ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ 《ᠪᠢ ᠳᠠᠮᠢᠷ ᠤᠨ ᠬᠦᠳᠡᠯᠭᠡᠭᠡᠨ ᠳᠦ ᠤᠷᠤᠯᠴᠠᠨ᠎ᠠ ᠂ ᠪᠢ ᠡᠷᠡᠬᠦᠯ ᠴᠢᠬᠢᠷᠠᠭ ᠂ ᠪᠢ ᠪᠠᠶᠠᠷ ᠪᠠᠶᠠᠰᠤᠯ ᠳᠠᠢ》ᠪᠠᠬ᠎ᠠ ᠰᠤᠨᠢᠷᠬᠠᠯ ᠳᠠᠢ ᠳᠠᠮ
2017.01.19 ᠲᠣᠰ ᠥᠷᠲᠡᠭᠡᠨ ᠦ ᠨᠠᠢᠷᠠᠭᠤᠯᠤᠭᠴᠢ

ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ 《ᠪᠢ ᠳᠠᠮᠢᠷ ᠤᠨ ᠬᠦᠳᠡᠯᠭᠡᠭᠡᠨ ᠳᠦ ᠤᠷᠤᠯᠴᠠᠨ᠎ᠠ ᠂ ᠪᠢ ᠡᠷᠡᠬᠦᠯ ᠴᠢᠬᠢᠷᠠᠭ ᠂ ᠪᠢ ᠪᠠᠶᠠᠷ ᠪᠠᠶᠠᠰᠤᠯ ᠳᠠᠢ》ᠪᠠᠬ᠎ᠠ ᠰᠤᠨᠢᠷᠬᠠᠯ ᠳᠠᠢ ᠳᠠᠮᠢᠷ ᠤᠨ ᠴᠤᠭᠯᠠᠭᠠᠨ ᠶᠠᠪᠤᠭᠳᠠᠭᠤᠯᠪᠠ

 

 

 

 

 

 

 

 

 

     ᠥᠩᠭᠡᠷᠡᠭᠰᠡᠨ ᠨᠢᠬᠡ ᠵᠢᠯ ᠳᠦ ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠪᠦᠬᠦ ᠺᠠᠳᠠᠷ ᠴᠠᠭᠳᠠᠭ᠎ᠠ ᠪᠦᠯᠬᠦᠮᠳᠡᠯ ᠨᠢᠬᠡᠲᠡᠢ ᠂ ᠴᠢᠷᠮᠠᠢᠨ ᠳᠡᠮᠡᠴᠡᠵᠦ ᠂ ᠬᠦᠯᠦᠰᠦᠨ ᠳᠤᠰᠤᠯ ᠢᠶᠠᠷ ᠬᠦᠰᠡᠯᠡᠩ ᠦᠨ ᠮᠤᠳᠤ ᠶᠢ ᠤᠰᠤᠯᠠᠵᠤ ᠂ ᠰᠢᠷᠭᠠᠭᠤ ᠴᠢᠷᠮᠠᠢᠯᠭ᠎ᠠ ᠪᠠᠷ ᠢᠷᠠᠭᠤ ᠠᠯᠳᠠᠷ ᠢ ᠤᠯᠵᠤ ᠂ ᠡᠯ᠎ᠠ ᠰᠢᠬᠦᠨ ᠬᠦᠢᠴᠡᠳᠬᠡᠬᠦ ᠠᠵᠢᠯ ᠤᠨ ᠡᠬᠦᠷᠭᠡ ᠪᠡᠨ ᠪᠦᠷᠢᠨ ᠳᠡᠬᠦᠰ ᠪᠡᠶᠡᠯᠡᠬᠦᠯᠵᠦ ᠂ ᠰᠢᠬᠦᠨ ᠳᠠᠰᠤᠯᠤᠯᠲᠠ ᠶᠢᠨ ᠠᠵᠢᠯ ᠦᠢᠯᠡᠰ ᠦᠨ ᠬᠦᠭᠵᠢᠯᠲᠡ ᠶᠢ ᠬᠦᠨᠳᠦ ᠨᠡᠮᠡᠷᠢ ᠦᠵᠡᠬᠦᠯᠪᠡ ᠃ ᠪᠤᠶᠠᠨᠳᠤ ᠴᠠᠭᠠᠨ ᠰᠠᠷ᠎ᠠ ᠢᠷᠡᠬᠦ ᠳᠠᠰᠢᠷᠠᠮ ᠢᠶᠠᠷ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ《ᠪᠡᠶ᠎ᠠ ᠮᠠᠬᠠᠪᠤᠳ ᠢᠶᠠᠨ ᠴᠢᠬᠢᠷᠠᠭᠵᠢᠭᠤᠯᠬᠤ ᠂ ᠪᠦᠯᠬᠦᠮᠳᠡᠨ ᠬᠠᠮᠵᠢᠯᠴᠠᠬᠤ ᠂ ᠢᠳᠡᠪᠬᠢᠳᠠᠢ ᠤᠷᠤᠭᠰᠢ ᠳᠠᠪᠰᠢᠬᠤ ᠂ ᠪᠠᠬ᠎ᠠ ᠰᠤᠨᠢᠷᠬᠠᠯ ᠳᠠᠢ ᠨᠠᠭᠠᠳᠤᠮ》ᠬᠡᠬᠦ ᠵᠤᠷᠢᠯᠳᠠ ᠶᠢ ᠪᠠᠷᠢᠵᠤ ᠂ ᠪᠦᠬᠦ ᠺᠠᠳᠠᠷ ᠴᠠᠭᠳᠠᠭ᠎ᠠ ᠳᠤ ᠳᠠᠮᠢᠷ ᠤᠨ ᠬᠦᠳᠡᠯᠭᠡᠭᠡᠨ ᠳᠦ ᠤᠷᠤᠯᠴᠠᠬᠤ ᠂ ᠪᠡᠶ᠎ᠠ ᠮᠠᠬᠠᠪᠤᠳ ᠢᠶᠠᠨ ᠴᠢᠬᠢᠷᠠᠭᠵᠢᠭᠤᠯᠬᠤ ᠂ ᠪᠠᠶᠠᠷ ᠪᠠᠬᠠᠳᠤᠯ ᠢ ᠡᠳᠡᠯᠡᠬᠦ ᠳᠠᠢᠰᠠ ᠶᠢ ᠢᠳᠡᠪᠬᠢᠳᠠᠢ ᠬᠠᠩᠭᠠᠵᠤ ᠂ ᠺᠠᠳᠠᠷ ᠴᠠᠭᠳᠠᠭ᠎ᠠ ᠶᠠᠭᠠᠷᠠᠤ ᠠᠵᠢᠯ ᠤᠨ ᠭᠠᠳᠠᠨ᠎ᠠ ᠳᠠᠮᠢᠷ ᠤᠨ ᠬᠦᠳᠡᠯᠭᠡᠭᠡᠨ ᠦ ᠪᠠᠶᠠᠷ ᠪᠠᠶᠠᠰᠤᠯ ᠢ ᠣᠢᠯᠭᠠᠭᠤᠯᠵᠤ ᠂ ᠠᠮᠢᠳᠤᠷᠠᠯ ᠤᠨ ᠬᠠᠯᠠᠭᠤᠨ ᠰᠡᠳᠬᠢᠯ ᠢ ᠬᠦᠭᠵᠢᠭᠡᠵᠦ ᠂ ᠪᠠᠬ᠎ᠠ ᠰᠤᠨᠢᠷᠬᠠᠯ ᠳᠠᠢ ᠬᠦᠳᠡᠯᠭᠡᠭᠡᠨ ᠢᠶᠡᠷ ᠳᠠᠮᠵᠢᠵᠤ ᠰᠢᠯᠢᠳᠡᠭ ᠵᠤᠷᠢᠭ ᠰᠠᠨᠠᠭ᠎ᠠ ᠪᠠ ᠦᠵᠡᠯ ᠰᠡᠳᠬᠢᠯᠭᠡ ᠶᠢ ᠳᠠᠰᠤᠷᠠᠯᠲᠠ ᠦᠭᠡᠢ ᠬᠦᠮᠦᠵᠢᠬᠦᠯᠵᠦ ᠂ ᠺᠠᠳᠠᠷ ᠴᠠᠭᠳᠠᠭ᠎ᠠ ᠶᠢᠨ ᠬᠤᠭᠤᠷᠤᠨᠳᠤᠬᠢ ᠰᠡᠳᠬᠢᠯᠭᠡ ᠪᠠ ᠨᠦᠬᠦᠷᠰᠡᠭ ᠰᠡᠳᠬᠢᠯ ᠢ ᠴᠢᠩᠭᠠᠳᠬᠠᠨ᠎ᠠ ᠃

     2017 ᠤᠨ ᠤ 1 ᠰᠠᠷᠠᠢᠨ 16  ᠤ ᠡᠳᠦᠷ ᠪᠤᠯᠤᠨ 17  ᠤ ᠡᠳᠦᠷ ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠨᠢᠬᠡ ᠡᠳᠦᠷ ᠬᠠᠭᠠᠰ ᠤᠨ 《ᠪᠢ ᠳᠠᠮᠢᠷ ᠤᠨ ᠬᠦᠳᠡᠯᠭᠡᠭᠡᠨ ᠳᠦ ᠤᠷᠤᠯᠴᠠᠨ᠎ᠠ ᠂ ᠪᠢ ᠡᠷᠡᠬᠦᠯ ᠴᠢᠬᠢᠷᠠᠭ ᠂ ᠪᠢ ᠪᠠᠶᠠᠷ ᠪᠠᠶᠠᠰᠤᠯ ᠳᠠᠢ》 ᠪᠠᠷ ᠰᠡᠳᠦᠪ ᠪᠤᠯᠭᠠᠭᠰᠠᠨ ᠪᠠᠬ᠎ᠠ ᠰᠤᠨᠢᠷᠬᠠᠯ ᠳᠠᠢ ᠳᠠᠮᠢᠷ ᠤᠨ ᠬᠦᠳᠡᠯᠭᠡᠭᠡᠨ ᠶᠠᠪᠤᠭᠳᠠᠭᠤᠯᠪᠠ ᠃ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠨᠠᠮ ᠤᠨ ᠤᠳᠤᠷᠢᠳᠬᠤ ᠳᠤᠭᠤᠢᠯᠠᠩ ᠤᠨ ᠬᠡᠰᠢᠬᠦᠨ ᠂ ᠳᠡᠳ᠋ ᠬᠤᠷᠢᠶᠠᠨ ᠳᠠᠷᠤᠭ᠎ᠠ ᠪᠦᠭᠡᠳ ᠤᠯᠤᠰ ᠲᠦᠷᠦ ᠶᠢᠨ ᠬᠡᠯᠳᠡᠰ ᠦᠨ ᠡᠷᠬᠢᠯᠡᠭᠴᠢ ᠯᠢ ᠵᠢᠩ ᠭᠦᠸᠸ ᠨᠠᠮ ᠤᠨ ᠤᠳᠤᠷᠢᠳᠬᠤ ᠳᠤᠭᠤᠢᠯᠠᠩ ᠢ ᠲᠦᠯᠦᠬᠡᠯᠡᠨ ᠬᠦᠳᠡᠯᠭᠡᠭᠡᠨ ᠡᠬᠢᠯᠡᠬᠦ ᠦᠬᠡ ᠶᠠᠷᠢᠵᠤ ᠂ ᠤᠷᠤᠯᠳᠤᠬᠤ ᠪᠠ ᠪᠠᠬ᠎ᠠ ᠰᠤᠨᠢᠷᠬᠠᠯ ᠳᠠᠢ ᠳᠠᠮᠢᠷ ᠤᠨ ᠬᠦᠳᠡᠯᠭᠡᠭᠡᠨ ᠡᠬᠢᠯᠡᠪᠡ ᠃

     ᠳᠤᠰ ᠤᠳᠠᠭᠠᠨ ᠤ ᠪᠠᠬ᠎ᠠ ᠰᠤᠨᠢᠷᠬᠠᠯ ᠳᠠᠢ ᠳᠠᠮᠢᠷ ᠤᠨ ᠬᠦᠳᠡᠯᠭᠡᠭᠡᠨ ᠬᠠᠭᠤᠷᠠᠢ ᠭᠠᠵᠠᠷ  ᠤᠨ ᠯᠤᠤᠳᠤ ᠤᠩᠭᠤᠴᠠ ᠂ ᠰᠤᠨᠢᠷᠬᠠᠯ ᠳᠠᠢ ᠬᠤᠪᠴᠠᠰᠤ ᠡᠮᠦᠰᠴᠦ ᠬᠦᠴᠦᠨ ᠵᠠᠯᠭᠠᠬᠤ ᠂ ᠬᠦᠯ ᠢᠶᠡᠷ ᠢᠶᠡᠨ ᠪᠤᠯᠢᠩ ᠪᠦᠮᠪᠦᠭᠡ ᠨᠠᠭᠠᠳᠤᠬᠤ ᠂ ᠳᠤᠭᠳᠠᠭᠰᠠᠨ ᠴᠢᠭᠯᠡᠯ ᠦᠨ ᠳᠡᠭᠡᠰᠦ ᠳᠠᠳᠠᠬᠤ ᠂ ᠵᠠᠯᠬᠠᠭᠤ ᠳᠤᠭᠤᠢ ᠤᠨᠤᠬᠤ ᠂ ᠢᠮᠵᠢ ᠶᠢᠨ ᠦᠰᠦᠷᠦᠯᠲᠡ ᠂ ᠤᠷᠤᠰᠬᠠᠯ ᠲᠠᠭᠠᠨ ᠬᠦᠷᠪᠡᠬᠦ ᠂ ᠪᠦᠮᠪᠦᠬᠡ ᠶᠢᠨ ᠪᠠᠢᠯᠳᠤᠭᠠᠨ ᠪᠠ ᠬᠢᠨᠵᠢᠲᠦ ᠪᠠᠢᠯᠳᠤᠬᠤ ᠲᠡᠷᠭᠡ ᠵᠡᠷᠬᠡ 9 ᠬᠠᠮᠳᠤ ᠶᠢᠨ ᠬᠦᠳᠡᠯᠭᠡᠭᠡᠨ ᠂ ᠠᠵᠠ ᠶᠢᠨ ᠭᠠᠷᠬ᠎ᠠ ᠂ ᠤᠯᠠᠮᠵᠢᠯᠠᠯᠳᠤ ᠳᠡᠪᠡᠭ ᠂ ᠮᠡᠷᠭᠡᠨ ᠬᠠᠷᠪᠤᠯᠳᠠ ᠂ ᠤᠯᠠᠨ ᠲᠦᠷᠦᠯ ᠦᠨ ᠳᠡᠭᠡᠰᠦ ᠳᠠᠳᠠᠬᠤ ᠪᠠ ᠰᠤᠨᠢᠷᠬᠠᠯ ᠳᠠᠢ ᠰᠦᠮᠦᠦ ᠶᠢᠨ ᠤᠷᠤᠯᠳᠤᠭᠠᠨ ᠵᠡᠷᠬᠡ 5 ᠬᠤᠪᠢ ᠬᠦᠮᠦᠨ ᠦ ᠬᠦᠳᠡᠯᠭᠡᠭᠡᠨ ᠳᠠᠢ ᠃ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ 25 ᠬᠡᠯᠳᠡᠰ ᠪᠦᠬᠦᠳᠡ ᠤᠷᠤᠯᠴᠠᠵᠤ ᠂ ᠬᠦᠷ ᠨᠠᠷᠬᠢᠶᠠᠨ ᠢᠶᠠᠷ ᠪᠢᠯᠬᠠᠭᠰᠠᠨ ᠪᠠᠢᠨ᠎ᠠ ᠃

    ᠪᠠᠬ᠎ᠠ ᠰᠤᠨᠢᠷᠬᠠᠯ ᠢᠶᠠᠷ ᠲᠦᠬᠦᠷᠡᠭᠰᠡᠨ ᠬᠦᠳᠡᠯᠭᠡᠭᠡᠨ ᠨᠢ ᠤᠯᠠᠨ  ᠤ ᠬᠠᠷᠠᠴᠠ ᠪᠠ ᠳᠤᠷ᠎ᠠ ᠪᠠᠬ᠎ᠠ ᠶᠢ ᠳᠠᠳᠠᠵᠤ ᠂ ᠳᠠᠮᠢᠷᠴᠢᠳ ᠦᠪᠡᠷ ᠦᠨ ᠤᠷᠬᠢᠯᠤᠮ᠎ᠠ ᠰᠡᠳᠬᠢᠯᠭᠡ ᠪᠠ ᠠᠮᠢᠵᠢᠷᠠᠯ ᠤᠨ ᠬᠦᠴᠦᠨ ᠢᠶᠡᠨ ᠢᠯᠡᠷᠡᠬᠦᠯᠦᠭᠰᠡᠨ ᠪᠠᠢᠨ᠎ᠠ ᠃ ᠳᠠᠮᠢᠷ ᠤᠨ ᠳᠠᠯᠠᠪᠤᠷ ᠲᠤ ᠪᠠᠶᠠᠷ ᠪᠠᠶᠠᠰᠤᠯ ᠤᠨ ᠳᠠᠭᠤᠨ ᠳᠠᠰᠤᠷᠠᠯᠳᠠ ᠦᠭᠡᠢ ᠂ ᠡᠨᠳᠡ ᠬᠠᠮᠳᠤ ᠶᠢᠨ ᠬᠦᠳᠡᠯᠭᠡᠭᠡᠨ ᠰᠠᠶᠢᠬᠠᠨ ᠳᠠᠭᠤᠰᠤᠳᠠᠯ᠎ᠠ ᠳᠡᠨᠲᠡ ᠬᠤᠪᠢ ᠬᠦᠮᠦᠨ ᠦ ᠬᠦᠳᠡᠯᠭᠡᠭᠡᠨ ᠡᠬᠢᠯᠡᠵᠦ ᠪᠠᠢᠯ᠎ᠠ ᠃ ᠺᠠᠳᠠᠷ ᠴᠠᠭᠳᠠᠭ᠎ᠠ ᠨᠠᠷ ᠬᠤᠪᠢ ᠬᠦᠮᠦᠨ ᠦ ᠬᠦᠳᠡᠯᠭᠡᠭᠡᠨ ᠢᠶᠡᠷ ᠳᠠᠮᠵᠢᠵᠤ ᠦᠪᠡᠷ ᠦᠨ ᠴᠢᠳᠠᠪᠤᠷᠢ ᠮᠡᠷᠭᠡᠵᠢᠯ ᠢᠶᠡᠷ ᠢᠯᠡᠷᠡᠬᠦᠯᠵᠦ ᠂ ᠬᠠᠮᠳᠤ ᠶᠢᠨ ᠬᠦᠳᠡᠯᠭᠡᠭᠡᠨ ᠢᠶᠡᠷ ᠳᠠᠮᠵᠢᠵᠤ ᠪᠦᠯᠬᠦᠮᠳᠡᠨ ᠬᠠᠮᠳᠤᠷᠠᠯᠴᠠᠬᠤ ᠶᠢᠨ ᠬᠦᠴᠦᠨ ᠴᠢᠳᠠᠯ ᠪᠠ ᠳᠠᠮᠢᠷ ᠤᠨ ᠬᠦᠳᠡᠯᠭᠡᠭᠡᠨ ᠦ ᠪᠠᠶᠠᠷ ᠪᠠᠶᠠᠰᠤᠯ ᠢ ᠣᠢᠯᠭᠠᠭᠰᠠᠨ ᠪᠠᠢᠨ᠎ᠠ ᠃

     ᠨᠢᠬᠡ ᠡᠳᠦᠷ ᠬᠠᠭᠠᠰ ᠤᠨ ᠰᠢᠷᠦᠬᠦᠨ ᠦᠷᠢᠰᠦᠯᠳᠦᠬᠡᠨ ᠢᠶᠡᠷ ᠳᠠᠮᠵᠢᠵᠤ ᠂ ᠠᠵᠢᠯᠲᠠᠨ ᠡᠯ᠎ᠠ ᠬᠡᠯᠳᠡᠰ ᠡᠯ᠎ᠠ ᠲᠦᠷᠦᠯ ᠦᠨ ᠤᠷᠤᠯᠳᠤᠭᠠᠨ ᠳᠤ ᠤᠤᠯᠭᠰᠠᠨ ᠬᠢᠷᠢ ᠪᠦᠲᠦᠮᠵᠢ ᠶᠢ ᠪᠦᠷᠢᠳᠬᠡᠨ ᠳ᠋ᠤᠭᠠᠷᠯᠠᠵᠤ᠂ ᠬᠢᠨᠠᠭᠴᠢ ᠳᠤᠬᠠᠢ ᠶᠢᠨ ᠳᠠᠯᠠᠪᠤᠷ ᠲᠤ 9 ᠬᠠᠮᠳᠤ ᠶᠢᠨ ᠬᠦᠳᠡᠯᠭᠡᠭᠡᠨ ᠪᠠ 5 ᠬᠤᠪᠢ ᠬᠦᠮᠦᠨ ᠦ ᠬᠦᠳᠡᠯᠭᠡᠭᠡᠨ ᠦ ᠡᠮᠦᠨ᠎ᠠ ᠵᠢᠷᠭᠤᠭ᠎ᠠ ᠶᠢᠨ ᠨᠡᠷ᠎ᠠ ᠶᠢ ᠨᠡᠢᠳᠡᠯᠡᠪᠡ ᠃

     ᠪᠠᠬ᠎ᠠ ᠰᠤᠨᠢᠷᠬᠠᠯ ᠲᠠᠢ ᠳᠠᠮᠢᠷ ᠤᠨ ᠬᠦᠳᠡᠯᠭᠡᠭᠡᠨ ᠦ ᠡᠯ᠎ᠠ ᠲᠦᠷᠦᠯ ᠳᠠᠭᠤᠰᠤᠭᠰᠠᠨ ᠤ ᠳᠠᠷᠠᠭ᠎ᠠ ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠶᠢᠨ ᠰᠢᠬᠦᠨ ᠳᠠᠰᠤᠯᠠᠬᠤ ᠺᠤᠮᠢᠰ ᠤᠨ ᠳᠤᠰᠬᠠᠢ ᠳᠤᠰᠢᠶᠠᠯᠳᠤ ᠬᠡᠰᠢᠬᠦᠨ ᠭᠧ ᠵᠦᠩ ᠫᠢᠩ ᠬᠦᠳᠡᠯᠭᠡᠭᠡᠨ ᠳᠠᠭᠤᠰᠬᠤ ᠶᠠᠷᠢᠶ᠎ᠠ ᠳᠠᠯᠪᠢᠵᠤ ᠂ ᠰᠢᠯᠢᠳᠡᠭ ᠬᠢᠷᠢ ᠪᠦᠲᠦᠮᠵᠢ ᠤᠯᠤᠭᠰᠠᠨ ᠬᠡᠯᠳᠡᠰ ᠦᠨ ᠲᠦᠯᠦᠭᠡᠯᠡᠭᠴᠢ ᠪᠠ ᠳᠠᠮᠢᠷᠴᠢᠳ ᠲᠤ ᠪᠠᠶᠠᠷ ᠬᠦᠷᠭᠡᠪᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )