠᠯᠠᠭᠳᠠᠭᠴᠢ ᠬᠤᠩ ᠮᠸᠢ ᠭᠠᠳᠠᠭᠰᠢ ᠭᠠᠷᠴᠤ ᠪᠤᠳᠠᠭᠠᠯᠠᠭ᠎ᠠ ᠬᠢᠭᠰᠡᠨ ᠳᠦ ᠳᠤᠷ᠎ᠠ ᠦᠭᠡᠢᠴᠡᠭᠰᠡᠨ ᠪᠠᠢᠨ᠎ᠠ ᠃ ᠳᠤᠬᠠᠢ ᠡᠳᠦᠷ ᠦᠨ ᠰᠦᠨᠢ ᠶᠢᠨ 21 ᠴᠠᠭ ᠠᠴᠠ ᠡᠬᠢᠯᠡᠨ ᠂ ᠵᠠᠭᠠᠯᠳᠤᠭᠳᠠᠭᠴᠢ ᠵᠢᠨ ᠵᠦ ᠥᠪᠡᠷᠲᠡᠭᠡᠨ ᠭᠡᠷ ᠲᠦ ᠪᠡᠨ ᠠᠷᠢᠬᠢ ᠤᠤᠭᠤᠵᠤ ᠂ ᠳᠤᠰ ᠬᠤᠭᠤᠴᠠᠭᠠᠨ ᠳᠤ ᠤᠯᠠᠨ ᠤᠳᠠᠭ᠎ᠠ ᠬᠣᠣᠷᠠᠯᠠᠭᠳᠠᠭᠴᠢ ᠬᠤᠩ ᠮᠸᠢ ᠳᠦ ᠤᠳᠠᠰᠤᠳᠠᠵᠤ ᠂ ᠭᠡᠪᠡᠴᠦ ᠬᠣᠣᠷᠠᠯᠠᠭᠳᠠᠭᠴᠢ ᠶᠢᠨ ᠭᠠᠷ ᠤᠳᠠᠰᠤ ᠬᠠᠭᠠᠭᠰᠠᠨ ᠪᠠᠢᠨ᠎ᠠ ᠃ 23 ᠴᠠᠭ 30 ᠮᠢᠨᠦ᠋ᠲ ᠪᠤᠯᠤᠭᠰᠠᠨ ᠳᠤ ᠂ ᠵᠠᠭᠠᠯᠳᠤᠭᠳᠠᠭᠴᠢ ᠵᠢᠨ ᠵᠦ ᠲᠡᠷᠭᠡ ᠵᠢᠯᠤᠭᠤᠳᠤᠨ ᠬᠤᠩ ᠮᠸᠢ ᠶᠢ ᠡᠷᠢᠬᠦ ᠪᠡᠷ ᠭᠠᠷᠴᠤ ᠂ ᠰᠠᠭᠤᠭᠠᠯᠢ ᠳᠤᠭᠤᠷᠢᠭ ᠲᠤ ᠲᠦᠷᠢᠶᠡᠰᠦᠨ ᠲᠡᠷᠬᠡ ᠤᠷᠤᠵᠤ ᠢᠷᠡᠬᠦ ᠶᠢ ᠤᠯᠵᠤ ᠦᠵᠡᠪᠡ ᠂ ᠲᠡᠷᠭᠡᠨ ᠳᠡᠭᠡᠷ᠎ᠠ ᠠᠴᠠ ᠪᠠᠭᠤᠵᠤ ᠢᠷᠡᠭᠰᠡᠨ ᠨᠢ ᠬᠣᠣᠷᠠᠯᠠᠭᠳᠠᠭᠴᠢ ᠬᠤᠩ ᠮᠸᠢ ᠃ ᠵᠠᠭᠠᠯᠳᠤᠭᠳᠠᠭᠴᠢ ᠲᠡᠷᠭᠡᠨ ᠡᠴᠡ ᠪᠠᠭᠤᠵᠤ ᠬᠤᠩ ᠮᠸᠢ ᠶᠢᠨ ᠨᠢᠭᠤᠷ ᠬᠡᠳᠦ ᠠᠯᠠᠭᠠᠳᠠᠵᠤ ᠂ ᠬᠣᠣᠷᠠᠯᠠᠭᠳᠠᠭᠴᠢ ᠭᠠᠵᠠᠷ ᠤᠨᠠᠭᠰᠠᠨ ᠳᠤ ᠲᠡᠭᠡᠷ᠎ᠠ ᠨᠢ ᠭᠡᠳᠦ ᠢᠰᠬᠦᠯᠦᠪᠡ ᠃ ᠡᠭᠦᠨ ᠦ ᠳᠠᠷᠠᠭ᠎ᠠ ᠬᠣᠣᠷᠠᠯᠠᠭᠳᠠᠭᠴᠢ ᠬᠤᠩ ᠮᠸᠢ ᠶᠢ ᠳᠦᠰᠢᠨ ᠲᠡᠷᠭᠡᠨ ᠠᠷᠤ ᠰᠠᠭᠤᠳᠠᠯ ᠳᠤ ᠪᠠᠨ ᠰᠠᠭᠤᠯᠭᠠᠵᠤ ᠂ ᠵᠢᠨ ᠵᠦ ᠵᠢᠯᠤᠭᠤᠳᠬᠤ ᠰᠠᠭᠤᠳᠠᠯ ᠠᠴᠠ ᠬᠤᠩ ᠮᠸᠢ ᠶᠢᠨ ᠬᠡᠵᠢᠬᠡ ᠶᠢ ᠪᠠᠵᠠᠵᠤ ᠲᠡᠷᠭᠡᠨ ᠠᠷᠤ ᠰᠠᠭᠤᠳᠠᠯ ᠤᠨ ᠰᠢᠯ ᠲᠠᠢ ᠬᠠᠷᠭᠤᠯᠪᠠ ᠃ ᠳᠠᠷᠠᠭ᠎ᠠ ᠨᠢ ᠬᠤᠶᠠᠭᠤᠯᠠ ᠬᠡᠷ ᠲᠦ ᠪᠡᠨ ᠬᠠᠷᠢᠭᠰᠠᠨ ᠤ ᠳᠠᠷᠠᠭ᠎ᠠ ᠬᠣᠣᠷᠠᠯᠠᠭᠳᠠᠭᠴᠢ ᠭᠠᠳᠠᠨ᠎ᠠ ᠭᠠᠷᠴᠤ ᠪᠤᠳᠠᠭᠠᠯᠠᠭ᠎ᠠ ᠬᠢᠭᠰᠡᠨ ᠤᠴᠢᠷ ᠢᠶᠠᠷ ᠬᠡᠷᠡᠭᠦᠯ ᠬᠢᠪᠡ ᠃ 2016 ᠤᠨ ᠤ 4 ᠰᠠᠷᠠᠢᠨ 6 ᠡᠳᠦᠷ ᠦᠨ 8 ᠴᠠᠭ ᠤᠨ ᠦᠶ᠎ᠠ ᠳᠤ ᠂ ᠬᠣᠣᠷᠠᠯᠠᠭᠳᠠᠭᠴᠢ ᠪᠡᠶ᠎ᠠ ᠡᠪ ᠦᠬᠡᠢ ᠰᠢᠯᠳᠠᠭᠠᠨ ᠢᠶᠠᠷ ᠠᠵᠢᠯ ᠤᠨ ᠭᠠᠵᠠᠷ ᠠᠴᠠ ᠴᠢᠯᠦᠭᠡ ᠠᠪᠴᠤ ᠠᠵᠢᠯᠯᠠᠭᠰᠠᠨ ᠦᠭᠡᠢ ᠃ ᠳᠤᠬᠠᠢ ᠡᠳᠦᠷ ᠦᠨ 13 ᠴᠠᠭ 40 ᠮᠢᠨᠦ᠋ᠲ ᠦᠨ ᠦᠶ᠎ᠠ ᠪᠠᠷ ᠂ ᠵᠠᠭᠠᠯᠳᠤᠭᠳᠠᠭᠴᠢ ᠵᠢᠨ ᠵᠦ ᠪᠤᠰᠤᠭᠰᠠᠨ ᠤ ᠳᠠᠷᠠᠭ᠎ᠠ ᠬᠦᠦ ᠪᠡᠨ ᠰᠤᠷᠭᠠᠭᠤᠯᠢ ᠳᠤ ᠬᠦᠷᠭᠡᠵᠦ ᠂ ᠬᠠᠷᠢᠵᠤ ᠢᠷᠡᠬᠦ ᠵᠠᠮ ᠳᠤ ᠪᠠᠨ ᠬᠤᠷᠰᠢᠶᠠᠨ ᠠᠴᠠ ᠨᠢᠬᠡ ᠯᠤᠩᠬᠤ ᠬᠠᠷ᠎ᠠ ᠠᠷᠢᠬᠢ ᠠᠪᠴᠤ ᠤᠤᠭᠤᠵᠤ ᠪᠠᠢᠭᠰᠠᠨ ᠳᠠᠷᠠᠭ᠎ᠠ ᠂ ᠪᠠᠰᠠ ᠨᠢᠬᠡ ᠯᠤᠩᠬᠤ ᠠᠪᠴᠤ 15 ᠴᠠᠭ 35 ᠮᠢᠨᠦ᠋ᠲ ᠳᠦ ᠭᠡᠷ ᠲᠦ ᠪᠡᠨ ᠬᠠᠷᠢᠵᠤ ᠦᠷᠬᠦᠯᠵᠢᠯᠡᠨ ᠤᠤᠭᠤᠪᠠ ᠃ 15 ᠴᠠᠭ 40 ᠮᠢᠨᠦ᠋ᠲ ᠦᠨ ᠦᠶ᠎ᠠ ᠳᠤ ᠂ ᠵᠠᠭᠠᠯᠳᠤᠭᠳᠠᠭᠴᠢ ᠵᠢᠨ ᠵᠦ ᠬᠣᠣᠷᠠᠯᠠᠭᠳᠠᠭᠴᠢ ᠬᠤᠩ ᠮᠸᠢ ᠬᠤᠶᠠᠳᠤᠭᠠᠷ ᠳᠠᠪᠬᠤᠷ ᠲᠤ ᠳᠠᠬᠢᠨᠲᠠ ᠬᠡᠷᠡᠬᠦᠯ ᠬᠢᠵᠦ ᠂ ᠳᠠᠬᠢᠨᠲᠠ ᠬᠣᠣᠷᠠᠯᠠᠭᠳᠠᠭᠴᠢ ᠬᠤᠩ ᠮᠸᠢ ᠶᠢ ᠴᠤᠬᠢᠪᠠ ᠃ ᠰᠡᠬᠦᠯᠡᠷ ᠨᠢ ᠵᠢᠨ ᠵᠦ ᠬᠣᠣᠷᠠᠯᠠᠭᠳᠠᠭᠴᠢ ᠬᠤᠩ ᠮᠸᠢ ᠤᠷᠤᠨ ᠤ ᠬᠦᠪᠡᠭᠡᠨ ᠳᠡᠭᠡᠷ᠎ᠠ ᠡᠯᠢᠭᠡᠳᠡᠨ ᠬᠡᠪᠳᠡᠵᠦ ᠴᠠᠭᠠᠨ ᠬᠦᠭᠡᠰᠦ ᠪᠡᠷ ᠪᠦᠬᠡᠯᠵᠢᠵᠦ ᠪᠠᠢᠬᠤ ᠶᠢ ᠰᠡᠷᠡᠵᠦ ᠮᠡᠳᠡᠭᠡᠳ᠂ 120 ᠲᠦᠷᠭᠡᠨ ᠠᠪᠤᠷᠠᠯᠲᠠ ᠳᠤ ᠤᠳᠠᠰᠤᠳᠠᠪᠠ ᠂ 120 ᠲᠦᠷᠭᠡᠨ ᠠᠪᠤᠷᠠᠯᠲᠠ ᠶᠢᠨ ᠳᠤᠬᠠᠢ ᠶᠢᠨ ᠳᠠᠯᠠᠪᠤᠷ ᠲᠤ ᠤᠴᠢᠬᠤ ᠦᠶᠡᠰ ᠬᠣᠣᠷᠠᠯᠠᠭᠳᠠᠭᠴᠢ ᠬᠤᠩ ᠮᠸᠢ ᠨᠢᠬᠡᠨᠲᠡ ᠠᠮᠢᠳᠤ ᠠᠵᠢᠯᠯᠠᠭᠠᠨ ᠤ ᠪᠠᠢᠳᠠᠯ ᠦᠭᠡᠢ ᠪᠠᠢᠵᠤ ᠂ ᠲᠦᠷᠭᠡᠨ ᠠᠪᠤᠷᠠᠯᠲᠠ ᠬᠢᠵᠦ ᠳᠤᠰᠠ ᠭᠠᠷᠤᠭᠰᠠᠨ ᠦᠬᠡᠢ ᠨᠠᠰᠤ ᠪᠠᠷᠠᠪᠠ ᠃ ᠤᠷᠳᠤᠰ ᠬᠤᠳᠠ ᠶᠢᠨ ᠠᠮᠤᠷ ᠢ ᠬᠠᠮᠠᠭᠠᠯᠠᠬᠤ ᠬᠠᠤᠯᠢ ᠴᠠᠭᠠᠵᠠ ᠶᠢᠨ ᠳᠤᠳᠤᠯᠠᠨ ᠪᠠᠢᠴᠠᠭᠠᠬᠤ ᠲᠦᠪ ᠳᠤᠳᠤᠷᠬᠠᠢᠯᠠᠭᠰᠠᠨ ᠨᠢ ᠂ ᠬᠣᠣᠷᠠᠯᠠᠭᠳᠠᠭᠴᠢ ᠬᠤᠩ ᠮᠸᠢ ᠲᠤᠯᠤᠭᠠᠢ ᠶᠢᠨ ᠬᠡᠰᠡᠭ ᠤᠯᠠᠨᠲᠠ ᠬᠠᠳᠠᠭᠤ ᠪᠡᠶᠡᠳᠦ ᠶᠢᠨ ᠭᠠᠳᠠᠭᠠᠳᠤ ᠬᠦᠴᠦᠨ ᠦ ᠦᠢᠯᠡᠳᠦᠯ ᠳᠤᠤᠷ᠎ᠠ ᠭᠠᠪᠠᠯᠠ ᠶᠢᠨ ᠶᠠᠰᠤᠨ ᠳᠤᠳᠤᠷ᠎ᠠ ᠴᠢᠰᠤ ᠭᠠᠷᠴᠤ ᠨᠠᠰᠤ ᠪᠠᠷᠠᠭᠰᠠᠨ ᠪᠠᠢᠨ᠎ᠠ ᠃ ᠵᠠᠭᠠᠯᠳᠤᠭᠳᠠᠭᠴᠢ ᠵᠢᠨ ᠵᠦ ᠬᠡᠷᠡᠭ ᠦᠨ ᠳᠠᠯᠠᠪᠤᠷ ᠲᠤ ᠬᠠᠩᠭᠢᠨ ᠬᠤᠰᠢᠭᠤᠨ ᠤ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠡᠷᠡᠭᠦᠦ ᠶᠢᠨ ᠶᠡᠬᠡ ᠠᠩᠭᠢ ᠶᠢᠨ ᠠᠷᠠᠳ ᠤᠨ ᠴᠠᠭᠳᠠᠭ᠎ᠠ ᠳᠤ ᠪᠠᠷᠢᠭᠳᠠᠪᠠ ᠃
ᠰᠢᠬᠦᠬᠦ ᠬᠤᠷᠢᠶᠠᠨ ᠤ ᠦᠵᠡᠬᠦ ᠪᠡᠷ ᠂ ᠵᠠᠭᠠᠯᠳᠤᠭᠳᠠᠭᠴᠢ ᠵᠢᠨ ᠵᠦ ᠬᠣᠣᠷᠠᠯᠠᠭᠳᠠᠭᠴᠢ ᠾᠦᠩ ᠮᠸᠢ ᠭᠠᠳᠠᠭᠰᠢ ᠭᠠᠷᠴᠤ ᠪᠤᠳᠠᠭᠠᠯᠭᠠ ᠬᠢᠭᠰᠡᠨ ᠢᠶᠡᠷ ᠳᠤᠷ᠎ᠠ ᠦᠭᠡᠢᠴᠡᠵᠦ ᠂ 2016 ᠤᠨ 4 ᠰᠠᠷᠠᠢᠨ 5 ᠤ ᠡᠳᠦᠷ ᠦᠨ ᠰᠦᠨᠢ ᠬᠣᠣᠷᠠᠯᠠᠭᠳᠠᠭᠴᠢ ᠶᠢ ᠴᠤᠬᠢᠵᠤ ᠂ ᠳᠠᠷᠠᠭ᠎ᠠ ᠡᠳᠦᠷ ᠨᠢ ᠠᠷᠢᠬᠢ ᠤᠤᠭᠤᠭᠰᠠᠨ ᠤ ᠳᠠᠷᠠᠭ᠎ᠠ ᠳᠠᠬᠢᠨᠳᠠ ᠬᠣᠣᠷᠠᠯᠠᠭᠳᠠᠭᠴᠢ ᠶᠢ ᠴᠤᠬᠢᠵᠤ ᠾᠦᠩ ᠮᠸᠢ ᠶᠢ ᠠᠯᠭᠰᠠᠨ ᠪᠠᠢᠵᠤ᠂ ᠲᠡᠬᠦᠨ ᠦ ᠦᠢᠯᠡ ᠠᠵᠢᠯᠯᠠᠭ᠎ᠠ ᠨᠢ ᠨᠢᠬᠡᠨᠲᠡ ᠵᠤᠷᠢᠭᠤᠳᠠ ᠭᠡᠮᠲᠦᠭᠡᠭᠰᠡᠨ ᠶᠠᠯ᠎ᠠ ᠪᠤᠯᠤᠭᠰᠠᠨ ᠪᠠᠢᠨ᠎ᠠ ᠃ ᠵᠠᠭᠠᠯᠳᠤᠭᠳᠠᠭᠴᠢ ᠵᠢᠨ ᠵᠦ ᠬᠣᠣᠷᠠᠯᠠᠭᠳᠠᠭᠴᠢ ᠾᠦᠩ ᠮᠸᠡᠢ ᠳᠠᠢ ᠬᠤᠷᠢᠮᠯᠠᠭᠰᠠᠨ ᠤ ᠳᠠᠷᠠᠭ᠎ᠠ ᠠᠷᠢᠬᠢᠨ ᠳᠤ ᠰᠤᠭᠳᠤᠬᠤ ᠮᠠᠭᠤ ᠳᠠᠳᠬᠠᠯ ᠳᠠᠢ ᠪᠠᠢᠵᠤ ᠂ ᠤᠯᠠᠨ ᠤᠳᠠᠭ᠎ᠠ ᠬᠣᠣᠷᠠᠯᠠᠭᠳᠠᠭᠴᠢ ᠾᠦᠩ ᠮᠸᠢ ᠳᠦ ᠭᠡᠷ ᠪᠦᠯᠢ ᠶᠢᠨ ᠬᠦᠴᠦᠷᠭᠡᠯᠡᠯ ᠦᠵᠡᠬᠦᠯᠵᠦ ᠂ ᠶᠠᠯ᠎ᠠ ᠬᠢᠭᠰᠡᠨ ᠦᠢᠯᠡ ᠪᠠᠢᠳᠠᠯ ᠬᠠᠷ᠎ᠠ ᠬᠤᠤᠷᠳᠠᠢ ᠂ ᠬᠦᠮᠦᠨ ᠠᠯᠠᠭᠰᠠᠨ ᠠᠷᠭ᠎ᠠ ᠮᠠᠶᠢᠭ ᠨᠢ ᠬᠠᠷᠬᠢᠰ ᠬᠡᠷᠴᠡᠬᠡᠢ ᠂ ᠨᠡᠢᠬᠡᠮ ᠦᠨ ᠬᠤᠤᠷ ᠬᠦᠨᠦᠬᠡᠯᠲᠦ ᠴᠢᠨᠠᠷ ᠶᠡᠬᠡ ᠂ ᠴᠢᠩᠭ᠎ᠠ ᠰᠢᠳᠭᠡᠬᠦ ᠬᠡᠷᠡᠭᠲᠡᠢ ᠃ ᠳᠡᠭᠡᠷᠡᠬᠢ ᠬᠡᠷᠡᠭ ᠦᠨ ᠶᠡᠷᠦᠩᠬᠡᠢ ᠪᠠᠢᠳᠠᠯ ᠤᠨ ᠰᠠᠭᠤᠷᠢᠨ ᠳᠡᠭᠡᠷ᠎ᠠ ᠂ ᠰᠢᠬᠦᠬᠦ ᠬᠤᠷᠢᠶ᠎ᠠ ᠳᠡᠭᠡᠷ᠎ᠡ ᠰᠢᠬᠦᠨ ᠲᠠᠰᠤᠷᠠᠯᠲᠠ ᠭᠠᠷᠭᠠᠪᠠ ᠃
ᠰᠢᠬᠦᠨ ᠲᠠᠰᠤᠯᠤᠭᠰᠠᠨ ᠳᠠᠷᠠᠭ᠎ᠠ᠂ ᠵᠠᠭᠠᠯᠳᠤᠭᠳᠠᠭᠴᠢ ᠵᠢᠨ ᠵᠦ ᠳᠤᠬᠠᠢ ᠶᠢᠨ ᠲᠢᠩᠬᠢᠮ ᠳᠦ ᠳᠠᠪᠠᠵᠤ ᠵᠠᠭᠠᠯᠳᠤᠬᠤ ᠡᠰᠡᠬᠦ ᠪᠡᠨ ᠢᠯᠡᠷᠬᠡᠢᠯᠡᠭᠰᠡᠨ ᠦᠬᠡᠢ ᠃
ᠦᠨᠡᠯᠡᠬᠦ 0ᠦᠨᠡᠯᠡᠯᠲᠡ᠎ᠲᠠᠢ