ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠤᠳᠤᠷᠢᠳᠤᠯᠭ᠎ᠠ ᠶᠢᠨ ᠳᠡᠭᠡᠳᠦ ᠬᠡᠮᠵᠢᠶᠡᠨ ᠦ ᠴᠢᠬᠤᠯᠴᠢᠯᠠᠭ᠎ᠠ ᠳᠤᠤᠷ᠎ᠠ ᠂ ᠨᠢᠬᠡ ᠬᠡᠰᠡᠭ ᠬᠤᠭᠤᠴᠠᠭᠠᠨ ᠤ ᠨᠠᠷᠢᠨ ᠨᠢᠮᠪᠠᠢ ᠪᠡᠯᠡᠳᠬᠡᠯ ᠢᠶᠡᠷ ᠳᠠᠮᠵᠢᠵᠤ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠮᠣᠩᠭᠤᠯ ᠠᠯᠪᠠᠨ ᠰᠦᠯᠵᠢᠶ᠎ᠠ(http://www.eedszy.gov.cn/)ᠠᠮᠵᠢᠯᠲᠠᠢ ᠨᠡᠪᠲᠡᠷᠡᠪᠡ ᠃ ᠳᠤᠰ ᠰᠦᠯᠵᠢᠶᠡᠨ ᠦ ᠠᠭᠤᠯᠭ᠎ᠠ ᠪᠠ ᠪᠤᠯᠤᠩ ᠤᠨ ᠳᠤᠬᠢᠷᠠᠭᠤᠯᠤᠯᠲᠠ ᠨᠢ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠬᠢᠳᠠᠳ ᠠᠯᠪᠠᠨ ᠰᠦᠯᠵᠢᠶ᠎ᠠ(http:/eedszy.chinacourt.org/)ᠲᠠᠢ ᠠᠳᠠᠯᠢ ᠪᠠᠢᠵᠤ ᠂ ᠨᠡᠢᠲᠡ 6 ᠬᠡᠰᠡᠭ 19 ᠪᠤᠯᠤᠩ ᠳᠤᠬᠢᠷᠠᠭᠤᠯᠵᠤ ᠂ ᠰᠤᠨᠢᠨ ᠮᠡᠳᠡᠭᠡᠨ ᠦ ᠲᠦᠪ ᠂ ᠬᠠᠤᠯᠢ ᠶᠢᠨ ᠤᠬᠠᠭᠠᠨ ᠤ ᠬᠦᠷᠢᠶᠡᠯᠡᠩ ᠂ ᠬᠠᠤᠯᠢ ᠶᠢᠨ ᠳᠤᠰᠢᠶᠠᠯᠳᠠᠨ ᠤ ᠴᠤᠭ ᠵᠢᠪᠬᠤᠭ᠎ᠠ ᠂ ᠰᠢᠬᠦᠯᠲᠡ ᠶᠢᠨ ᠶᠠᠪᠤᠳᠠᠯ ᠢ ᠢᠯᠡ ᠪᠤᠯᠭᠠᠬᠤ ᠂ ᠬᠠᠤᠯᠢ ᠴᠠᠭᠠᠵᠠ ᠶᠢᠨ ᠶᠡᠷᠦ ᠶᠢᠨ ᠮᠡᠳᠡᠯᠬᠡ ᠶᠢ ᠳᠦᠭᠡᠮᠵᠢᠯᠡᠬᠦ᠂ ᠢᠷᠡᠭᠤ ᠠᠯᠳᠠᠷ ᠤᠨ ᠳᠠᠪᠴᠠᠩ ᠂ ᠳᠠᠰᠤᠯᠤᠨ ᠳᠤᠭᠳᠠᠭᠠᠯᠲᠠ ᠶᠢᠨ ᠪᠢᠴᠢᠭ᠌ ᠂ ᠠᠯᠪᠠᠨ ᠪᠠᠢᠭᠤᠯᠭ᠎ᠠ ᠶᠢᠨ ᠨᠠᠮ ᠤᠨ ᠪᠠᠢᠭᠤᠯᠤᠯᠲᠠ ᠵᠡᠷᠬᠡ ᠤᠯᠠᠨ ᠲᠦᠷᠦᠯ ᠦᠨ ᠠᠭᠤᠯᠭ᠎ᠠ ᠶᠢ ᠪᠠᠭᠳᠠᠭᠠᠵᠠᠢ ᠃
ᠤᠯᠠᠨ ᠤ ᠮᠡᠳᠡᠬᠦ ᠪᠡᠷ ᠂ ᠪᠦᠬᠦ ᠤᠯᠤᠯᠰ ᠲᠤ ᠬᠠᠮᠤᠭ ᠤᠷᠢᠳᠠᠪᠡᠷ ᠪᠠᠢᠭᠤᠯᠤᠭᠳᠠᠭᠰᠠᠨ ᠬᠢᠯᠢ ᠬᠢᠵᠠᠭᠠᠷ ᠤᠨ ᠴᠦᠬᠡᠨ ᠳᠤᠭᠠᠳᠤ ᠦᠨᠳᠦᠰᠦᠲᠡᠨ ᠦ ᠥᠪᠡᠷᠲᠡᠭᠡᠨ ᠵᠠᠰᠠᠬᠤ ᠤᠷᠤᠨ ᠪᠤᠯᠤᠭᠰᠠᠨ ᠤ ᠬᠤᠪᠢ ᠳᠤ ᠂ ᠳᠤᠰ ᠭᠠᠵᠠᠷ ᠤᠷᠤᠨ ᠤ ᠮᠤᠩᠭᠤᠯ ᠰᠦᠯᠵᠢᠶ᠎ᠠ ᠶᠢ ᠨᠡᠪᠲᠡᠷᠡᠬᠦᠯᠬᠦ ᠨᠢ ᠮᠤᠩᠭᠤᠯ ᠦᠨᠳᠦᠰᠦᠲᠡᠨ ᠳᠤᠬᠠᠢ ᠶᠢᠨ ᠬᠦᠮᠦᠨ ᠦ ᠬᠠᠤᠯᠢ ᠶᠤᠰᠤᠨ ᠤ ᠠᠰᠢᠭ ᠳᠤᠰᠠ ᠶᠢ ᠬᠠᠮᠠᠭᠠᠯᠠᠬᠤ ᠳᠤ ᠠᠰᠢᠭᠲᠠᠢ ᠂ ᠮᠤᠩᠭᠤᠯ ᠦᠨᠳᠦᠰᠦᠲᠡᠨ ᠳᠤᠬᠠᠢ ᠶᠢᠨ ᠬᠦᠮᠦᠨ ᠵᠠᠷᠭᠤ ᠬᠢᠬᠦ ᠶᠠᠪᠤᠴᠠ ᠳᠤ ᠤᠷᠤᠯᠴᠠᠬᠤ ᠳᠤ ᠶᠡᠬᠡ ᠲᠦᠬᠦᠮ ᠪᠤᠯᠭᠠᠵᠤ ᠂ ᠮᠤᠩᠭᠤᠯ ᠦᠨᠳᠦᠰᠦᠲᠡᠨ ᠠᠬ᠎ᠠ ᠳᠡᠬᠦᠦ ᠨᠠᠷ ᠦᠪᠡᠷ ᠦᠨ ᠦᠨᠳᠦᠰᠦᠲᠡᠨ ᠦ ᠦᠬᠡ ᠬᠡᠯᠡ ᠦᠰᠦᠭ ᠪᠢᠴᠢᠭ᠌ ᠢᠶᠡᠷ ᠵᠠᠷᠭᠤ ᠬᠢᠬᠦ ᠡᠷᠬᠡ ᠶᠢ ᠦᠨᠳᠦᠰᠦᠨ ᠡᠴᠡ ᠪᠤᠳᠠᠳᠠᠢ ᠪᠠᠷ ᠬᠠᠮᠠᠭᠠᠯᠠᠵᠤ ᠂ ᠦᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠭᠠᠵᠠᠷ ᠤᠷᠤᠨ ᠪᠠ ᠦᠨᠳᠦᠰᠦᠲᠡᠨ ᠦ ᠤᠨᠴᠠᠯᠢᠭ ᠢ ᠳᠤᠪᠤᠢᠯᠭᠠᠭᠰᠠᠨ ᠪᠠᠢᠨ᠎ᠠ ᠃
ᠮᠤᠩᠭᠤᠯ ᠰᠦᠯᠵᠢᠶᠡᠨ ᠦ ᠳᠠᠪᠴᠠᠩ ᠤᠨ ᠪᠠᠢᠭᠤᠯᠤᠯᠲᠠ ᠪᠤᠯ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠦᠪᠦᠷ ᠮᠤᠩᠭᠤᠯ ᠤᠨ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ ᠤ ᠳᠤᠷᠠᠳᠤᠭᠰᠠᠨ《ᠭᠣᠣᠯᠳᠠᠯᠭ᠎ᠠ ᠳᠤ ᠲᠦᠪᠯᠡᠷᠡᠨ ᠨᠢᠬᠡᠳᠦᠯᠲᠡᠢ ᠲᠦᠪᠯᠡᠷᠡᠬᠦ ᠶᠢ ᠠᠳᠬᠤᠵᠤ ᠂ ᠵᠣᠬᠢᠴᠠᠯᠳᠤᠬᠤ ᠶᠢ ᠠᠩᠬᠠᠷᠴᠤ ᠪᠦᠲᠦᠭᠡᠨ ᠪᠠᠢᠭᠤᠯᠤᠯᠲᠠ ᠬᠢᠵᠦ ᠂ ᠬᠡᠷᠡᠭᠯᠡᠯᠲᠡ ᠶᠢ ᠬᠦᠨᠵᠡᠭᠡᠢᠷᠡᠬᠦᠯᠵᠦ ᠪᠤᠳᠠᠳᠠᠢ ᠪᠦᠲᠦᠮᠵᠢᠲᠡᠢ ᠪᠠᠢᠬᠤ ᠂ ᠪᠦᠬᠦᠯᠢ ᠴᠤᠭᠴᠠ ᠶᠢ ᠲᠦᠯᠬᠢᠨ ᠠᠬᠢᠭᠤᠯᠵᠤ ᠬᠦᠭᠵᠢᠯᠲᠡ ᠶᠢ ᠡᠷᠢᠯᠬᠢᠯᠡᠬᠦ 》ᠠᠵᠢᠯ ᠤᠨ ᠲᠦᠰᠦᠪᠯᠡᠯᠲᠡ ᠶᠢ ᠪᠠᠷᠢᠮᠳᠠᠯᠠᠭᠰᠠᠨ ᠪᠤᠳᠠᠳᠠᠢ ᠢᠯᠡᠷᠡᠯ ᠪᠠᠢᠵᠤ ᠂ ᠳᠤᠰ ᠰᠦᠯᠵᠢᠶ᠎ᠠ ᠵᠦᠪᠬᠡᠨ ᠰᠢᠬᠦᠬᠦ ᠬᠤᠷᠢᠶᠠᠨ ᠤ ᠮᠤᠩᠭᠤᠯ ᠬᠡᠯᠡᠨ ᠦ ᠮᠡᠳᠡᠬᠡ ᠵᠠᠩᠭᠢᠴᠢᠯᠠᠯᠲᠠ ᠶᠢᠨ ᠠᠵᠢᠯ ᠤᠨ ᠡᠬᠦᠳᠡᠨ ᠰᠦᠯᠵᠢᠶ᠎ᠠ ᠪᠢᠰᠢ ᠂ ᠪᠠᠰᠠᠴᠤ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠵᠢᠴᠢ ᠬᠠᠷᠢᠶ᠎ᠠ ᠪᠠᠢᠭᠤᠯᠤᠮᠵᠢ ᠶᠢᠨ ᠮᠤᠩᠭᠤᠯ ᠮᠡᠳᠡᠬᠡ ᠵᠠᠩᠬᠢ ᠨᠡᠢᠳᠡᠯᠡᠬᠦ ᠶᠡᠷᠦᠩᠬᠡᠢ ᠳᠠᠪᠴᠠᠩ ᠮᠦᠨ ᠃ ᠮᠤᠩᠭᠤᠯ ᠰᠦᠯᠵᠢᠶ᠎ᠠ ᠤᠯᠠᠮᠵᠢᠯᠠᠯᠲᠤ ᠮᠤᠩᠭᠤᠯ ᠪᠢᠴᠢᠭ᠌ ᠦᠨ ᠺᠣᠳ᠋ ᠤᠯᠠᠨ ᠤᠯᠤᠰ/ ᠤᠯᠤᠰ ᠤᠨ ᠪᠠᠷᠢᠮᠵᠢᠶ᠎ᠠ ᠶᠢ ᠬᠡᠷᠡᠭᠯᠡᠵᠦ ᠪᠤᠯᠤᠨ᠎ᠠ ᠂ ᠠᠷᠤ ᠳᠠᠪᠴᠠᠩ ᠤᠨ ᠲᠸᠺ ᠨᠠᠢᠷᠠᠭᠴᠢ ᠵᠠᠬᠦᠨ ᠭᠠᠷ ᠤᠨ ᠪᠤᠰᠤᠭ᠎ᠠ ᠮᠤᠩᠭᠤᠯ ᠦᠰᠦᠭ ᠨᠠᠢᠷᠠᠭᠴᠢ ᠶᠢ ᠵᠠᠷᠤᠵᠤ ᠂ ᠮᠤᠩᠭᠤᠯ ᠦᠨᠳᠦᠰᠦᠲᠡᠨ ᠦ ᠪᠢᠴᠢᠬᠦ ᠳᠠᠳᠬᠠᠯ ᠳᠤ ᠳᠤᠬᠢᠷᠠᠨ᠎ᠠ ᠃ ᠠᠭᠤᠯᠭ᠎ᠠ ᠨᠠᠢᠷᠠᠭᠤᠯᠬᠤ ᠲᠦᠬᠦᠮ ᠲᠦᠳᠡ ᠂ ᠵᠢᠷᠤᠭ ᠂ ᠵᠢᠷᠤᠭᠲᠦ ᠲᠦᠷᠰᠦ ᠵᠡᠷᠭᠡ ᠶᠢ ᠤᠷᠤᠭᠤᠯᠬᠤ ᠡᠯᠪᠡᠭ ᠨᠠᠢᠷᠠᠭᠤᠯᠬᠤ ᠴᠢᠳᠠᠮᠵᠢ ᠲᠠᠢ ᠃ ᠡᠭᠦᠨ ᠦ ᠬᠠᠮᠳᠤ ᠂ ᠰᠦᠯᠵᠢᠶᠡᠨ ᠦ ᠠᠭᠤᠯᠭ᠎ᠠ ᠮᠤᠩᠭᠤᠯ ᠬᠢᠳᠡᠳ ᠬᠤᠶᠠᠷ ᠬᠡᠯᠡᠨ ᠦ ᠭᠠᠷ ᠮᠠᠰᠢᠨ ᠂ ᠬᠠᠪᠳᠠᠭᠠᠢ ᠺᠣᠮᠫᠢᠦ᠋ᠲ᠋ᠧᠷ ᠦᠨ ᠬᠡᠪ ᠵᠡᠷᠭᠡᠪᠡᠷ ᠨᠡᠪᠲᠡᠷᠡᠵᠦ ᠂ ᠪᠢᠴᠢᠯ ᠪᠦᠷᠭᠡ ᠂ ᠸᠸᠴᠠᠲ ᠂ QQ ᠵᠡᠷᠬᠡ ᠰᠢᠰᠲ᠋ᠧᠮ ᠬᠠᠷᠰᠢ ᠦᠬᠡᠢ ᠬᠤᠪᠢᠶᠠᠯᠴᠠᠬᠤ ᠶᠢ ᠪᠡᠶᠡᠯᠡᠬᠦᠯᠦᠭᠰᠡᠨ ᠪᠠᠢᠨ᠎ᠠ ᠃
ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠮᠤᠩᠭᠤᠯ ᠰᠦᠯᠵᠢᠶᠡᠨ ᠦ ᠳᠠᠪᠴᠠᠩ ᠨᠢ ᠮᠠᠨ ᠤ ᠬᠤᠷᠢᠶᠠᠨ ᠤ ᠮᠤᠩᠭᠤᠯ ᠬᠡᠯᠡ ᠪᠡᠷ ᠤᠷᠢᠶᠠᠯᠠᠬᠤ ᠴᠤᠩᠬᠤ ᠂ ᠮᠤᠩᠭᠤᠯ ᠦᠨᠳᠦᠰᠦᠲᠡᠨ ᠠᠷᠠᠳ ᠲᠦᠮᠡᠨ ᠲᠠᠢ ᠬᠠᠷᠢᠯᠴᠠᠬᠤ ᠬᠦᠬᠦᠷᠬᠡ ᠂ ᠮᠤᠩᠭᠤᠯ ᠦᠨᠳᠦᠰᠦᠲᠡᠨ ᠤᠯᠠᠨ ᠲᠦᠮᠡᠨ ᠳᠦ ᠶᠠᠪᠤᠳᠠᠯ ᠰᠢᠢᠳᠪᠦᠷᠢᠯᠡᠬᠦ ᠬᠤᠯᠪᠤᠭᠠᠰᠤ ᠪᠤᠯᠬᠤ ᠶᠤᠮ ︕ᠮᠤᠩᠭᠤᠯ ᠬᠡᠯᠡ ᠶᠢ ᠬᠡᠷᠡᠭᠯᠡᠵᠦ ᠢᠯᠡ ᠪᠡᠷ ᠬᠠᠤᠯᠢ ᠴᠠᠭᠠᠵᠠ ᠶᠢᠨ ᠵᠠᠰᠠᠭ ᠤᠨ ᠶᠠᠪᠤᠳᠠᠯ ᠢ ᠶᠠᠪᠤᠭᠳᠠᠭᠤᠯᠬᠤ ᠰᠢᠨ᠎ᠠ ᠠᠷᠭ᠎ᠠ ᠵᠠᠮ ᠂ ᠮᠠᠨ ᠤ ᠬᠤᠷᠢᠶᠠᠨ ᠤ ᠮᠡᠳᠡᠬᠡ ᠵᠠᠩᠭᠢᠴᠢᠯᠠᠯᠲᠠ ᠶᠢᠨ ᠪᠦᠲᠦᠭᠡᠨ ᠪᠠᠢᠭᠤᠯᠤᠯᠲᠠ ᠪᠠ ᠤᠬᠠᠭᠤᠯᠬᠤ ᠠᠵᠢᠯ ᠴᠣ᠋ ᠰᠢᠨ᠎ᠠ ᠨᠢᠬᠡᠨ ᠱᠠᠳᠤᠨ ᠳᠤ ᠳᠠᠪᠰᠢᠨ ᠤᠷᠤᠭᠰᠠᠨ ᠢ ᠬᠠᠷᠠᠭᠤᠯᠵᠤ ᠪᠠᠢᠨ᠎ᠠ︕
ᠦᠨᠡᠯᠡᠬᠦ 0ᠦᠨᠡᠯᠡᠯᠲᠡ ᠲᠠᠢ