2 ᠰᠠᠷᠠᠢᠨ 15 ᠤ ᠡᠳᠦᠷ ᠦᠨ ᠦᠳᠡ ᠶᠢᠨ ᠡᠮᠦᠨ᠎ᠠ ᠂ ᠤᠷᠳᠤᠰ ᠤᠨ ᠬᠤᠶᠠᠷ ᠱᠠᠳᠤᠨ ᠤ ᠰᠢᠬᠦᠬᠦ ᠬᠤᠷᠢᠶ᠎ᠠ ᠶᠢᠨ《ᠬᠠᠪᠤᠷ ᠤᠨ ᠠᠶᠤᠩᠭ᠎ᠠ ᠠᠵᠢᠯᠯᠠᠭ᠎ᠠ》ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ《ᠬᠦᠢᠴᠡᠳᠬᠡᠬᠦ ᠶᠢ ᠵᠢᠭᠠᠨ ᠵᠢᠯᠤᠭᠤᠳᠬᠤ ᠲᠦᠪ》 ᠲᠦ ᠵᠢᠩᠬᠢᠨᠢ ᠪᠡᠷ ᠡᠬᠢᠯᠡᠵᠦ ᠂ ᠬᠤᠳᠠ ᠶᠢᠨ ᠪᠠᠢᠴᠠᠭᠠᠬᠤ ᠬᠤᠷᠢᠶ᠎ᠠ ᠂ ᠬᠤᠳᠠ ᠶᠢᠨ ᠳᠤᠳᠤᠭᠠᠳᠤ ᠶᠢ ᠬᠠᠮᠠᠭᠠᠯᠠᠬᠤ ᠳᠤᠪᠴᠢᠶ᠎ᠠ ᠂ ᠬᠤᠳᠠ ᠶᠢᠨ ᠦᠯᠦ ᠬᠥᠳᠡᠯᠬᠦ ᠬᠦᠷᠦᠩᠭᠡ ᠶᠢᠨ ᠳᠠᠩᠰᠠᠯᠠᠯᠲᠠ ᠶᠢᠨ ᠲᠦᠪ ᠂ ᠠᠷᠠᠳ ᠤᠨ ᠪᠠᠩᠬᠢ ᠶᠢᠨ ᠤᠷᠳᠤᠰ ᠬᠤᠳᠠ ᠳᠡᠬᠢ ᠭᠤᠤᠯ ᠰᠠᠯᠪᠤᠷᠢ ᠪᠠᠩᠬᠢ ᠂ ᠬᠤᠳᠠ ᠶᠢᠨ ᠠᠷᠠᠳ ᠤᠨ ᠠᠭᠠᠷ ᠳᠡᠭᠡᠭᠡᠪᠦᠷᠢ ᠶᠢᠨ ᠠᠯᠪᠠᠨ ᠭᠡᠷ ᠵᠡᠷᠬᠡ ᠬᠠᠮᠢᠶ᠎ᠠ ᠪᠦᠬᠦᠢ ᠰᠠᠯᠠᠭ᠎ᠠ ᠮᠦᠴᠢᠷ ᠦᠨ ᠤᠳᠤᠷᠢᠳᠤᠯᠭ᠎ᠠ ᠵᠢᠴᠢ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠭᠦᠢᠴᠡᠳᠬᠡᠬᠦ ᠳᠤᠪᠴᠢᠶᠠᠨ ᠤ ᠪᠦᠬᠦ ᠺᠠᠳᠠᠷ ᠴᠠᠭᠳᠠᠭ᠎ᠠ《ᠬᠠᠪᠤᠷ ᠤᠨ ᠠᠶᠤᠩᠭ᠎ᠠ ᠠᠵᠢᠯᠯᠠᠭ᠎ᠠ》 ᠶᠢᠨ ᠡᠬᠢᠯᠡᠬᠦ ᠶᠤᠰᠤᠯᠠᠯ ᠳᠤ ᠤᠷᠤᠯᠴᠠᠪᠠ ᠃ ᠡᠬᠢᠯᠡᠬᠦ ᠶᠤᠰᠤᠯᠠᠯ ᠢ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠨᠠᠮ ᠤᠨ ᠤᠳᠤᠷᠢᠳᠬᠤ ᠳᠤᠭᠤᠢᠯᠠᠩ ᠤᠨ ᠬᠡᠰᠢᠬᠦᠨ ᠂ ᠳᠡᠳ᠋ ᠬᠤᠷᠢᠶᠠᠨ ᠳᠠᠷᠤᠭ᠎ᠠ ᠠᠢ ᠹᠸᠢ ᠡᠷᠬᠢᠯᠡᠪᠡ ᠃
ᠡᠬᠢᠯᠡᠬᠦ ᠶᠤᠰᠤᠯᠠᠯ ᠳᠡᠭᠡᠷ᠎ᠠ ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠭᠦᠢᠴᠡᠳᠬᠡᠬᠦ ᠳᠤᠪᠴᠢᠶᠠᠨ ᠤ ᠳᠤᠪᠴᠢᠶᠠᠨ ᠳᠠᠷᠤᠭ᠎ᠠ ᠵᠠᠩ ᠶᠤᠸᠠᠢ ᠹᠸᠩ ᠤᠷᠳᠤᠰ ᠤᠨ ᠬᠤᠶᠠᠷ ᠱᠠᠳᠤᠨ ᠤ ᠰᠢᠬᠦᠬᠦ ᠬᠤᠷᠢᠶᠠᠨ ᠤ ᠬᠦᠢᠴᠡᠳᠭᠡᠬᠦ ᠠᠵᠢᠯ ᠤᠨ《ᠬᠠᠪᠤᠷ ᠤᠨ ᠠᠶᠤᠩᠭ᠎ᠠ ᠠᠵᠢᠯᠯᠠᠭ᠎ᠠ》 ᠶᠢᠨ ᠶᠠᠪᠤᠭᠳᠠᠭᠤᠯᠬᠤ ᠲᠦᠰᠦᠪ ᠢ ᠤᠩᠰᠢᠪᠠ ᠃ ᠵᠠᠩ ᠶᠤᠸᠠᠢ ᠹᠸᠩ ᠵᠢᠭᠠᠵᠤ ᠭᠠᠷᠭᠠᠭᠰᠠᠨ ᠨᠢ ᠂ ᠳᠤᠰ ᠤᠳᠠᠭᠠᠨ ᠤ ᠳᠤᠰᠬᠠᠢ ᠠᠵᠢᠯᠯᠠᠭᠠᠨ ᠳᠤᠮᠳᠠ ᠂ ᠬᠤᠳᠠ ᠶᠢᠨ ᠬᠤᠶᠠᠷ ᠱᠠᠳᠤᠨ ᠤ ᠰᠢᠬᠦᠬᠦ ᠬᠤᠷᠢᠶ᠎ᠠ ᠬᠠᠤᠯᠢ ᠴᠠᠭᠠᠵᠠ ᠶᠢᠨ ᠬᠠᠩᠭᠠᠭᠰᠠᠨ ᠡᠯ᠎ᠠ ᠠᠯᠪᠠᠳᠠᠯᠭ᠎ᠠ ᠶᠢᠨ ᠠᠷᠭ᠎ᠠ ᠠᠪᠴᠢᠯ ᠢ ᠬᠦᠢᠴᠡᠳ ᠬᠡᠷᠡᠭᠯᠡᠵᠦ ᠂ ᠵᠤᠬᠢᠰᠳᠠᠢ ᠬᠡᠷᠡᠭᠯᠡᠵᠦ ᠂ ᠰᠠᠢᠨ ᠬᠡᠷᠡᠭᠯᠡᠬᠦ ᠬᠡᠷᠡᠭᠲᠡᠢ ᠂ ᠪᠢᠯᠢᠭ᠌ ᠦᠨ ᠤᠯᠠᠷᠢᠯ ᠤᠨ ᠴᠠᠭᠠᠨ ᠰᠠᠷ᠎ᠠ ᠶᠢᠨ ᠳᠤᠬᠢᠶᠠᠯ ᠢ ᠠᠰᠢᠭᠯᠠᠵᠤ ᠴᠢᠩᠭ᠎ᠠ ᠳᠠᠭᠠᠷᠢᠯᠲᠠ ᠬᠢᠵᠦ ᠂ ᠡᠷᠭᠡ ᠰᠦᠷ ᠢᠶᠡᠨ ᠦᠵᠡᠬᠦᠯᠵᠦ ᠂ ᠪᠤᠳᠠᠳᠠᠢ ᠦᠷ᠎ᠠ ᠪᠦᠲᠦᠮᠵᠢᠲᠠᠢ ᠪᠠᠢᠵᠤ ᠂ ᠬᠦᠢᠴᠡᠳᠬᠡᠬᠦ ᠡᠴᠡ ᠰᠢᠯᠳᠠᠭᠯᠠᠨ ᠵᠠᠢᠯᠠᠬᠤ ᠂ ᠬᠦᠢᠴᠡᠳᠬᠡᠬᠦ ᠶᠢ ᠡᠰᠡᠷᠭᠦᠴᠡᠬᠦ ᠂ ᠨᠢᠬᠡᠨᠲᠡ ᠲᠦᠷ ᠬᠤᠷᠢᠬᠤ ᠨᠦᠬᠦᠴᠡᠯ ᠪᠦᠷᠢᠯᠳᠦᠭᠰᠡᠨ ᠨᠢᠬᠡ ᠪᠦᠯᠦᠭ ᠢ ᠲᠦᠪᠯᠡᠷᠡᠭᠦᠯᠦᠨ ᠬᠠᠤᠯᠢ ᠴᠠᠭᠠᠵᠠ ᠶᠢᠨ ᠲᠦᠷ ᠬᠤᠷᠢᠯᠲᠠ ᠬᠢᠵᠦ ᠂ ᠨᠢᠬᠡ ᠪᠦᠯᠦᠭ ᠢ ᠨᠢ ᠲᠣᠷᠭᠠᠭᠤᠯᠢ ᠬᠢᠵᠦ ᠂ ᠢᠳᠡᠭᠡᠯ ᠠᠯᠳᠠᠭᠰᠠᠨ ᠨᠢᠬᠡ ᠪᠦᠯᠦᠭ ᠬᠦᠮᠦᠨ ᠢ ᠰᠦᠯᠵᠢᠶᠡᠨ ᠳᠦ ᠭᠠᠷᠭᠠᠨ᠎ᠠ ᠃ ᠥᠩᠭᠡᠷᠡᠭᠰᠡᠨ ᠵᠢᠯ ᠦᠨ ᠭᠦᠢᠴᠡᠳᠬᠡᠬᠦ ᠳᠠᠷᠤᠭᠳᠠᠮᠠᠯ ᠬᠡᠷᠡᠭ ᠵᠢᠴᠢ 2017 ᠤᠨ ᠤ ᠰᠢᠨ᠎ᠠ ᠪᠠᠷ ᠬᠦᠯᠢᠶᠡᠨ ᠠᠪᠤᠭᠰᠠᠨ ᠬᠡᠷᠡᠭ ᠢ ᠬᠡᠷᠡᠭ ᠦᠨ ᠰᠢᠯᠳᠠᠭᠠᠨ ᠢᠶᠠᠷ ᠲᠦᠷᠦᠯ ᠬᠤᠪᠢᠶᠠᠨ ᠪᠦᠷᠢᠳᠬᠡᠵᠦ ᠂ ᠨᠢᠬᠡ ᠪᠦᠯᠦᠭ ᠬᠦᠢᠴᠡᠳᠬᠡᠯ ᠦᠨ ᠳᠠᠷᠤᠭᠳᠠᠮᠠᠯ ᠬᠡᠷᠡᠭ ᠢ ᠲᠥᠪᠯᠡᠷᠡᠭᠦᠯᠦᠨ ᠰᠢᠢᠳᠪᠦᠷᠢᠯᠡᠨ᠎ᠠ ᠃ ᠥᠩᠭᠡᠷᠡᠭᠰᠡᠨ ᠵᠢᠯ ᠦᠨ ᠵᠠᠬᠢᠳᠠᠯ ᠰᠤᠷᠪᠤᠯᠵᠢᠯᠠᠭ᠎ᠠ ᠳᠤ ᠬᠤᠯᠪᠤᠭᠳᠠᠭᠰᠠᠨ ᠬᠡᠷᠡᠭ ᠢ ᠬᠠᠷᠢᠭᠤᠴᠠᠯᠭ᠎ᠠ ᠶᠢᠨ ᠨᠠᠷᠢᠨ ᠲᠠᠩᠰᠠ ᠵᠤᠬᠢᠶᠠᠵᠤ ᠂ ᠬᠡᠷᠡᠭ ᠬᠤᠪᠢᠶᠠᠵᠤ ᠬᠦᠮᠦᠨ ᠳᠤᠮᠢᠯᠠᠵᠤ ᠂ ᠬᠡᠷᠡᠭ ᠳᠠᠷᠠᠭᠠᠯᠠᠨ ᠡᠶᠡᠳᠡᠬᠦᠯᠬᠦ ᠲᠦᠰᠦᠪ ᠳᠤᠭᠳᠠᠵᠤ ᠂ ᠪᠦᠬᠦ ᠳᠠᠯ᠎ᠠ ᠪᠠᠷ ᠵᠠᠬᠢᠳᠠᠯ ᠰᠤᠷᠪᠤᠯᠵᠢᠯᠠᠭ᠎ᠠ ᠳᠤ ᠬᠤᠯᠪᠤᠭᠳᠠᠭᠰᠠᠨ ᠬᠡᠷᠡᠭ ᠢ ᠰᠢᠢᠳᠪᠦᠷᠢᠯᠡᠨ᠎ᠠ ᠃
ᠡᠬᠢᠯᠡᠬᠦ ᠶᠤᠰᠤᠯᠠᠯ ᠳᠡᠭᠡᠷ᠎ᠠ ᠂ ᠤᠷᠳᠤᠰ ᠤᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠰᠢᠬᠦᠨ ᠳᠠᠰᠤᠯᠠᠬᠤ ᠺᠤᠮᠢᠰ ᠤᠨ ᠳᠤᠰᠬᠠᠢ ᠳᠤᠰᠢᠶᠠᠯᠳᠤ ᠬᠡᠰᠢᠬᠦᠨ ᠭᠧ ᠵᠦᠩ ᠫᠢᠩ ᠳᠠᠢᠴᠢᠯᠠᠯᠲᠠ ᠶᠢᠨ ᠶᠠᠷᠢᠶ᠎ᠠ ᠳᠠᠯᠪᠢᠵᠤ ᠂ ᠬᠤᠷᠠᠯ ᠤᠷᠤᠯᠴᠠᠭᠰᠠᠨ ᠬᠠᠮᠢᠶ᠎ᠠ ᠪᠦᠬᠦᠢ ᠤᠳᠤᠷᠢᠳᠤᠯᠭ᠎ᠠ ᠳᠠᠢ ᠭᠦᠢᠴᠡᠳᠬᠡᠬᠦ ᠶᠢ ᠵᠢᠭᠠᠨ ᠵᠢᠯᠤᠭᠤᠳᠬᠤ ᠲᠦᠪ ᠦᠨ ᠳᠠᠪᠴᠠᠩ ᠢᠶᠠᠷ ᠳᠠᠮᠵᠢᠵᠤ ᠵᠢᠷᠤᠭ ᠠᠴᠢᠶᠠᠯᠠᠵᠤ ᠬᠠᠮᠳᠤᠪᠡᠷ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠵᠢᠴᠢ ᠡᠯ᠎ᠠ ᠬᠤᠰᠢᠭᠤ ᠳᠤᠭᠤᠷᠢᠭ ᠤᠨ ᠰᠢᠬᠦᠬᠦ ᠬᠤᠷᠢᠶᠠᠨ ᠤ ᠠᠵᠢᠯᠯᠠᠭᠠᠨ ᠤ ᠳᠤᠭᠤᠢᠯᠠᠩ ᠤᠨ ᠪᠡᠯᠡᠳᠬᠡᠯ ᠪᠠᠢᠳᠠᠯ ᠢ ᠪᠠᠢᠴᠠᠭᠠᠨ ᠦᠵᠡᠪᠡ ᠃ ᠪᠠᠢᠴᠠᠭᠠᠨ ᠦᠵᠡᠭᠰᠡᠨ ᠦ ᠳᠠᠷᠠᠭ᠎ᠠ ᠂ ᠭᠧ ᠵᠦᠩ ᠫᠢᠩ ᠳᠤᠰᠬᠠᠢ ᠳᠤᠰᠢᠶᠠᠯᠳᠠᠨ ᠤᠷᠳᠤᠰ ᠬᠤᠳᠠ ᠶᠢᠨ ᠬᠤᠶᠠᠷ ᠱᠠᠳᠤᠨ ᠤ ᠰᠢᠬᠦᠬᠦ ᠬᠤᠷᠢᠶ᠎ᠠ ᠶᠢᠨ ᠬᠦᠢᠴᠡᠳᠬᠡᠬᠦ ᠠᠵᠢᠯ《ᠬᠠᠪᠤᠷ ᠤᠨ ᠠᠶᠤᠩᠭ᠎ᠠ ᠠᠵᠢᠯᠯᠠᠭ᠎ᠠ》ᠡᠬᠢᠯᠡᠭᠰᠡᠨ ᠢ ᠨᠡᠢᠳᠡᠯᠡᠪᠡ ᠃
ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ ᠤ《<ᠬᠤᠶᠠᠷ ᠠᠴᠠ ᠭᠤᠷᠪᠠᠨ ᠵᠢᠯ ᠦᠨ ᠬᠤᠭᠤᠴᠠᠭᠠᠨ ᠳᠤ ᠬᠦᠢᠴᠡᠳᠭᠡᠬᠦ ᠳᠦ ᠬᠦᠴᠢᠷ ᠠᠰᠠᠭᠤᠳᠠᠯ ᠢ ᠦᠨᠳᠦᠰᠦᠨ ᠡᠴᠡ ᠰᠢᠢᠳᠪᠦᠷᠢᠯᠡᠬᠦ>ᠠᠵᠢᠯ ᠤᠨ ᠳᠤᠪᠴᠢ ᠶᠢ ᠨᠠᠢᠳᠠᠪᠤᠷᠢᠵᠢᠭᠤᠯᠬᠤ ᠳᠤᠬᠠᠢ》 ᠶᠢᠨ ᠱᠠᠭᠠᠷᠳᠠᠯᠭ᠎ᠠ ᠶᠤᠰᠤᠭᠠᠷ ᠂ ᠦᠪᠡᠷᠲᠡᠭᠡᠨ ᠵᠠᠰᠠᠬᠤ ᠤᠷᠤᠨ ᠤ ᠳᠡᠭᠡᠳᠦ ᠵᠡᠷᠬᠡ ᠶᠢᠨ ᠰᠢᠬᠦᠬᠦ ᠬᠤᠷᠢᠶ᠎ᠠ 2016 ᠤᠨ ᠢ ᠪᠦᠬᠦ ᠤᠷᠤᠨ ᠤ ᠰᠢᠬᠦᠬᠦ ᠬᠤᠷᠢᠶᠠᠨ ᠤ《ᠬᠦᠢᠴᠡᠳᠬᠡᠬᠦ ᠵᠢᠯ》ᠪᠤᠯᠭᠠᠪᠠ ᠃ 《ᠭᠦᠢᠴᠡᠳᠬᠡᠬᠦ ᠵᠢᠯ》 ᠦᠨ ᠬᠤᠭᠤᠴᠠᠭᠠᠨ ᠳᠤ ᠂ ᠪᠦᠬᠦ ᠬᠤᠳᠠ ᠶᠢᠨ ᠰᠢᠬᠦᠬᠦ ᠬᠤᠷᠢᠶ᠎ᠠ ᠠᠯᠬᠤᠮ ᠳᠠᠷᠠᠭᠠᠯᠠᠨ《ᠬᠤᠷᠴᠠ ᠰᠡᠯᠡᠮ᠎ᠠ ᠠᠵᠢᠯᠯᠠᠭ᠎ᠠ》᠂《ᠡᠳ᠋ ᠬᠦᠷᠦᠩᠭᠡ ᠪᠠᠢᠴᠠᠭᠠᠨ ᠡᠵᠡᠮᠳᠡᠬᠦ(ᠳᠠᠪᠤᠨ ᠪᠠᠢᠴᠠᠭᠠᠯᠲᠠ)ᠠᠵᠢᠯᠯᠠᠭ᠎ᠠ》᠂《ᠭᠦᠢᠴᠡᠳᠬᠡᠬᠦ ᠵᠢᠯ ᠦᠨ ᠵᠠᠭᠤᠨ ᠡᠳᠦᠷ ᠦᠨ ᠪᠡᠬᠢᠯᠡᠯᠲᠡ ᠰᠢᠪᠳᠤᠯᠠᠬᠤ ᠠᠵᠢᠯᠯᠠᠭ᠎ᠠ》 ᠶᠢ ᠦᠷᠨᠢᠬᠦᠯᠪᠡ ᠃ ᠡᠬᠦᠨ ᠦ ᠬᠠᠮᠳᠤ ᠂ ᠳᠡᠬᠡᠳᠦ ᠵᠡᠷᠬᠡ ᠶᠢᠨ ᠰᠢᠬᠦᠬᠦ ᠬᠤᠷᠢᠶᠠᠨ ᠤ ᠲᠣᠬᠢᠷᠠᠭᠤᠯᠤᠯᠲᠠ ᠶᠤᠰᠤᠭᠠᠷ《ᠳᠠᠯ᠎ᠠ ᠨᠤᠳᠤᠭ ᠤᠨ ᠰᠢᠭᠤᠷᠭ᠎ᠠ》᠂《ᠠᠷᠠᠳ ᠤᠨ ᠠᠮᠢᠳᠤᠷᠠᠯ ᠳᠤ ᠬᠤᠯᠪᠤᠭᠳᠠᠭᠰᠠᠨ ᠬᠡᠷᠡᠭ ᠢ ᠬᠦᠢᠴᠡᠳᠬᠡᠬᠦ ᠭᠠᠷᠠᠭ》ᠵᠡᠷᠬᠡ ᠲᠦᠪᠯᠡᠷᠡᠬᠦᠯᠦᠨ ᠬᠦᠢᠴᠡᠳᠬᠡᠬᠦ ᠠᠵᠢᠯᠯᠠᠭ᠎ᠠ ᠦᠷᠨᠢᠬᠦᠯᠪᠡ ᠃ 10 ᠰᠠᠷ᠎ᠠ ᠳᠤ ᠂ ᠪᠠᠰᠠ《ᠵᠠᠭᠤᠨ ᠡᠳᠦᠷ ᠦᠨ ᠪᠡᠬᠢᠯᠡᠯᠲᠡ ᠰᠢᠪᠳᠤᠯᠠᠬᠤ》ᠨᠠᠮᠤᠷ ᠤᠨ ᠤᠯᠠᠷᠢᠯ ᠤᠨ ᠰᠢᠭᠤᠷᠭ᠎ᠠ ᠲᠦᠪᠯᠡᠷᠡᠬᠦᠯᠦᠨ ᠭᠦᠢᠴᠡᠳᠬᠡᠬᠦ ᠠᠵᠢᠯᠯᠠᠭ᠎ᠠ ᠦᠷᠨᠢᠬᠦᠯᠵᠦ ᠂ ᠨᠢᠬᠡ ᠰᠠᠷ᠎ᠠ ᠶᠢᠨ ᠬᠤᠭᠤᠴᠠᠭ᠎ᠠ ᠪᠠᠷ ᠡᠮᠦᠨ᠎ᠠ ᠬᠡᠳᠦᠨ ᠱᠠᠳᠤᠨ ᠳᠤ ᠭᠦᠢᠴᠡᠳᠬᠡ ᠦᠬᠡᠢ ᠬᠡᠷᠡᠭ ᠢ ᠲᠦᠪᠯᠡᠷᠡᠬᠦᠯᠦᠨ ᠰᠢᠢᠳᠪᠦᠷᠢᠯᠡᠵᠦ ᠂ ᠴᠢᠩᠭ᠎ᠠ ᠬᠦᠴᠦᠲᠠᠢ ᠠᠷᠭ᠎ᠠ ᠬᠡᠮᠵᠢᠶ᠎ᠠ ᠪᠠᠷ《ᠵᠠᠭᠤᠨ ᠡᠳᠦᠷ ᠦᠨ ᠪᠡᠬᠢᠯᠡᠯᠲᠡ ᠰᠢᠪᠲᠤᠯᠬᠤ》ᠳᠤᠰᠬᠠᠢ ᠠᠵᠢᠯᠯᠠᠭ᠎ᠠ ᠶᠢ ᠳᠠᠭᠤᠰᠬᠠᠪᠠ ᠃ 《ᠬᠦᠢᠴᠡᠳᠬᠡᠬᠦ ᠵᠢᠯ》ᠳᠤᠰᠬᠠᠢ ᠠᠵᠢᠯᠯᠠᠭ᠎ᠠ ᠶᠢᠨ ᠬᠦᠴᠦᠲᠠᠢ ᠦᠷᠨᠢᠬᠦᠯᠬᠡ ᠪᠡᠷ ᠳᠠᠮᠵᠢᠵᠤ ᠂ ᠪᠦᠬᠦ ᠬᠤᠳᠠ ᠶᠢᠨ ᠰᠢᠬᠦᠬᠦ ᠬᠤᠷᠢᠶ᠎ᠠ 42237 ᠬᠡᠷᠡᠭ ᠬᠦᠢᠴᠡᠳᠬᠡᠵᠦ ᠂ ᠬᠡᠷᠡᠭ ᠳᠠᠭᠤᠰᠬᠠᠭᠰᠠᠨ ᠬᠠᠷᠢᠴᠠᠯᠠᠰᠢᠭᠦᠢ ᠳᠤᠭ᠎ᠠ ᠳᠡᠭᠡᠷ᠎ᠠ ᠵᠢᠯ ᠦᠨ ᠠᠳᠠᠯᠢ ᠬᠤᠭᠤᠴᠠᠭᠠᠨ ᠠᠴᠠ 31077 ᠬᠡᠷᠡᠭ ᠴᠤᠯᠤ ᠨᠡᠮᠡᠭᠳᠡᠵᠦ ᠂ ᠬᠡᠷᠡᠭ ᠳᠠᠭᠤᠰᠬᠠᠭᠰᠠᠨ ᠬᠠᠷᠠᠯᠲᠠ ᠶᠢᠨ ᠳᠤᠭ᠎ᠠ 201.19 ᠳ᠋ᠦᠩᠰᠢᠭᠤᠷ ᠲᠥᠭᠦᠷᠢᠭ ᠂ ᠪᠦᠷ ᠳᠡᠤᠬᠡᠨ ᠰᠢᠨ᠎ᠠ ᠳᠡᠮᠳᠡᠭᠯᠡᠯ ᠪᠤᠯᠤᠨ᠎ᠠ ᠃
ᠤᠳᠤ ᠪᠤᠯᠳᠠᠯ᠎ᠠ ᠂ ᠪᠦᠬᠦ ᠬᠤᠳᠠ ᠶᠢᠨ ᠬᠤᠶᠠᠷ ᠱᠠᠳᠤᠨ ᠤ ᠰᠢᠬᠦᠬᠦ ᠬᠤᠷᠢᠶ᠎ᠠ ᠨᠡᠢᠲᠡ ᠬᠦᠢᠴᠡᠳᠬᠡ ᠦᠬᠡᠢ ᠬᠡᠷᠡᠭ 25520 ᠪᠠᠢᠵᠤ ᠂ ᠡᠭᠦᠨ ᠦ ᠳᠤᠮᠳᠠ ᠬᠠᠭᠤᠴᠢᠨ ᠬᠡᠷᠡᠭ 22314 ᠂ 2017 ᠤᠨ ᠤ ᠰᠢᠨ᠎ᠠ ᠪᠠᠷ ᠬᠦᠯᠢᠶᠡᠨ ᠠᠪᠤᠭᠰᠠᠨ ᠭᠦᠢᠴᠡᠳᠬᠡᠬᠦ ᠬᠡᠷᠡᠭ 3206᠂ ᠡᠳ᠋ ᠬᠥᠷᠦᠩᠭᠡ ᠬᠠᠩᠭᠠᠵᠤ ᠬᠦᠢᠴᠡᠳᠬᠡᠵᠦ ᠪᠤᠯᠬᠤ ᠬᠡᠷᠡᠭ 16529 ᠪᠠᠢᠨ᠎ᠠ ᠃ 2017 ᠤᠨ ᠳᠤ ᠂ ᠪᠦᠬᠦ ᠬᠤᠳᠠ ᠶᠢᠨ ᠬᠤᠶᠠᠷ ᠱᠠᠳᠤᠨ ᠤ ᠰᠢᠬᠦᠬᠦ ᠬᠤᠷᠢᠶ᠎ᠠ《ᠭᠦᠢᠴᠡᠳᠬᠡᠬᠦ ᠵᠢᠯ》ᠠᠵᠢᠯ ᠤᠨ ᠦᠨᠳᠦᠷ ᠳᠠᠷᠤᠯᠳᠠ ᠪᠠᠢᠳᠠᠯ ᠢ ᠦᠷᠬᠦᠯᠵᠢᠯᠡᠨ ᠪᠠᠷᠢᠮᠳᠠᠯᠠᠵᠤ ᠂ ᠤᠯᠠᠮ ᠨᠢᠬᠡ ᠠᠯᠬᠤᠮ ᠳᠤᠳᠤᠭᠠᠳᠤ ᠶᠢ ᠬᠠᠮᠠᠭᠠᠯᠠᠬᠤ ᠳᠤᠪᠴᠢᠶ᠎ᠠ ᠂ ᠪᠠᠢᠴᠠᠭᠠᠬᠤ ᠬᠤᠷᠢᠶ᠎ᠠ ᠳᠠᠢ ᠬᠠᠷᠢᠯᠴᠠᠬᠤ ᠪᠠ ᠬᠠᠮᠵᠢᠯᠴᠠᠬᠤ ᠪᠠᠨ ᠴᠢᠩᠭᠠᠳᠬᠠᠵᠤ ᠂ 《ᠭᠦᠢᠴᠡᠳᠬᠡᠬᠦ ᠶᠢ ᠳᠡᠪᠴᠢᠭᠰᠡᠨ ᠶᠠᠯ᠎ᠠ》 ᠳᠤ ᠴᠤᠬᠢᠯᠲᠠ ᠦᠭᠬᠦ ᠠᠵᠢᠯ ᠤᠨ ᠡᠷᠴᠢᠮ ᠢ ᠦᠷᠬᠦᠯᠵᠢᠯᠡᠨ ᠴᠢᠩᠭᠠᠷᠠᠭᠤᠯᠵᠤ ᠂ 《ᠭᠦᠢᠴᠡᠳᠬᠡᠬᠦ ᠶᠢ ᠳᠡᠪᠴᠢᠭᠰᠡᠨ ᠶᠠᠯ᠎ᠠ》ᠪᠦᠷᠢᠯᠳᠦᠭᠰᠡᠨ ᠬᠦᠢᠴᠡᠳᠬᠡᠭᠳᠡᠭᠴᠢ ᠶᠢ ᠬᠠᠤᠯᠢ ᠳᠤ ᠳᠤᠭᠳᠠᠭᠰᠠᠨ ᠶᠤᠰᠤᠭᠠᠷ ᠳᠤᠳᠤᠭᠠᠳᠤ ᠶᠢ ᠬᠠᠮᠠᠭᠠᠯᠠᠬᠤ ᠪᠠᠢᠭᠤᠯᠭ᠎ᠠ ᠳᠤ ᠬᠦᠷᠭᠡᠨ ᠬᠡᠷᠡᠭ ᠳᠠᠩᠰᠠᠯᠠᠨ ᠪᠠᠢᠴᠠᠭᠠᠬᠤ ᠶᠢ ᠴᠢᠩᠭ᠎ᠠ ᠵᠢᠷᠦᠮᠯᠡᠨ ᠂ ᠡᠭᠦᠨ ᠦ ᠬᠠᠮᠳᠤ ᠳᠤᠬᠠᠢ ᠶᠢᠨ ᠬᠦᠮᠦᠨ ᠢᠳᠡᠪᠬᠢᠳᠠᠢ ᠤᠬᠠᠭᠤᠯᠤᠨ ᠦᠪᠡᠷ ᠦᠨ ᠵᠠᠭᠠᠯᠳᠤᠬᠤ ᠠᠯᠬᠤᠮ ᠳᠠᠷᠠᠭ᠎ᠠ ᠪᠠᠷ《ᠭᠦᠢᠴᠡᠳᠬᠡᠬᠦ ᠶᠢ ᠳᠡᠪᠴᠢᠭᠰᠡᠨ ᠶᠠᠯ᠎ᠠ》ᠳᠠᠢ ᠬᠦᠢᠴᠡᠳᠭᠡᠭᠳᠡᠭᠴᠢ ᠶᠢ ᠵᠠᠭᠠᠯᠳᠤᠨ᠎ᠠ ᠃
ᠡᠬᠢᠯᠡᠬᠦ ᠶᠤᠰᠤᠯᠠᠯ ᠳᠠᠭᠤᠰᠤᠭᠰᠠᠨ ᠤ ᠳᠠᠷᠠᠭ᠎ᠠ ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠬᠦᠢᠴᠡᠳᠬᠡᠬᠦ ᠳᠤᠪᠴᠢᠶᠠᠨ ᠤ 7 ᠰᠠᠯᠪᠤᠷᠢ ᠠᠵᠢᠯᠯᠠᠭᠠᠨ ᠤ ᠳᠤᠭᠤᠢᠯᠠᠩ ᠪᠤᠯᠤᠨ ᠡᠯ᠎ᠠ ᠬᠤᠰᠢᠭᠤ ᠳᠤᠭᠤᠷᠢᠭ ᠤᠨ ᠰᠢᠬᠦᠬᠦ ᠬᠤᠷᠢᠶᠠᠨ ᠤ ᠭᠦᠢᠴᠡᠳᠬᠡᠬᠦ ᠳᠤᠭᠤᠢᠯᠠᠩ ᠬᠡᠳᠦᠨ ᠳᠠᠯ᠎ᠠ ᠪᠠᠷ ᠬᠦᠳᠡᠯᠵᠦ ᠂ 《ᠬᠠᠪᠤᠷ ᠤᠨ ᠠᠶᠤᠩᠭ᠎ᠠ ᠠᠵᠢᠯᠯᠠᠭ᠎ᠠ》ᠡᠬᠢᠯᠡᠪᠡ ᠃
ᠦᠨᠡᠯᠡᠬᠦ 0ᠦᠨᠡᠯᠡᠯᠲᠡ᠎ᠲᠠᠢ