ᠠᠷᠪᠠᠨ ᠭᠠᠵᠠᠷ ᠤᠨ ᠳᠤᠭᠤᠷ ᠤᠨ ᠴᠡᠴᠡᠭ ᠴᠤ ᠳᠠᠨ ᠤ ᠭᠤᠸ᠎ᠠ ᠶᠢ ᠬᠦᠷᠬᠦ ᠦᠬᠡᠢ
2017.03.09 ᠲᠣᠰ ᠥᠷᠲᠡᠭᠡᠨ ᠦ ᠨᠠᠢᠷᠠᠭᠤᠯᠤᠭᠴᠢ

—— ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠪᠦᠬᠦ ᠡᠮᠡᠭᠲᠡᠢ ᠺᠠᠳᠠᠷ ᠴᠠᠭᠳᠠᠭ᠎ᠠ ᠳᠤ

 

 

 

 

 

    ᠤᠷᠢᠬᠠᠨ ᠬᠠᠪᠤᠷ ᠪᠤᠯᠵᠤ ᠂ ᠡᠪᠡᠰᠦ ᠤᠷᠭᠤᠨ ᠡᠷᠪᠡᠬᠡᠢ ᠨᠢᠰᠴᠦ ᠂ ᠲᠦᠮᠡᠨ ᠪᠤᠳᠠᠰ ᠠᠮᠢᠯᠠᠭᠰᠠᠨ ᠤᠯᠠᠷᠢᠯ ᠳᠤ ᠂ ᠪᠢᠳᠡ 107 ᠳ᠋ᠤᠭᠠᠷ ᠤᠯᠠᠨ ᠤᠯᠤᠰ ᠤᠨ ᠡᠮᠡᠭᠲᠡᠢᠴᠦᠳ ᠦᠨ ᠪᠠᠶᠠᠷ ᠢ ᠤᠭᠳᠤᠨ ᠠᠪᠤᠯ᠎ᠠ ᠃ ᠬᠡᠳᠦᠢᠪᠡᠷ ᠤᠷᠳᠤᠰ  ᠤᠨ ᠠᠭᠤᠷ ᠠᠮᠢᠰᠬᠤᠯ ᠵᠢᠭᠠᠬᠠᠨ ᠵᠢᠬᠡᠬᠦᠨ ᠪᠤᠯᠪᠠᠴᠤ ᠠᠮᠢᠳᠤᠷᠠᠯ ᠳᠤ ᠬᠠᠢᠷᠠᠲᠠᠢ ᠂ ᠳᠠᠮᠢᠷ ᠤᠨ ᠬᠦᠳᠡᠯᠭᠡᠭᠡᠨ ᠳᠦ ᠬᠠᠢᠷᠠᠳᠠᠢ ᠮᠠᠨ ᠤ ᠬᠤᠷᠢᠶᠠᠨ ᠤ ᠡᠮᠡᠭᠲᠡᠢ ᠺᠠᠳᠠᠷ ᠴᠠᠭᠳᠠᠭ᠎ᠠ ᠨᠠᠷ ᠂ ᠨᠢᠬᠡᠨᠲᠡ ᠤᠮᠠᠷᠠᠳᠤ ᠤᠷᠤᠨ ᠤ ᠤᠨᠴᠠᠯᠢᠭ ᠳᠠᠢ《ᠬᠠᠪᠤᠷ ᠤᠨ ᠰᠠᠯᠬᠢᠨ》 ᠢ ᠨᠢᠭᠤᠷᠳᠠᠨ ᠂ ᠬᠠᠪᠤᠷ ᠤᠨ ᠠᠭᠤᠷ ᠠᠮᠢᠰᠬᠤᠯ ᠪᠢᠯᠬᠠᠭᠰᠠᠨ ᠬᠦᠷᠦᠰᠦᠨ ᠳᠡᠭᠡᠷ᠎ᠠ ᠠᠯᠬᠤᠯᠠᠨ᠎ᠠ ᠃ 3 ᠰᠠᠷᠠᠢᠨ 7  ᠤ ᠡᠳᠦᠷ ᠦᠨ ᠦᠳᠡ ᠶᠢᠨ ᠬᠤᠢᠨ᠎ᠠ ᠂ ᠨᠠᠮ ᠤᠨ ᠤᠳᠤᠷᠢᠳᠬᠤ ᠳᠤᠭᠤᠢᠯᠠᠩ ᠤᠨ ᠳᠡᠮᠵᠢᠯᠭᠡ ᠳᠤᠤᠷ᠎ᠠ ᠂ ᠡᠮᠡᠭᠲᠡᠢᠴᠦᠳ ᠦᠨ ᠠᠵᠢᠯ ᠤᠨ ᠺᠤᠮᠢᠰ ᠤᠨ ᠨᠠᠷᠢᠯᠢᠭ ᠪᠡᠯᠡᠳᠬᠡᠯ ᠪᠠ ᠪᠦᠬᠦ ᠬᠤᠷᠢᠶᠠᠨ ᠤ ᠡᠮᠡᠭᠲᠡᠢ ᠺᠠᠳᠠᠷ ᠴᠠᠭᠳᠠᠭ᠎ᠠ ᠶᠢᠨ ᠢᠳᠡᠪᠬᠢᠲᠠᠢ ᠤᠷᠤᠯᠴᠠᠭᠰᠠᠨ ᠪᠠᠢᠳᠠᠯ ᠳᠤᠤᠷ᠎ᠠ ᠂ ᠮᠠᠨ ᠤ ᠬᠤᠷᠢᠶ᠎ᠠ 《ᠪᠠᠬ᠎ᠠ ᠶᠢ ᠳᠠᠳᠠᠭᠰᠠᠨ ᠡᠮᠡᠭᠲᠡᠢᠴᠦᠳ ᠦᠨ ᠪᠠᠶᠠᠷ ᠂ ᠡᠷᠡᠬᠦᠯ ᠴᠢᠬᠢᠷᠠᠭ ᠢᠶᠠᠷ ᠠᠯᠬᠤᠬᠤ》ᠬᠦᠳᠡᠯᠭᠡᠭᠡᠨ ᠶᠠᠪᠤᠭᠳᠠᠭᠤᠯᠵᠤ ᠂ ᠦᠷᠭᠡᠨ ᠤᠯᠠᠨ ᠡᠮᠡᠭᠲᠡᠢ ᠺᠠᠳᠠᠷ ᠴᠠᠭᠳᠠᠭ᠎ᠠ ᠢᠳᠡᠪᠬᠢᠳᠠᠢ ᠤᠷᠤᠯᠴᠠᠵᠤ ᠂ ᠠᠯᠬᠤᠯᠠᠬᠤ ᠳᠤᠮᠳᠠ ᠪᠡᠶ᠎ᠠ ᠰᠡᠳᠬᠢᠯ ᠢᠶᠡᠨ ᠲᠠᠢᠪᠤᠰᠢᠷᠠᠭᠤᠯᠵᠤ ᠂ ᠲᠠᠢᠪᠤᠰᠢᠷᠠᠭᠤᠯᠬᠤ ᠬᠠᠮᠳᠤ ᠰᠡᠳᠬᠢᠯ ᠦᠨ ᠵᠤᠭᠤᠭ ᠢᠶᠠᠨ ᠳᠡᠯᠬᠡᠵᠦ ᠂ ᠵᠤᠭᠤᠭ ᠤᠨ ᠳᠤᠮᠳᠠ ᠠᠴᠠ ᠪᠠᠶᠠᠷ ᠤᠨ ᠡᠳᠦᠷ ᠦᠨ ᠰᠠᠢᠨ ᠰᠠᠢᠬᠠᠨ ᠢ ᠡᠳᠡᠯᠡᠭᠰᠡᠨ ᠪᠠᠢᠨ᠎ᠠ ᠃

    ᠡᠭᠦᠨ ᠦ ᠬᠠᠮᠳᠤ ᠂ ᠡᠮᠡᠭᠲᠡᠢᠴᠦᠳ ᠦᠨ ᠠᠵᠢᠯ ᠤᠨ ᠺᠤᠮᠢᠰ ᠪᠠᠰᠠ ᠠᠵᠢᠯ ᠠᠴᠠ ᠠᠮᠠᠷᠠᠭᠰᠠᠨ ᠡᠮᠡᠭᠲᠡᠢ ᠺᠠᠳᠠᠷ ᠴᠠᠭᠳᠠᠭ᠎ᠠ ᠶᠢ ᠤᠷᠢᠵᠤ ᠂ ᠳᠡᠳᠡᠨ ᠢ ᠳᠠᠭᠠᠭᠤᠯᠤᠨ ᠤᠷᠳᠤᠰ ᠬᠤᠳᠠ ᠶᠢᠨ ᠮᠦᠽᠧᠢ ᠵᠢᠴᠢ ᠮᠠᠨ ᠤ ᠬᠤᠷᠢᠶᠠᠨ ᠤ ᠵᠠᠷᠭᠤ ᠶᠢᠨ ᠦᠢᠯᠡᠴᠢᠯᠡᠭᠡᠨ ᠦ ᠲᠦᠪ ᠢ ᠳᠤᠭᠤᠷᠢᠨ ᠦᠵᠡᠪᠡ ᠃ ᠠᠬᠠᠮᠠᠳ ᠺᠠᠳᠠᠷ ᠨᠠᠷ ᠮᠠᠨ ᠤ ᠬᠤᠷᠢᠶᠠᠨ ᠤ ᠨᠢᠬᠡ ᠵᠢᠯ ᠦᠨ ᠬᠦᠭᠵᠢᠯᠲᠡ ᠳᠦ ᠦᠨᠳᠦᠷ ᠦᠨᠡᠯᠡᠯᠲᠡ ᠦᠭᠴᠦ ᠂ ᠰᠢᠬᠦᠬᠦ ᠬᠤᠷᠢᠶᠠᠨ ᠤ ᠨᠠᠮ  ᠤᠨ ᠤᠳᠤᠷᠢᠳᠬᠤ ᠳᠤᠭᠤᠢᠯᠠᠩ ᠪᠠ ᠡᠮᠡᠭᠲᠡᠢᠴᠦᠳ ᠦᠨ ᠠᠵᠢᠯ ᠤᠨ ᠺᠤᠮᠢᠰ ᠤᠨ ᠵᠤᠬᠢᠶᠠᠨ ᠪᠠᠢᠭᠤᠯᠤᠯᠭᠰᠠᠨ ᠳᠤᠭᠤᠷᠢᠯᠲᠠ ᠶᠢ ᠰᠠᠨᠠᠯ ᠨᠢᠭᠡᠲᠡᠢ ᠵᠥᠪᠰᠢᠶᠡᠷᠡᠭᠰᠡᠨ ᠪᠠᠢᠨ᠎ᠠ ᠃

    3 ᠰᠠᠷᠠᠢᠨ 8  ᠤ ᠡᠳᠦᠷ ᠂ ᠤᠷᠳᠤᠰ ᠬᠤᠳᠠ ᠶᠢᠨ ᠡᠮᠡᠭᠲᠡᠢᠴᠦᠳ ᠦᠨ ᠬᠤᠯᠪᠤᠭ᠎ᠠ《ᠭᠤᠸ᠎ᠠ ᠳᠡᠯᠭᠡᠷᠡᠭᠰᠡᠨ—— ᠡᠮᠡᠭᠲᠡᠢᠴᠦᠳ ᠦᠨ ᠭᠡᠷᠡᠯ ᠬᠢᠯᠪᠠᠭ᠎ᠠ ᠶᠢ ᠢᠯᠡᠷᠡᠭᠦᠯᠵᠦ  ᠰᠠᠢᠬᠠᠨ ᠦᠯᠢᠭᠡᠷ ᠤᠴᠢᠷ ᠢᠶᠠᠨ ᠶᠠᠷᠢᠬᠤ》ᠭᠤᠤᠯ ᠰᠡᠳᠦᠪᠲᠦ ᠬᠦᠳᠡᠯᠭᠡᠭᠡᠨ ᠦᠷᠨᠢᠬᠦᠯᠵᠦ ᠂ ᠮᠠᠨ ᠤ ᠬᠤᠷᠢᠶᠠᠨ ᠤ ᠠᠯᠪᠠᠨ ᠭᠡᠷ ᠪᠦᠬᠦ ᠬᠤᠳᠠ ᠶᠢᠨ ᠭᠤᠷᠪᠠ ᠨᠠᠢ᠍ᠮᠠ ᠤᠯᠠᠭᠠᠨ ᠳᠤᠭ ᠬᠠᠮᠳᠤ ᠨᠢᠬᠡᠴᠢ ᠪᠡᠷ ᠦᠨᠡᠯᠡᠭᠳᠡᠪᠡ ᠃

    ᠬᠤᠳᠠ  ᠶᠢᠨ ᠡᠮᠡᠭᠲᠡᠢᠴᠦᠳ ᠦᠨ ᠬᠤᠯᠪᠤᠭᠠᠨ ᠤ ᠵᠤᠬᠢᠶᠠᠨ ᠪᠠᠢᠭᠤᠯᠤᠭᠰᠠᠨ ᠡᠮᠡᠭᠲᠡᠢᠴᠦᠳ ᠦᠨ ᠪᠠᠶᠠᠷ ᠤᠨ 107 ᠵᠢᠯ ᠦᠨ ᠤᠢ ᠶᠢ ᠪᠡᠯᠡᠭᠯᠡᠬᠦ ᠭᠤᠤᠯ ᠰᠡᠳᠦᠪᠲᠦ ᠬᠥᠳᠡᠯᠭᠡᠭᠡᠨ ᠳᠤᠮᠳᠠ ᠂ ᠮᠠᠨ ᠤ ᠬᠤᠷᠢᠶᠠᠨ ᠤ ᠺᠠᠳᠠᠷ ᠴᠠᠭᠳᠠᠭ᠎ᠠ ᠯᠢ ᠶᠠᠨ ᠂ ᠦᠨᠡᠨ ᠂ ᠾᠸ ᠶᠠᠨ ᠴᠦᠨ ᠂ ᠵᠤᠤ ᠺᠠᠢ ᠂ ᠵᠢᠶᠠ ᠢ ᠳ᠋ᠠᠨ ᠵᠡᠷᠬᠡ ᠬᠦᠮᠦᠰ 《ᠦᠨᠢᠳᠡ ᠶᠢᠨ ᠴᠠᠬᠢᠷᠮ᠎ᠠ》 ᠶᠢ ᠳᠤᠭᠯᠠᠵᠤ ᠂ ᠮᠠᠨ ᠤ ᠬᠤᠷᠢᠶᠠᠨ ᠤ ᠰᠢᠯᠢᠳᠡᠭ ᠺᠠᠳᠠᠷ ᠴᠠᠭᠳᠠᠭ᠎ᠠ ᠸᠠᠩ ᠶᠠᠨ ᠰᠢᠬᠦᠭᠴᠢ ᠶᠢᠨ ᠦᠢᠯᠡ ᠶᠠᠪᠤᠳᠠᠯ ᠢᠶᠠᠷ ᠤᠭ ᠲᠦᠷᠢ ᠪᠤᠯᠭᠠᠵᠤ ᠂ ᠦᠨᠡᠨ ᠰᠡᠳᠬᠢᠯᠬᠡ ᠠᠮᠢᠳᠤᠯᠢᠭ ᠢᠶᠠᠷ ᠠᠷᠠᠳ ᠤᠨ ᠰᠢᠬᠦᠭᠴᠢ ᠠᠷᠠᠳ ᠤᠨ ᠲᠦᠯᠦᠭᠡ ᠂ ᠠᠷᠠᠳ ᠤᠨ ᠰᠢᠬᠦᠭᠴᠢ ᠲᠦᠪ ᠭᠤᠤᠯᠴᠢ ᠡᠷᠬᠡ ᠳᠡᠭᠰᠢ ᠶᠢ ᠬᠠᠮᠠᠭᠠᠯᠠᠵᠤ ᠂ ᠦᠷᠭᠡᠨ ᠤᠯᠠᠨ ᠤ ᠲᠦᠯᠦᠭᠡ ᠰᠡᠳᠬᠢᠯ ᠳᠠᠯᠪᠢᠬᠤ ᠠᠵᠢᠯ ᠦᠢᠯᠡᠰ  ᠢᠶᠡᠨ ᠬᠦᠨᠳᠦᠳᠭᠡᠬᠦ ᠵᠤᠷᠢᠭ ᠰᠠᠨᠠᠭ᠎ᠠ ᠪᠠ ᠡᠷᠬᠢᠮ ᠳᠡᠭᠡᠳᠦ ᠬᠡᠪ ᠰᠤᠷᠳᠠᠯ  ᠢ ᠢᠯᠡᠷᠡᠬᠦᠯᠵᠦ ᠂ ᠲᠣᠭᠯᠠᠯᠲᠠ ᠨᠢ ᠦᠵᠡᠭᠴᠢᠳ ᠦᠨ ᠬᠠᠯᠠᠭᠤᠨ ᠳᠠᠰᠢᠯᠲᠠ ᠶᠢ ᠤᠯᠤᠭᠰᠠᠨ ᠢᠶᠠᠷ ᠪᠠᠷᠠᠬᠤ ᠦᠬᠡᠢ ᠨᠡᠩ ᠴᠤ ᠦᠵᠡᠭᠴᠢᠳ ᠸᠠᠩ ᠶᠠᠨ ᠨᠦᠬᠦᠷ ᠦᠨ ᠦᠢᠯᠡ ᠶᠠᠪᠤᠳᠠᠯ ᠳᠤ ᠰᠡᠳᠬᠢᠯ ᠬᠦᠳᠡᠯᠦᠨ ᠨᠢᠯᠪᠤᠰᠤ ᠤᠨᠠᠭᠠᠵᠤ ᠂ ᠸᠠᠩ ᠶᠠᠨ ᠨᠦᠬᠦᠷ ᠦᠨ ᠰᠠᠯᠵᠤ ᠤᠳᠤᠭᠰᠠᠨ ᠳᠤ ᠬᠠᠷᠠᠮᠰᠠᠵᠤ ᠪᠠᠢᠨ᠎ᠠ ᠃

     ᠭᠤᠷᠪᠠᠨ ᠰᠠᠷ᠎ᠠ ᠂ ᠡᠮᠡᠭᠲᠡᠢ ᠬᠦᠮᠦᠨ ᠦ ᠤᠯᠠᠷᠢᠯ ᠃ ᠰᠢᠬᠦᠬᠦ ᠬᠤᠷᠢᠶᠠᠨ ᠤ ᠡᠮᠡᠭᠲᠡᠢᠴᠦᠳ ᠨᠢ ᠪᠤᠰᠤᠳ ᠡᠮᠡᠭᠲᠡᠢᠴᠦᠳ ᠡᠴᠡ ᠢᠯᠡᠬᠦᠦ ᠤᠶᠤᠨᠯᠢᠭ ᠪᠠ ᠳᠡᠰᠪᠤᠷᠢᠲᠠᠢ ᠪᠠᠢᠵᠤ ᠂ ᠨᠡᠩ ᠨᠢᠯᠡᠭᠦᠦ ᠠᠭᠤᠵᠢᠭᠤ ᠪᠤᠯᠤᠨ ᠭᠤᠶᠤᠴᠢ ᠦᠭᠡᠢ ᠪᠠᠢᠳᠠᠭ ᠃ ᠬᠠᠷᠠᠭᠠᠴᠢ ᠂ ᠰᠢᠬᠦᠨ ᠳᠠᠰᠤᠯᠤᠲᠠ ᠶᠢᠨ ᠬᠡᠯᠳᠡᠰ ᠦᠨ ᠳᠡᠳᠡᠨᠠᠷ᠂ ᠰᠤᠳᠤ ᠮᠡᠷᠭᠡᠨ ᠂ ᠯᠠᠪᠳᠠᠭᠤᠨ ᠲᠠᠰᠤᠯᠤᠨ ᠳᠤᠭᠳᠠᠭᠠᠬᠤ ᠳᠤ ᠪᠠᠨ ᠭᠠᠷᠮᠠᠭᠠᠢ ᠂ ᠲᠦᠪᠡᠭᠲᠡᠢ ᠵᠢᠭᠤᠷᠠᠯᠳᠤᠭᠠᠨ ᠨᠢ ᠳᠡᠳᠡᠨᠠᠷ ᠤᠨ ᠡᠶᠡᠯᠳᠡᠭ ᠵᠦᠬᠡᠯᠡᠨ ᠂ ᠬᠠᠯᠠᠭᠤᠨ ᠰᠡᠳᠬᠢᠯ ᠳᠤᠮᠳᠠ ᠰᠢᠢᠳᠪᠦᠷᠢᠯᠡᠭᠳᠡᠨ᠎ᠡ ᠃ ᠬᠠᠷᠠᠭᠠᠴᠢ ᠂ ᠭᠦᠢᠴᠡᠳᠬᠡᠬᠦ ᠬᠡᠯᠳᠡᠰ ᠦᠨ ᠳᠡᠳᠡᠨᠠᠷ ᠂ ᠡᠷᠡᠰ ᠰᠢᠭᠤᠷᠬᠠᠢ ᠂ ᠭᠤᠢᠪᠢᠰᠢ ᠦᠭᠡᠢ ᠬᠠᠷᠢᠭᠤᠴᠠᠯᠭ᠎ᠠ ᠳᠠᠢ ᠂ ᠰᠢᠢᠳᠪᠦᠷᠢᠯᠡᠬᠦ ᠳᠦ ᠬᠦᠴᠢᠷᠲᠡᠢ ᠬᠡᠷᠡᠭ ᠨᠢ ᠳᠡᠳᠡᠨᠠᠷ ᠤᠨ ᠡᠷᠡᠰ ᠵᠤᠷᠢᠭ ᠂ ᠲᠡᠰᠪᠦᠷᠢ ᠬᠠᠳᠠᠭᠤᠵᠢᠯᠲᠠᠢ ᠳᠤᠮᠳᠠ ᠰᠢᠢᠳᠪᠦᠷᠢᠯᠡᠵᠦ ᠳᠠᠭᠤᠰᠤᠨ᠎ᠠ ᠃ ᠬᠠᠷᠠᠭᠠᠴᠢ ᠂ ᠶᠡᠷᠦᠩᠬᠡᠢ᠂ ᠬᠠᠪᠰᠤᠷᠤᠭᠴᠢ ᠬᠡᠯᠳᠡᠰ ᠦᠨ ᠳᠡᠳᠡᠨᠠᠷ ᠂ ᠨᠠᠷᠢᠯᠭ ᠂ ᠠᠮᠢᠳᠤᠯᠢᠭ ᠪᠦᠬᠦ ᠴᠢᠳᠠᠮᠵᠢ ᠳᠠᠢ ᠂ ᠪᠤᠳᠤᠯᠢᠶᠠᠨᠳᠠᠢ ᠠᠵᠢᠯ ᠨᠢ ᠳᠡᠳᠡᠨᠠᠷ ᠤᠨ ᠨᠠᠷᠢᠨ ᠬᠢᠨᠠᠮᠠᠭᠠᠢ ᠂ ᠭᠤᠶᠤᠴᠢ ᠦᠬᠡᠢ ᠡᠷᠬᠦᠬᠦ ᠳᠤᠮᠳᠠ ᠪᠡᠶᠡᠯᠡᠭᠳᠡᠨ᠎ᠠ ᠃ ᠬᠠᠷᠠᠭᠠᠴᠢ ᠂ ᠬᠠᠤᠯᠢ ᠶᠢᠨ ᠴᠠᠭᠳᠠᠭ᠎ᠠ ᠶᠢᠨ ᠶᠡᠬᠡ ᠠᠩᠭᠢ ᠶᠢᠨ ᠳᠡᠳᠡᠨᠠᠷ ᠂ ᠡᠷᠡᠯᠬᠡᠭ ᠴᠤᠭ ᠪᠠᠳᠠᠷᠠᠮ᠎ᠠ ᠠᠮᠤᠷ ᠲᠦᠪᠰᠢᠨ ᠢ ᠬᠠᠮᠠᠭᠠᠯᠠᠵᠤ ᠂ ᠠᠶᠤᠯ ᠲᠦᠭᠰᠢᠭᠦᠷᠢ ᠪᠤᠯᠤᠨ ᠬᠠᠷᠬᠢᠰ ᠬᠡᠷᠴᠡᠭᠡᠢ ᠨᠢ ᠳᠡᠳᠡᠨᠠᠷ ᠤᠨ ᠲᠦᠪ ᠰᠤᠷᠳᠠᠯ ᠂ ᠰᠦᠷ ᠬᠦᠴᠦᠨ ᠳᠦ ᠪᠠᠷᠠᠭ᠎ᠠ ᠳᠠᠰᠤ ᠪᠤᠯᠳᠠᠭ ᠃ ᠠᠵᠢᠯ ᠳᠤᠮᠳᠠ ᠂ ᠲᠡᠳᠡᠨᠡᠷ ᠪᠦᠬᠦᠨ ᠢ ᠡᠬᠦᠷᠭᠡᠯᠡᠵᠦ ᠂ ᠬᠡᠨ ᠡᠴᠡ ᠴᠦ ᠳᠤᠳᠠᠬᠤ ᠦᠬᠡᠢ ᠃ ᠠᠮᠢᠳᠤᠷᠠᠯ ᠳᠤᠮᠳᠠ ᠂ ᠳᠡᠳᠡᠨᠠᠷ ᠡᠶᠡᠯᠳᠡᠭ ᠬᠠᠯᠠᠭᠤᠮᠰᠤᠭ ᠂ ᠴᠢᠷᠮᠠᠢᠨ ᠰᠠᠢᠨ ᠡᠵᠢ ᠂ ᠰᠠᠢᠨ ᠪᠦᠰᠡᠬᠦᠢ ᠂ ᠰᠠᠢᠨ ᠬᠡᠤᠬᠡᠨ ᠪᠤᠯᠳᠠᠭ ᠃ ᠳᠡᠳᠡᠨᠠᠷ ᠂ ᠠᠵᠢᠯ ᠠᠮᠢᠳᠤᠷᠠᠯ ᠪᠦᠷ ᠪᠣᠯᠪᠠᠰᠤᠷᠠᠩᠭᠤᠢ᠂ ᠲᠡᠰᠪᠦᠷᠢ ᠬᠠᠳᠠᠭᠤᠵᠢᠯᠲᠠᠢ ᠡᠶᠡᠯᠳᠡᠭ ᠵᠦᠬᠡᠯᠡᠨ ᠢ ᠪᠦᠷ ᠪᠠᠭᠳᠠᠭᠠᠳᠠᠭ ᠃ ᠭᠤᠷᠪᠠᠨ ᠰᠠᠷ᠎ᠠ ᠂ ᠬᠠᠮᠤᠭ ᠤᠨ ᠦᠵᠡᠰᠭᠦᠯᠡᠩ ᠡᠮᠡᠭᠲᠡᠢᠴᠦᠳ ᠲᠦ ᠬᠦᠨᠳᠦᠳᠬᠡᠯ ᠡᠷᠬᠦᠶ᠎ᠠ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )