ᠳᠠᠯᠠᠪᠴᠢ ᠪᠠᠨ ᠳᠡᠯᠭᠡᠨ ᠳᠡᠬᠦᠯᠢᠨ ᠨᠢᠰᠦᠨ᠎ᠠ ᠂ ᠰᠢᠬᠦᠨ ᠳᠠᠰᠤᠯᠤᠯᠲᠠ ᠶᠢᠨ ᠪᠢᠴᠢᠭ᠌ ᠬᠠᠷ᠎ᠠ ᠳᠤ ᠤᠶᠤᠨᠳᠤ ᠳᠠᠯᠠᠪᠴᠢ ᠬᠢᠵᠦ ᠦᠭᠬᠦᠨ᠎ᠠ
——ᠤᠷᠳᠤᠰ ᠬᠤᠳᠠ ᠶᠢᠨ ᠰᠢᠬᠦᠬᠦ ᠬᠤᠷᠢᠶ᠎ᠠ《ᠤᠶᠤᠨᠳᠤ ᠪᠢᠴᠢᠭ᠌ ᠮᠠᠲ᠋ᠧᠷᠢᠶᠠᠯ ᠨᠠᠢᠷᠠᠭᠤᠯᠬᠤ 》ᠰᠢᠰᠲ᠋ᠧᠮ ᠪᠠ《ᠤᠶᠤᠨᠳᠤ ᠪᠢᠴᠢᠭ᠌ ᠮᠠᠲ᠋ᠧᠷᠢᠶᠠᠯ ᠡᠬᠡᠬᠦᠯᠦᠨ ᠤᠷᠤᠭᠤᠯᠬᠤ》ᠰᠢᠰᠲ᠋ᠧᠮ ᠢ ᠤᠷᠤᠭᠤᠯᠪᠠ
《ᠨᠢᠬᠡᠳᠦᠭᠡᠷ ᠤᠳᠠᠭ᠎ᠠ ᠮᠡᠳᠡᠬᠡ ᠵᠠᠩᠭᠢᠴᠢᠯᠠᠯᠲᠠ ᠶᠢᠨ ᠲᠠᠪᠴᠠᠩ ᠢ ᠬᠡᠷᠡᠭᠯᠡᠵᠦ ᠪᠢᠴᠢᠭ᠌ ᠮᠠᠲ᠋ᠧᠷᠢᠶᠠᠯ ᠨᠠᠢᠷᠠᠭᠤᠯᠬᠤ ᠳᠤ ᠂ ᠡᠢᠮᠦ ᠬᠤᠷᠳᠤᠨ ᠡᠢᠮᠦ ᠲᠦᠬᠦᠮ ᠭᠡᠵᠦ ᠪᠤᠳᠤᠵᠤ ᠤᠯᠤᠭᠰᠠᠨ ᠦᠭᠡᠢ᠃》ᠨᠢᠬᠡᠨ ᠪᠤᠰᠤᠳ ᠭᠠᠵᠠᠷ ᠤᠷᠤᠨ ᠤ ᠰᠢᠬᠦᠬᠦ ᠬᠤᠷᠢᠶᠠᠨ ᠤ ᠰᠢᠬᠦᠭᠴᠢ ᠢᠩᠬᠢᠵᠦ ᠶᠠᠷᠢᠵᠤ ᠪᠠᠢᠯ᠎ᠠ ᠃ 《ᠬᠡᠪ ᠬᠠᠪᠳᠠᠰᠤ ᠥᠪᠡᠷᠲᠡᠭᠡᠨ ᠪᠤᠢ ᠪᠤᠯᠵᠤ ᠳᠡᠢᠯᠬᠦ ᠮᠦᠷᠲᠡᠭᠡᠨ ᠬᠡᠷᠡᠭ ᠰᠢᠢᠳᠪᠦᠷᠢᠯᠡᠬᠦ ᠰᠢᠰᠲ᠋ᠧᠮ ᠳᠠᠢ ᠬᠣᠯᠪᠤᠵᠤ ᠳᠡᠢᠯᠦᠨ᠎ᠠ ᠂ ᠬᠤᠶᠠᠷ ᠳᠡᠯᠭᠡᠴᠡ ᠪᠡᠷ ᠠᠵᠢᠯᠯᠠᠬᠤ ᠦᠨᠡᠨ ᠲᠦᠬᠦᠮ ᠪᠤᠯᠵᠠᠢ ᠃》
ᠡᠨᠡ ᠰᠢᠬᠦᠭᠴᠢ ᠶᠢᠨ ᠬᠡᠯᠡᠵᠦ ᠪᠠᠢᠭ᠎ᠠ ᠮᠡᠳᠡᠭᠡ ᠵᠠᠩᠭᠢᠴᠢᠯᠠᠯᠲᠠ ᠶᠢᠨ ᠳᠠᠪᠴᠠᠩ ᠪᠤᠯ ᠤᠷᠳᠤᠰ ᠬᠤᠳᠠ ᠶᠢᠨ ᠰᠢᠬᠦᠬᠦ ᠬᠤᠷᠢᠶᠠᠨ ᠤ ᠤᠷᠤᠭᠤᠯᠤᠭᠰᠠᠨ 《ᠤᠶᠤᠨᠳᠤ ᠪᠢᠴᠢᠭ᠌ ᠬᠠᠷ᠎ᠠ ᠨᠠᠢᠷᠠᠭᠤᠯᠬᠤ 》ᠰᠢᠰᠲ᠋ᠧᠮ ᠪᠠ《ᠤᠶᠤᠨᠳᠤ ᠪᠢᠴᠢᠭ᠌ ᠬᠠᠷ᠎ᠠ ᠡᠬᠡᠬᠦᠯᠦᠨ ᠤᠷᠤᠭᠤᠯᠬᠤ》ᠰᠢᠰᠲ᠋ᠧᠮ ᠪᠤᠯᠤᠨ᠎ᠠ ᠃ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠪᠤᠯ ᠦᠪᠦᠷ ᠮᠤᠩᠭᠤᠯ ᠤᠷᠤᠨ ᠤ ᠠᠩᠬᠠᠳᠤᠭᠠᠷ ᠳᠤᠰ ᠰᠢᠰᠲ᠋ᠧᠮ ᠢ ᠬᠡᠷᠡᠭᠯᠡᠵᠦ ᠪᠠᠢᠭ᠎ᠠ ᠠᠷᠠᠳ ᠤᠨ ᠰᠢᠬᠦᠬᠦ ᠬᠤᠷᠢᠶ᠎ᠠ ᠪᠤᠯᠤᠨ᠎ᠠ ᠂ ᠳᠤᠰ ᠰᠢᠰᠲ᠋ᠧᠮ ᠪᠢᠴᠢᠭ᠌ ᠮᠠᠲ᠋ᠧᠷᠢᠶᠠᠯ ᠤᠨ ᠨᠤᠤᠷᠠᠭ ᠠᠦ᠋ᠲ᠋ᠣ᠋ ᠪᠤᠢ ᠪᠤᠯᠬᠤ ᠪᠠᠷ ᠪᠠᠷᠠᠬᠤ ᠦᠬᠡᠢ ᠪᠠᠰᠠ ᠪᠢᠴᠢᠭ᠌ ᠮᠠᠲ᠋ᠧᠷᠢᠶᠠᠯ ᠨᠠᠢᠷᠠᠭᠤᠯᠬᠤ ᠶᠠᠪᠤᠴᠠ ᠳᠤ ᠴᠠᠭ ᠳᠤᠬᠠᠢ ᠳᠤ ᠨᠢ ᠰᠠᠨᠠᠭᠤᠯᠬᠤ ᠪᠤᠯᠤᠨ ᠬᠠᠪᠰᠤᠷᠬᠤ ᠂ ᠬᠡᠷᠡᠭ ᠦᠨ ᠪᠢᠴᠢᠭ᠌ ᠮᠠᠲ᠋ᠧᠷᠢᠶᠠᠯ ᠢ ᠬᠤᠶᠠᠷ ᠴᠢᠭᠯᠡᠯ ᠢᠶᠡᠷ ᠠᠳᠠᠯᠢ ᠠᠯᠬᠤᠮ ᠪᠤᠯᠭᠠᠬᠤ ᠂ ᠨᠠᠢᠷᠠᠭᠤᠯᠤᠭᠰᠠᠨ ᠳᠡᠮᠳᠡᠭᠯᠡᠯ ᠳᠦ ᠪᠡᠯᠡᠳᠬᠡᠯ ᠦᠯᠡᠳᠡᠬᠡᠬᠦ ᠵᠡᠷᠬᠡ ᠤᠯᠠᠨ ᠲᠦᠷᠦᠯ ᠢ ᠪᠠᠭᠳᠠᠭᠠᠭᠰᠠᠨ ᠪᠢᠴᠢᠭ᠌ ᠮᠠᠲ᠋ᠧᠷᠢᠶᠠᠯ ᠨᠠᠢᠷᠠᠭᠤᠯᠬᠤ ᠶᠢᠨ ᠪᠦᠬᠦ ᠶᠠᠪᠤᠴᠠ ᠳᠤ ᠦᠢᠯᠡᠴᠢᠯᠡᠬᠦ ᠲᠦᠰᠦᠪ ᠪᠤᠯᠤᠨ᠎ᠠ ᠃ ᠡᠬᠦᠨ ᠡᠴᠡ ᠭᠠᠳᠠᠨ᠎ᠠ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠪᠠᠰᠠ ᠪᠦᠬᠦ ᠤᠯᠤᠰ ᠲᠤ ᠲᠡᠷᠢᠬᠦᠨ ᠳᠦ ᠰᠦᠯᠵᠢᠶᠡᠨ ᠳᠦ ᠭᠠᠷᠤᠭᠰᠠᠨ 《ᠤᠶᠤᠨᠳᠤ ᠪᠢᠴᠢᠭ᠌ ᠮᠠᠲ᠋ᠧᠷᠢᠶᠠᠯ ᠡᠬᠡᠬᠦᠯᠦᠨ ᠤᠷᠤᠭᠤᠯᠬᠤ》ᠰᠢᠰᠲ᠋ᠧᠮ ᠢ ᠤᠷᠤᠭᠤᠯᠵᠤ ᠂ ᠳᠤᠰ ᠰᠢᠰᠲ᠋ᠧᠮ ᠨᠢ ᠪᠢᠴᠢᠭ᠌ ᠮᠠᠲ᠋ᠧᠷᠢᠶᠠᠯ ᠳᠡᠬᠢ ᠵᠠᠩᠭᠢᠯᠠᠭ᠎ᠠ ᠶᠢᠨ ᠰᠤᠷᠠᠭ ᠴᠢᠮᠡᠭᠡ ᠶᠢ ᠠᠦ᠋ᠲ᠋ᠣ᠋ ᠰᠤᠩᠭᠤᠵᠤ ᠰᠢᠬᠦᠨ ᠳᠠᠰᠤᠯᠤᠯᠲᠠ ᠶᠢᠨ ᠰᠢᠰᠲ᠋ᠧᠮ ᠳᠦ ᠡᠬᠡᠬᠦᠯᠦᠨ ᠤᠷᠤᠭᠤᠯᠵᠤ ᠂ ᠰᠢᠬᠦᠭᠴᠢ ᠶᠢᠨ ᠠᠵᠢᠯ ᠢ ᠶᠡᠬᠡᠪᠡᠷ ᠬᠦᠩᠭᠡᠯᠡᠭᠰᠡᠨ ᠪᠦᠭᠡᠳ ᠬᠡᠷᠡᠭ ᠦᠨ ᠰᠤᠷᠠᠭ ᠴᠢᠮᠡᠭᠡ ᠶᠢ ᠤᠷᠤᠭᠤᠯᠬᠤ ᠵᠦᠪ ᠤᠨᠤᠪᠴᠢᠳᠠᠢ ᠶᠢᠨ ᠬᠡᠮᠵᠢᠶ᠎ᠠ ᠶᠢ ᠳᠡᠭᠡᠭᠰᠢᠯᠡᠬᠦᠯᠦᠭᠰᠡᠨ ᠪᠠᠢᠨ᠎ᠠ ᠃ ᠡᠢᠮᠦ ᠡᠴᠡ ᠂ ᠪᠢᠳᠡ ᠦᠪᠦᠷ ᠮᠤᠩᠭᠤᠯ ᠤᠨ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠳᠤ ᠤᠷᠤᠵᠤ ᠰᠢᠬᠦᠬᠦ ᠬᠤᠷᠢᠶᠠᠨ ᠤ ᠪᠢᠴᠢᠭ᠌ ᠮᠠᠲ᠋ᠧᠷᠢᠶᠠᠯ ᠨᠠᠢᠷᠠᠭᠤᠯᠤᠨ ᠪᠢᠴᠢᠬᠦ ᠴᠠᠭ ᠦᠶ᠎ᠠ ᠠᠯᠤᠰᠯᠠᠭᠰᠠᠨ ᠬᠤᠪᠢᠰᠬᠠᠯ ᠢ ᠤᠢᠷᠭᠬᠠᠨ ᠠᠴᠠ ᠤᠢᠯᠭᠠᠨ ᠮᠡᠳᠡᠶ᠎ᠠ ᠃
ᠬᠠᠤᠯᠢ ᠴᠠᠭᠠᠵᠠ ᠶᠢᠨ ᠠᠵᠢᠯ ᠢ ᠰᠢᠨᠵᠢᠯᠡᠬᠦ ᠮᠡᠷᠭᠡᠵᠢᠬᠦᠯᠦᠯᠲᠡ ᠂ ᠬᠦᠮᠦᠨ ᠴᠢᠨᠠᠷᠵᠢᠭᠤᠯᠤᠯᠲᠠ ᠶᠢᠨ ᠤᠬᠠᠭᠳᠠᠭᠤᠨ ᠢ ᠬᠠᠩᠭᠠᠨ᠎ᠠ
ᠪᠢᠳᠡᠨ ᠦ ᠮᠡᠳᠡᠬᠦ ᠪᠡᠷ ᠂ ᠰᠢᠬᠦᠨ ᠳᠠᠰᠤᠯᠤᠯᠲᠠ ᠶᠢᠨ ᠪᠢᠴᠢᠭ᠌ ᠮᠠᠲ᠋ᠧᠷᠢᠶᠠᠯ ᠪᠤᠯ ᠠᠷᠠᠳ ᠤᠨ ᠰᠢᠬᠦᠬᠦ ᠬᠤᠷᠢᠶᠠᠨ ᠤ ᠪᠤᠳᠠᠳᠠᠢ ᠬᠡᠷᠡᠭ ᠲᠦ ᠪᠤᠳᠠᠳᠠᠢ ᠭᠠᠷᠭᠠᠭᠰᠠᠨ ᠬᠠᠤᠯᠢ ᠴᠠᠭᠠᠵᠠ ᠶᠢᠨ ᠬᠦᠴᠦᠨ ᠳᠠᠢ ᠡᠷᠬᠡ ᠰᠦᠷᠲᠦ ᠪᠢᠴᠢᠭ᠌ ᠦᠨ ᠳ᠋ᠦᠩᠨᠡᠯᠲᠡ ᠮᠦᠨ ᠂ ᠰᠢᠬᠦᠭᠴᠢ ᠬᠡᠷᠡᠭ ᠢ ᠰᠢᠬᠦᠨ ᠳᠠᠰᠤᠯᠠᠭᠰᠠᠨ ᠦᠷ᠎ᠠ ᠪᠦᠲᠦᠮᠵᠢ ᠮᠦᠨ ᠃ ᠳᠦᠬᠦᠮ ᠢᠶᠡᠷ ᠶᠠᠷᠢᠪᠠᠯ ᠂ ᠠᠷᠠᠳ ᠲᠦᠮᠡᠨ ᠰᠢᠬᠦᠬᠦ ᠬᠤᠷᠢᠶᠠᠨ ᠠᠴᠠ ᠤᠯᠤᠭᠰᠠᠨ《ᠦᠵᠡᠯᠲᠡ》 ᠮᠦᠨ ᠃ ᠡᠢᠮᠦ ᠡᠴᠡ ᠂ ᠨᠢᠬᠡ ᠴᠢᠨᠠᠷ ᠰᠠᠢᠨ ᠰᠢᠬᠦᠨ ᠳᠠᠰᠤᠯᠤᠯᠲᠠ ᠶᠢᠨ ᠪᠢᠴᠢᠭ᠌ ᠮᠠᠲ᠋ᠧᠷᠢᠶᠠᠯ ᠨᠢ ᠶᠤᠰᠤ ᠲᠣᠳᠤᠷᠬᠠᠢ ᠪᠠᠢᠬᠤ ᠪᠠᠷ ᠪᠠᠷᠠᠬᠤ ᠦᠬᠡᠢ ᠤᠨᠤᠯᠲᠠ ᠨᠠᠷᠢᠨ ᠨᠢᠭᠳᠠ ᠪᠠᠢᠬᠤ ᠬᠡᠷᠡᠭᠲᠡᠢ ᠂ ᠤᠴᠢᠷ ᠨᠢ ᠲᠡᠷᠡ ᠨᠢ ᠰᠢᠬᠦᠭᠴᠢ ᠶᠢᠨ ᠦᠢᠯᠡᠰ ᠦᠨ ᠲᠦᠷᠢ ᠲᠦᠷᠬᠦ ᠳᠠᠢ ᠬᠤᠯᠪᠤᠭᠳᠠᠵᠤ ᠂ ᠨᠡᠩ ᠴᠤ ᠠᠷᠠᠳ ᠲᠦᠮᠡᠨ ᠦ ᠬᠤᠪᠢ ᠪᠡᠶ᠎ᠠ ᠶᠢᠨ ᠠᠰᠢᠭ ᠳᠤᠰᠠ ᠳᠠᠢ ᠬᠤᠯᠪᠤᠭᠳᠠᠵᠤ ᠪᠠᠢᠳᠠᠭ ᠃
ᠡᠢᠮᠦ ᠡᠴᠡ ᠂ ᠪᠢᠳᠡᠨ ᠦ ᠰᠢᠬᠦᠭᠴᠢ ᠰᠢᠬᠦᠨ ᠳᠠᠰᠤᠯᠤᠯᠲᠠ ᠶᠢᠨ ᠪᠢᠴᠢᠭ᠌ ᠮᠠᠲ᠋ᠧᠷᠢᠶᠠᠯ ᠵᠤᠬᠢᠶᠠᠬᠤ ᠦᠶᠡᠰ ᠂ ᠰᠢᠨᠵᠢᠯᠡᠬᠦ ᠤᠬᠠᠭᠠᠨᠴᠢ ᠪᠤᠰᠤᠳᠴᠢ ᠶᠢ ᠪᠠᠷᠢᠮᠳᠠᠯᠠᠬᠤ ᠶᠢᠨ ᠲᠦᠯᠦᠭᠡ ᠂ ᠮᠠᠰᠢ ᠤᠯᠠᠨ ᠴᠠᠭ ᠵᠠᠷᠤᠴᠠᠭᠤᠯᠵᠤ ᠲᠢᠩᠬᠢᠮ ᠦᠨ ᠰᠢᠬᠦᠯᠲᠡ ᠶᠢᠨ ᠳᠡᠮᠳᠡᠭᠯᠡᠯ ᠂ ᠬᠠᠤᠯᠢ ᠴᠠᠭᠠᠵᠠ ᠶᠢᠨ ᠲᠦᠷᠢᠮ ᠳᠤᠭᠳᠠᠭᠠᠯ ᠵᠡᠷᠬᠡ ᠮᠠᠲ᠋ᠧᠷᠢᠶᠠᠯ ᠢ ᠬᠢᠨᠠᠨ ᠦᠵᠡᠵᠦ ᠂ ᠪᠠᠷᠠᠭᠰᠠᠨ ᠤ ᠳᠠᠷᠠᠭ᠎ᠠ ᠪᠠᠰᠠ ᠪᠠᠷᠯᠠᠵᠤ ᠬᠢᠨᠠᠳᠠᠭ ᠃ ᠪᠢᠴᠢᠭ᠌ ᠮᠠᠲ᠋ᠧᠷᠢᠶᠠᠯ ᠤᠨ ᠬᠠᠮᠢᠶᠠᠷᠤᠯᠲᠠ ᠪᠠᠰᠠ ᠴᠢᠩᠭ᠎ᠠ ᠪᠢᠰᠢ ᠪᠠᠢᠵᠤ ᠂ ᠳᠤᠭ᠎ᠠ ᠪᠠᠷᠢᠮᠳᠠ ᠡᠷᠢᠬᠦ ᠳᠦ ᠲᠦᠬᠦᠮ ᠦᠬᠡᠢ ᠪᠠᠢᠳᠠᠭ ᠃ ᠡᠭᠦᠨ ᠦ ᠭᠠᠳᠠᠨ᠎ᠠ ᠂ 《ᠬᠡᠷᠡᠭ ᠠᠷᠪᠢᠨ ᠬᠦᠮᠦᠨ ᠪᠠᠭ᠎ᠠ》ᠪᠠᠢᠬᠤ ᠳᠠᠷᠤᠭᠠᠰᠤ ᠡᠳᠦᠷ ᠳᠤᠳᠤᠮ ᠨᠡᠮᠡᠭᠳᠡᠵᠦ ᠂ ᠪᠢᠴᠢᠭ᠌ ᠮᠠᠲ᠋ᠧᠷᠢᠶᠠᠯ ᠤᠨ ᠨᠠᠢᠷᠠᠭᠤᠯᠬᠤ ᠠᠵᠢᠯ ᠤᠯᠠᠮ ᠬᠦᠴᠢᠷ ᠪᠤᠯᠤᠭᠰᠠᠨ ᠪᠠᠢᠨ᠎ᠠ ᠃
ᠡᠭᠦᠨ ᠦ ᠲᠦᠯᠦᠭᠡ ᠂ 《ᠤᠶᠤᠨᠳᠤ ᠪᠢᠴᠢᠭ᠌ ᠮᠠᠲ᠋ᠧᠷᠢᠶᠠᠯ ᠨᠠᠢᠷᠠᠭᠤᠯᠬᠤ 》ᠰᠢᠰᠲ᠋ᠧᠮ ᠪᠠ《ᠤᠶᠤᠨᠳᠤ ᠪᠢᠴᠢᠭ᠌ ᠮᠠᠲ᠋ᠧᠷᠢᠶᠠᠯ ᠡᠬᠡᠬᠦᠯᠦᠨ ᠤᠷᠤᠭᠤᠯᠬᠤ》ᠰᠢᠰᠲ᠋ᠧᠮ ᠢ ᠤᠷᠤᠭᠤᠯᠤᠭᠰᠠᠨ ᠪᠠ ᠬᠡᠷᠡᠭᠯᠡᠭᠰᠡᠨ ᠨᠢ ᠤᠯᠠᠮᠵᠢᠯᠠᠯᠲᠤ ᠬᠡᠷᠡᠭ ᠰᠢᠢᠳᠪᠦᠷᠢᠯᠡᠬᠦ ᠡᠴᠡ ᠪᠤᠯᠤᠭᠰᠠᠨ ᠠᠰᠠᠭᠤᠳᠠᠯ ᠢ ᠪᠦᠲᠦᠮᠵᠢᠲᠠᠢ ᠪᠠᠷ ᠬᠦᠩᠭᠡᠯᠡᠭᠰᠡᠨ ᠪᠠᠢᠨ᠎ᠠ ᠃ ᠤᠢᠷᠬᠠᠨ ᠠᠴᠠ ᠠᠵᠢᠭᠯᠠᠬᠤ ᠪᠠᠷ ᠳᠠᠮᠵᠢᠵᠤ ᠂ ᠪᠢᠳᠡ ᠤᠢᠯᠭᠠᠭᠰᠠᠨ ᠨᠢ ᠡᠨᠡ ᠬᠤᠶᠠᠷ ᠰᠢᠰᠲ᠋ᠧᠮ ᠨᠢ ᠳᠤᠮᠤ ᠳ᠋ᠠᠶᠢᠲ᠋ᠠ ᠶᠢᠨ ᠮᠡᠷᠬᠡᠵᠢᠯ ᠢᠶᠡᠷ ᠡᠯ᠎ᠠ ᠲᠦᠷᠦᠯ ᠦᠨ ᠬᠡᠷᠡᠭ ᠦᠨ ᠡᠬᠢ ᠪᠠᠶᠠᠯᠢᠭ ᠪᠠ ᠬᠠᠤᠯᠢ ᠴᠠᠭᠠᠵᠠ ᠮᠡᠳᠡᠬᠡ ᠵᠠᠩᠬᠢ ᠶᠢᠨ ᠡᠬᠢ ᠪᠠᠶᠠᠯᠢᠭ ᠢ ᠨᠡᠢᠯᠡᠭᠦᠯᠵᠦ ᠂ ᠪᠢᠴᠢᠭ᠌ ᠮᠠᠲ᠋ᠧᠷᠢᠶᠠᠯ ᠤᠨ ᠠᠵᠢᠯ ᠳᠤ ᠬᠡᠷᠡᠭᠴᠡᠲᠡᠢ ᠡᠯ᠎ᠠ ᠲᠦᠷᠦᠯ ᠦᠨ ᠰᠤᠷᠠᠭ ᠵᠠᠩᠬᠢ ᠶᠢ ᠠᠦ᠋ᠲ᠋ᠣ᠋ ᠬᠠᠩᠭᠠᠵᠤ ᠂ ᠨᠢᠬᠡ ᠳᠠᠯ᠎ᠠ ᠪᠠᠷ ᠬᠡᠷᠡᠭ ᠰᠢᠢᠳᠪᠦᠷᠢᠯᠡᠬᠦ ᠬᠤᠷᠳᠤᠴᠠ ᠶᠢ ᠶᠡᠬᠡᠪᠡᠷ ᠳᠡᠭᠡᠭᠰᠢᠯᠡᠬᠦᠯᠵᠦ ᠂ ᠨᠦᠬᠦᠬᠡ ᠳᠠᠯ᠎ᠠ ᠪᠠᠷ ᠰᠢᠬᠦᠨ ᠳᠠᠰᠤᠯᠤᠯᠲᠠ ᠶᠢᠨ ᠴᠢᠨᠠᠷ ᠪᠦᠲᠦᠮᠵᠢ ᠶᠢ ᠳᠡᠭᠡᠭᠰᠢᠯᠡᠬᠦᠯᠦᠭᠰᠡᠨ ᠪᠠᠢᠨ᠎ᠠ ᠃
ᠰᠢᠬᠦᠭᠴᠢ ᠳᠦ ᠦᠢᠯᠡᠴᠢᠯᠡᠵᠦ ᠂ ᠤᠶᠤᠨ ᠤᠬᠠᠭᠠᠨᠳᠤ ᠰᠢᠬᠦᠬᠦ ᠬᠤᠷᠢᠶ᠎ᠠ ᠪᠠᠢᠭᠤᠯᠵᠤ ᠂ ᠤᠯᠠᠮᠵᠢᠯᠠᠯᠲᠤ ᠬᠤᠷᠢᠭ᠎ᠠ ᠰᠠᠭᠠᠳ ᠢ ᠦᠭᠡᠢᠰᠡᠬᠡᠨᠠ
《ᠤᠶᠤᠨᠳᠤ ᠪᠢᠴᠢᠭ᠌ ᠮᠠᠲ᠋ᠧᠷᠢᠶᠠᠯ ᠨᠠᠢᠷᠠᠭᠤᠯᠬᠤ 》ᠰᠢᠰᠲ᠋ᠧᠮ ᠨᠢ ᠮᠡᠳᠡᠯᠬᠡ ᠶᠢᠨ ᠪᠦᠲᠦᠭᠡᠭᠳᠡᠭᠦᠨ ᠦ ᠡᠵᠡᠨ ᠮᠡᠳᠡᠭᠰᠡᠨ ᠦᠮᠴᠢᠯᠡᠬᠦ ᠡᠷᠬᠡ ᠶᠢᠨ ᠦᠬᠡᠰ ᠢ ᠵᠠᠳᠠᠯᠬᠤ ᠮᠡᠷᠬᠡᠵᠢᠯ ᠂ ᠪᠢᠴᠢᠭ᠌ ᠮᠠᠲ᠋ᠧᠷᠢᠶᠠᠯ ᠤᠨ ᠡᠷᠢᠯᠲᠡ ᠬᠦᠳᠡᠯᠭᠡᠭᠡᠬᠦᠷ᠂ ᠪᠢᠴᠢᠭ᠌ ᠮᠠᠲ᠋ᠧᠷᠢᠶᠠᠯ ᠢ ᠵᠠᠳᠠᠯᠬᠤ ᠬᠦᠳᠡᠯᠭᠡᠭᠡᠭᠦᠷ ᠦᠨ ᠮᠡᠷᠬᠡᠵᠢᠯ ᠢ ᠬᠡᠷᠡᠭᠯᠡᠵᠦ ᠂ ᠵᠠᠭᠠᠯᠳᠤᠬᠤ ᠪᠢᠴᠢᠭ᠌ ᠂ ᠲᠢᠩᠬᠢᠮ ᠦᠨ ᠰᠢᠬᠦᠯᠲᠡ ᠶᠢᠨ ᠳᠡᠮᠳᠡᠭᠯᠡᠯ ᠵᠡᠷᠬᠡ ᠪᠢᠴᠢᠭ᠌ ᠮᠠᠲ᠋ᠧᠷᠢᠶᠠᠯ ᠤᠨ ᠰᠤᠷᠠᠭ ᠵᠠᠩᠬᠢ ᠶᠢ ᠤᠶᠤᠨᠳᠤ ᠪᠠᠷ ᠵᠠᠳᠠᠯᠤᠯᠲᠠ ᠬᠢᠵᠦ ᠂ ᠰᠤᠩᠭᠤᠨ ᠠᠪᠴᠤ ᠂ ᠪᠢᠴᠢᠭ᠌ ᠮᠠᠲ᠋ᠧᠷᠢᠶᠠᠯ ᠤᠨ ᠬᠡᠪ ᠬᠠᠪᠳᠠᠰᠤ ᠶᠤᠰᠤᠭᠠᠷ ᠪᠢᠴᠢᠭ᠌ ᠮᠠᠲ᠋ᠧᠷᠢᠶᠠᠯ ᠤᠨ ᠨᠤᠤᠷᠠᠭ ᠢ ᠠᠦ᠋ᠲ᠋ᠣ᠋ ᠪᠤᠢ ᠪᠤᠯᠳᠠᠭ ᠃ ᠪᠢᠴᠢᠭ᠌ ᠮᠠᠲ᠋ᠧᠷᠢᠶᠠᠯ ᠤᠨ ᠬᠡᠪ ᠬᠠᠪᠳᠠᠰᠤ ᠨᠢ ᠰᠢᠬᠦᠭᠴᠢ ᠶᠢᠨ ᠬᠡᠷᠡᠭᠯᠡᠬᠦ ᠳᠠᠳᠬᠠᠯ ᠪᠤᠯᠤᠨ ᠠᠷᠭ᠎ᠠ ᠬᠡᠯᠪᠡᠷᠢ ᠪᠡᠷ ᠳᠤᠬᠢᠷᠠᠭᠤᠯᠤᠲᠠ ᠬᠢᠵᠦ ᠂ ᠵᠢᠱᠢᠶᠡᠯᠡᠪᠡᠯ ᠰᠢᠬᠦᠭᠴᠢ ᠨᠢᠬᠡ ᠰᠢᠯᠢᠳᠡᠭ ᠪᠢᠴᠢᠭ᠌ ᠮᠠᠲ᠋ᠧᠷᠢᠶᠠᠯ ᠢᠶᠠᠷ ᠬᠡᠪ ᠬᠠᠪᠳᠠᠰᠤ ᠪᠤᠯᠭᠠᠵᠤ ᠂ word ᠨᠠᠢᠷᠠᠭᠤᠯᠬᠤ ᠬᠡᠯᠪᠡᠷᠢ ᠪᠡᠷ ᠦᠪᠡᠷ ᠦᠨ ᠰᠠᠨᠠᠭ᠎ᠠ ᠪᠠᠷ ᠢᠶᠠᠨ ᠦᠭᠡᠷᠡᠴᠢᠯᠡᠵᠦ ᠪᠤᠯᠤᠨ᠎ᠠ ᠃ ᠨᠢᠬᠡ ᠳᠠᠷᠤᠪᠴᠢ ᠮᠠᠶᠢᠭ ᠤᠨ ᠪᠢᠴᠢᠭ᠌ ᠮᠠᠲ᠋ᠧᠷᠢᠶᠠᠯ ᠡᠷᠢᠬᠦ ᠂ ᠤᠯᠠᠨ ᠦᠵᠡᠭᠰᠡᠨ ᠨᠢ ᠡᠮᠦᠨ᠎ᠠ ᠢᠯᠡᠷᠡᠬᠦ ᠨᠢ ᠰᠢᠬᠦᠭᠴᠢ ᠲᠦᠷᠭᠡᠨ ᠢᠶᠡᠷ ᠪᠢᠴᠢᠭ᠌ ᠮᠠᠲ᠋ᠧᠷᠢᠶᠠᠯ ᠡᠷᠢᠬᠦ ᠳᠦ ᠲᠦᠬᠦᠮ ᠬᠠᠩᠭᠠᠨ᠎ᠠ ᠃ ᠬᠤᠶᠠᠷ ᠳᠡᠯᠭᠡᠴᠡ ᠪᠡᠷ ᠠᠵᠢᠯᠯᠠᠬᠤ ᠨᠢ ᠦᠢᠯᠡᠴᠢᠯᠡᠬᠡᠨ ᠦ ᠴᠢᠨᠠᠷ ᠢ ᠢᠯᠡᠷᠡᠬᠦᠯᠵᠦ ᠂ ᠨᠢᠬᠡ ᠳᠡᠯᠭᠡᠴᠡ ᠳᠡᠭᠡᠷ᠎ᠠ ᠵᠠᠬᠦᠨ ᠭᠠᠷ ᠳᠠᠯ᠎ᠠ ᠨᠢ ᠯᠠᠪᠯᠠᠯᠲᠠ ᠶᠢᠨ ᠠᠭᠤᠯᠭ᠎ᠠ ᠪᠠ ᠪᠠᠷᠠᠭᠤᠨ ᠭᠠᠷ ᠳᠠᠯ᠎ᠠ ᠨᠢ ᠨᠠᠢᠷᠠᠭᠤᠯᠤᠨ ᠪᠢᠴᠢᠬᠦ ᠬᠡᠰᠡᠭ ᠢᠶᠡᠷ ᠳᠡᠯᠭᠡᠴᠡ ᠬᠤᠪᠢᠶᠠᠨ ᠢᠯᠡᠷᠡᠬᠦᠯᠵᠦ ᠂ ᠴᠢᠷᠴᠦ ᠴᠢᠩᠭᠠᠵᠤ ᠪᠤᠯᠬᠤ ᠪᠠᠢᠵᠤ ᠠᠵᠢᠯᠯᠠᠬᠤ ᠳᠤ ᠲᠦᠬᠦᠮ ᠪᠠᠢᠳᠠᠭ ᠃ ᠳᠤᠰ ᠬᠡᠷᠡᠭ ᠦᠨ ᠡᠯᠧᠺᠲ᠋ᠷᠣᠨ ᠳᠠᠨᠭᠰᠠ ᠡᠪᠬᠡᠮᠡᠯ᠂ ᠬᠠᠤᠯᠢ ᠴᠠᠭᠠᠵᠠ ᠶᠢᠨ ᠲᠦᠷᠢᠮ ᠳᠤᠭᠳᠠᠭᠠᠯ ᠤᠨ ᠳᠠᠨᠢᠴᠠᠭᠤᠯᠭᠠ ᠂ ᠡᠯ᠎ᠡ ᠲᠦᠷᠦᠯ ᠦᠨ ᠪᠤᠳᠤᠬᠤ ᠵᠢᠵᠢᠭ᠌ ᠪᠠᠭᠠᠵᠢ ᠵᠡᠷᠬᠡ ᠤᠶᠤᠨᠳᠤ ᠬᠡᠷᠡᠭᠯᠡᠭᠡ ᠨᠢ ᠰᠢᠬᠦᠭᠴᠢ ᠳᠦ ᠯᠠᠪᠯᠠᠯᠲᠠ ᠪᠤᠯᠭᠠᠬᠤ ᠪᠠ ᠨᠠᠢᠷᠠᠭᠤᠯᠬᠤ ᠳᠤ ᠲᠦᠬᠦᠮ ᠪᠠᠢᠳᠠᠭ ᠃
《ᠤᠶᠤᠨᠳᠤ ᠪᠢᠴᠢᠭ᠌ ᠮᠠᠲ᠋ᠧᠷᠢᠶᠠᠯ ᠡᠬᠡᠬᠦᠯᠦᠨ ᠤᠷᠤᠭᠤᠯᠬᠤ》ᠰᠢᠰᠲ᠋ᠧᠮ ᠨᠢ OCR ᠮᠡᠷᠬᠡᠵᠢᠯ ᠢ ᠬᠡᠷᠡᠭᠯᠡᠵᠦ ᠂ ᠰᠢᠷᠪᠢᠯᠲᠡ ᠬᠢᠵᠦ ᠪᠤᠢ ᠪᠤᠯᠭᠠᠭᠰᠠᠨ ᠵᠢᠷᠤᠭ ᠤᠨ ᠬᠡᠯᠪᠡᠷᠢ ᠶᠢᠨ ᠵᠠᠷᠭᠤ ᠶᠢᠨ ᠮᠠᠲ᠋ᠧᠷᠢᠶᠠᠯ ᠢ ᠪᠢᠴᠢᠭᠯᠡᠯ ᠦᠨ ᠬᠡᠯᠪᠡᠷᠢ ᠪᠤᠯᠭᠠᠨ ᠬᠤᠪᠢᠷᠠᠭᠤᠯᠵᠤ ᠂ ᠦᠭᠡᠰ ᠢ ᠵᠠᠳᠠᠯᠠᠬᠤ ᠮᠡᠷᠬᠡᠵᠢᠯ ᠳᠠᠢ ᠤᠶᠠᠯᠳᠤᠭᠤᠯᠵᠤ ᠂ ᠢᠷᠭᠡᠨ ᠦ ᠬᠡᠷᠡᠭ ᠦᠨ ᠵᠠᠭᠠᠯᠳᠤᠬᠤ ᠪᠢᠴᠢᠭ᠌᠂ ᠬᠦᠢᠴᠡᠳᠬᠡᠬᠦ ᠭᠤᠶᠤᠴᠢᠯᠠᠯ ᠤᠨ ᠪᠢᠴᠢᠭ᠌ ᠪᠤᠯᠤᠨ ᠡᠷᠡᠭᠦᠦ ᠶᠢᠨ ᠬᠡᠷᠡᠭ ᠦᠨ ᠵᠠᠭᠠᠯᠳᠤᠬᠤ ᠪᠢᠴᠢᠭ᠌ ᠵᠡᠷᠬᠡ ᠪᠢᠴᠢᠭ᠌ ᠮᠠᠲ᠋ᠧᠷᠢᠶᠠᠯ ᠢ ᠤᠶᠤᠨᠳᠤ ᠵᠠᠳᠠᠯᠤᠯᠲᠠ ᠬᠢᠵᠦ ᠂ ᠪᠢᠴᠢᠭ᠌ ᠮᠠᠲ᠋ᠧᠷᠢᠶᠠᠯ ᠳᠤᠮᠳᠠᠬᠢ ᠵᠠᠩᠭᠢᠯᠠᠭ᠎ᠠ ᠶᠢᠨ ᠰᠤᠷᠠᠭ ᠵᠠᠩᠬᠢ ᠪᠤᠯᠤᠨ ᠰᠢᠬᠦᠨ ᠳᠠᠰᠤᠯᠤᠯᠲᠠ ᠶᠢᠨ ᠰᠢᠰᠲ᠋ᠧᠮ ᠳᠠᠢ ᠤᠷᠭᠠᠨᠢᠭ ᠢᠶᠠᠷ ᠨᠢᠬᠡᠳᠬᠡᠵᠦ ᠂ ᠬᠡᠷᠡᠭ ᠦᠨ ᠰᠤᠷᠠᠭ ᠵᠠᠩᠬᠢ ᠶᠢ ᠤᠷᠤᠭᠤᠯᠬᠤ ᠶᠢᠨ ᠤᠨᠤᠪᠴᠢᠲᠠᠢ ᠬᠡᠮᠵᠢᠶ᠎ᠠ ᠶᠢ ᠪᠦᠲᠦᠮᠵᠢᠲᠠᠢ ᠳᠡᠭᠡᠭᠰᠢᠯᠡᠬᠦᠯᠪᠡ ᠃
ᠠᠷᠠᠳ ᠲᠦᠮᠡᠨ ᠳᠦ ᠳᠤᠰᠠ ᠬᠦᠷᠭᠡᠵᠦ ᠂ ᠨᠠᠷᠠᠨ ᠬᠡᠷᠡᠯᠲᠦ ᠰᠢᠬᠦᠬᠦ ᠬᠤᠷᠢᠶ᠎ᠠ ᠶᠢ ᠤᠢᠯᠭᠠᠵᠤ ᠂ ᠨᠠᠷᠢᠨ ᠵᠦᠢᠯ ᠳᠦ ᠬᠦᠴᠦ ᠬᠦᠯᠦᠰᠦ ᠤᠷᠤᠭᠤᠯᠪᠠ᠃ᠰᠢᠬᠦᠨ ᠳᠠᠰᠤᠯᠤᠯᠲᠠ ᠶᠢᠨ ᠪᠢᠴᠢᠭ᠌ ᠮᠠᠲ᠋ᠧᠷᠢᠶᠠᠯ ᠤᠨ ᠳᠤᠬᠠᠢ ᠠᠷᠠᠳ ᠲᠦᠮᠡᠨ ᠬᠠᠮᠤᠭ ᠰᠡᠳᠬᠢᠯ ᠳᠠᠯᠪᠢᠳᠠᠭ ᠨᠢ ᠦᠷ᠎ᠠ ᠳ᠋ᠦᠩ ᠦᠨ ᠵᠦᠪ ᠤᠨᠤᠪᠴᠢᠲᠠᠢ ᠪᠠ ᠡᠷᠬᠡ ᠰᠦᠷᠲᠦ ᠴᠢᠨᠠᠷ ᠪᠤᠯᠤᠨ᠎ᠠ ᠃ ᠡᠢᠮᠦ ᠡᠴᠡ ᠂ ᠰᠢᠬᠦᠨ ᠳᠠᠰᠤᠯᠤᠯᠲᠠ ᠶᠢᠨ ᠪᠢᠴᠢᠭ᠌ ᠮᠠᠲ᠋ᠧᠷᠢᠶᠠᠯ ᠤᠨ ᠲᠦᠪ ᠭᠤᠤᠯᠴᠢ ᠶᠢ ᠴᠢᠩᠭᠠᠳᠬᠠᠬᠤ ᠨᠢ《ᠨᠠᠷᠠᠨ ᠬᠡᠷᠡᠯᠲᠦ ᠬᠠᠤᠯᠢ ᠴᠠᠭᠠᠵᠠ》 ᠶᠢᠨ ᠠᠵᠢᠯ ᠤᠨ ᠭᠤᠤᠯ ᠬᠡᠰᠡᠭ ᠪᠤᠯᠤᠨ᠎ᠠ ᠃ 《ᠤᠶᠤᠨᠳᠤ ᠪᠢᠴᠢᠭ᠌ ᠮᠠᠲ᠋ᠧᠷᠢᠶᠠᠯ ᠨᠠᠢᠷᠠᠭᠤᠯᠬᠤ 》ᠰᠢᠰᠲ᠋ᠧᠮ ᠰᠢᠬᠦᠭᠴᠢ ᠶᠢᠨ ᠪᠢᠴᠢᠭ᠌ ᠨᠠᠢᠷᠠᠭᠤᠯᠬᠤ ᠳᠤ ᠦᠢᠯᠡᠴᠢᠯᠡᠬᠦ ᠦᠶᠡᠰ ᠂ ᠬᠡᠷᠡᠭ ᠰᠢᠢᠳᠪᠦᠷᠢᠯᠡᠬᠦ ᠰᠢᠰᠲ᠋ᠧᠮ ᠳᠠᠢ ᠬᠤᠯᠪᠤᠵᠤ ᠂ ᠨᠠᠢᠷᠠᠭᠤᠯᠬᠤ ᠦᠶᠡᠰ ᠬᠡᠷᠡᠭ ᠳᠠᠢ ᠬᠤᠯᠪᠤᠭ᠎ᠠ ᠳᠠᠢ ᠰᠤᠷᠠᠭ ᠵᠠᠩᠬᠢ ᠶᠢ ᠠᠦ᠋ᠲ᠋ᠣ᠋ ᠬᠠᠩᠭᠠᠵᠤ ᠂ ᠬᠠᠤᠯᠢ ᠴᠠᠭᠠᠵᠠ ᠶᠢᠨ ᠲᠠᠰᠤᠯᠤᠯᠲᠠ ᠶᠢᠨ ᠤᠨᠤᠪᠴᠢᠳᠠᠢ ᠪᠠᠢᠬᠤ ᠶᠢ ᠪᠠᠳᠤᠯᠠᠳᠠᠭ ᠃ ᠨᠠᠢᠷᠠᠭᠤᠯᠬᠤ ᠶᠠᠪᠤᠴᠠ ᠳᠤ ᠂ ᠰᠢᠰᠲ᠋ᠧᠮ ᠡᠴᠡ ᠬᠠᠤᠯᠢ ᠴᠠᠭᠠᠵᠠ ᠶᠢᠨ ᠪᠢᠴᠢᠭ᠌ ᠮᠠᠲ᠋ᠧᠷᠢᠶᠠᠯ ᠳᠤ ᠤᠯᠠᠨ ᠢᠯᠡᠷᠡᠳᠡᠭ ᠦᠭᠡᠰ ᠢ ᠠᠦ᠋ᠲ᠋ᠣ᠋ ᠪᠤᠢ ᠪᠤᠯᠭᠠᠵᠤ ᠂ ᠬᠠᠤᠯᠢ ᠴᠠᠭᠠᠵᠠ ᠶᠢᠨ ᠳᠠᠰᠤᠯᠤᠯᠲᠠ ᠶᠢᠨ ᠳᠤᠰᠬᠠᠢ ᠮᠡᠷᠬᠡᠵᠢᠯ ᠦᠨ ᠴᠢᠨᠠᠷ ᠢ ᠪᠠᠳᠤᠯᠠᠳᠠᠭ ᠃ ᠪᠢᠴᠢᠭ᠌ ᠮᠠᠲ᠋ᠧᠷᠢᠶᠠᠯ ᠢ ᠨᠠᠢᠷᠠᠭᠤᠯᠵᠤ ᠪᠠᠷᠠᠬᠤ ᠦᠶᠡᠰ ᠂ ᠠᠳᠠᠯᠢᠳᠬᠠᠬᠤ ᠰᠢᠰᠲ᠋ᠧᠮ ᠳᠠᠢ ᠤᠶᠠᠯᠳᠤᠭᠤᠯᠵᠤ ᠪᠢᠴᠢᠭ᠌ ᠮᠠᠲ᠋ᠧᠷᠢᠶᠠᠯ ᠢ ᠤᠶᠤᠨᠳᠤ ᠪᠠᠷ ᠪᠤᠷᠤᠭᠤ ᠶᠢ ᠵᠠᠯᠠᠷᠠᠭᠤᠯᠬᠤ ᠪᠠ ᠪᠠᠷᠯᠠᠵᠤ ᠂ ᠬᠠᠮᠤᠭ ᠡᠴᠦᠰ ᠲᠦ ᠴᠢᠨᠠᠷ ᠰᠠᠢᠳᠠᠢ ᠰᠢᠬᠦᠨ ᠳᠠᠰᠤᠯᠤᠯᠲᠠ ᠶᠢᠨ ᠪᠢᠴᠢᠭ᠌ ᠮᠠᠲ᠋ᠧᠷᠢᠶᠠᠯ ᠪᠤᠯᠭᠠᠳᠠᠭ ᠃ ᠡᠭᠦᠨ ᠦ ᠬᠠᠮᠳᠤ ᠂ 《ᠤᠶᠤᠨᠳᠤ ᠪᠢᠴᠢᠭ᠌ ᠮᠠᠲ᠋ᠧᠷᠢᠶᠠᠯ ᠡᠬᠡᠬᠦᠯᠦᠨ ᠤᠷᠤᠭᠤᠯᠬᠤ》ᠰᠢᠰᠲ᠋ᠧᠮ ᠪᠢᠴᠢᠭ᠌ ᠳᠤᠮᠳᠠᠬᠢ ᠵᠠᠩᠭᠢᠯᠠᠭ᠎ᠠ ᠶᠢᠨ ᠰᠤᠷᠠᠭ ᠵᠠᠩᠬᠢ ᠶᠢ ᠰᠤᠩᠭᠤᠵᠤ ᠰᠢᠬᠦᠨ ᠳᠠᠰᠤᠯᠤᠯᠲᠠ ᠶᠢᠨ ᠰᠢᠰᠲ᠋ᠧᠮ ᠳᠦ ᠡᠬᠡᠬᠦᠯᠦᠨ ᠤᠷᠤᠭᠤᠯᠵᠤ ᠂ ᠬᠠᠤᠯᠢ ᠴᠠᠭᠠᠵᠠ ᠶᠢᠨ ᠲᠦᠪ ᠴᠢᠩᠭ᠎ᠠ ᠴᠢᠨᠠᠷ ᠢ ᠪᠠᠳᠤᠯᠠᠳᠠᠭ ᠃
ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠶᠢᠨ ᠵᠠᠷᠭᠤ ᠶᠢᠨ ᠦᠢᠯᠡᠴᠢᠯᠡᠭᠡᠨ ᠦ ᠲᠦᠪ ᠦᠨ ᠰᠢᠬᠦᠭᠴᠢ ᠸᠠᠩ ᠰᠢᠨ ᠶᠤᠸᠠᠢ ᠬᠡᠯᠡᠭᠰᠡᠨ ᠨᠢ ᠄《ᠰᠢᠷᠪᠢᠯᠲᠡ ᠪᠡᠷ ᠳᠠᠮᠵᠢᠵᠤ ᠂ ᠡᠯᠧᠺᠲ᠋ᠷᠣᠨ ᠵᠢᠷᠤᠭ ᠤᠨ ᠬᠡᠯᠪᠡᠷᠢ ᠶᠢ ᠰᠢᠰᠲ᠋ᠧᠮ ᠳᠤ ᠤᠷᠤᠭᠤᠯᠵᠤ ᠂ ᠳᠠᠬᠢᠨ ᠰᠤᠷᠠᠭ ᠵᠠᠩᠬᠢ ᠰᠤᠩᠭᠤᠨ ᠠᠪᠬᠤ ᠪᠠᠷ ᠳᠠᠮᠵᠢᠵᠤ ᠂ ᠳᠤᠬᠠᠢ ᠬᠦᠮᠦᠨ ᠦ ᠦᠨᠳᠦᠰᠦᠨ ᠰᠤᠷᠠᠭ ᠵᠠᠩᠬᠢ ᠶᠢ ᠮᠠᠰᠢ ᠲᠦᠬᠦᠮ ᠢᠶᠡᠷ ᠤᠷᠤᠭᠤᠯᠵᠤ ᠂ ᠪᠢᠳᠡ ᠵᠦᠪᠬᠡᠨ ᠬᠢᠨᠠᠪᠠᠯ ᠪᠤᠯᠴᠢᠬᠠᠨ᠎ᠠ ᠂ ᠪᠦᠬᠦᠢᠯᠡ ᠶᠠᠪᠤᠴᠠ ᠲᠦᠬᠦᠮ ᠲᠦᠳᠡ ᠤᠢᠯᠭᠠᠮᠵᠢᠲᠠᠢ ᠂ ᠠᠵᠢᠯ ᠤᠨ ᠪᠦᠲᠦᠮᠵᠢ ᠶᠢ ᠶᠡᠬᠡᠪᠡᠷ ᠳᠡᠭᠡᠭᠰᠢᠯᠡᠬᠦᠯᠵᠦ ᠂ ᠣᠨᠴᠠᠭᠠᠢᠯᠠᠨ ᠳᠤᠬᠠᠢ ᠬᠦᠮᠦᠨ ᠦ ᠵᠠᠭᠠᠯᠳᠤᠬᠤ ᠪᠢᠴᠢᠭ᠌ ᠮᠠᠰᠢ ᠤᠯᠠᠨ ᠪᠤᠯᠬᠤ ᠦᠶᠡᠰ ᠂ ᠪᠢᠴᠢᠭᠯᠡᠯ ᠦᠨ ᠵᠢᠷᠤᠭ ᠢᠶᠠᠷ ᠬᠤᠪᠢᠷᠠᠭᠤᠯᠵᠤ ᠂ ᠨᠡᠩ ᠰᠢᠭᠤᠳ ᠨᠡᠩ ᠤᠨᠤᠪᠴᠢᠳᠠᠢ ᠳᠤᠬᠠᠢ ᠶᠢᠨ ᠬᠦᠮᠦᠨ ᠰᠤᠷᠠᠭ ᠵᠠᠩᠬᠢ ᠶᠢ ᠤᠯᠵᠤ ᠂ ᠶᠤᠰᠤᠲᠠᠢ ᠪᠢᠳᠡᠨ ᠦ ᠶᠡᠷᠦᠳᠡ ᠶᠢᠨ ᠨᠢᠬᠡᠳᠦᠭᠡᠷ ᠰᠢᠬᠦᠯᠲᠡ ᠶᠢᠨ ᠬᠡᠷᠡᠭ ᠢ ᠤᠷᠤᠭᠤᠯᠬᠤ ᠳᠤ ᠮᠠᠰᠢ ᠳᠤᠰᠠ ᠪᠤᠯᠤᠭᠰᠠᠨ ᠪᠠᠢᠠᠠ ᠃》
ᠮᠡᠳᠡᠭᠡ ᠵᠠᠩᠭᠢᠴᠢᠯᠠᠯᠲᠠ ᠨᠢ ᠤᠳᠤᠬᠠᠨ ᠤ ᠬᠦᠭᠵᠢᠯᠲᠡ ᠶᠢᠨ ᠶᠡᠬᠡ ᠤᠷᠤᠰᠬᠠᠯ ᠪᠠᠢᠵᠤ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠦᠷᠭᠦᠯᠵᠢᠯᠡᠨ ᠮᠡᠳᠡᠬᠡ ᠵᠠᠩᠭᠢᠴᠢᠯᠠᠯᠲᠠ ᠶᠢᠨ ᠪᠦᠲᠦᠭᠡᠨ ᠪᠠᠢᠭᠤᠯᠤᠯᠲᠠ ᠪᠠ ᠬᠦᠨᠵᠡᠬᠡᠢ ᠠᠰᠢᠭᠯᠠᠬᠤ ᠠᠵᠢᠯ ᠢ ᠴᠢᠩᠭᠠᠳᠬᠠᠵᠤ ᠂ ᠨᠡᠩ ᠰᠠᠢᠨ ᠢᠶᠠᠷ ᠠᠷᠠᠳ ᠲᠦᠮᠡᠨ ᠳᠦ ᠦᠢᠯᠡᠴᠢᠯᠡᠵᠦ ᠂ ᠬᠠᠤᠯᠢ ᠶᠢᠨ ᠴᠠᠭᠠᠵᠠ ᠶᠢᠨ ᠠᠵᠢᠯ ᠳᠤ ᠦᠢᠯᠡᠴᠢᠯᠡᠵᠦ ᠂ 《<ᠤᠶᠤᠨ ᠤᠬᠠᠭᠠᠨᠳᠤ ᠰᠢᠬᠦᠬᠦ ᠬᠤᠷᠢᠶ᠎ᠠ> ᠪᠠᠢᠭᠤᠯᠵᠤ ᠂ ᠬᠠᠤᠯᠢ ᠴᠠᠭᠠᠵᠠ ᠶᠢᠨ ᠠᠵᠢᠯ ᠳᠤ ᠵᠢᠭᠦᠷ ᠤᠷᠭᠤᠯᠬᠤ》ᠬᠠᠷᠠᠯᠲᠠ ᠪᠡᠶᠡᠯᠡᠬᠦᠯᠬᠦ ᠶᠢᠨ ᠲᠦᠯᠦᠬᠡ ᠴᠢᠷᠮᠠᠢᠨ᠎ᠠ ᠃
ᠦᠨᠡᠯᠡᠬᠦ 0ᠦᠨᠡᠯᠡᠯᠲᠡ᠎ᠲᠠᠢ