——ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ《ᠰᠢᠬᠦᠭᠴᠢ ᠡᠵᠢ》ᠬᠠᠤᠯᠢ ᠲᠦᠷᠢᠮ ᠰᠤᠷᠭᠠᠭᠤᠯᠢ ᠶᠢᠨ ᠬᠦᠷᠢᠶᠡᠨ ᠳᠦ ᠤᠷᠤᠬᠤ ᠬᠦᠳᠡᠯᠭᠡᠭᠡᠨ ᠦᠷᠨᠢᠬᠦᠯᠪᠡ
《ᠬᠡᠷᠪᠡ ᠪᠤᠯᠢᠶᠠᠨ ᠳᠡᠭᠡᠷᠡᠮᠳᠡᠬᠦ ᠂ ᠤᠤᠯᠭᠠᠯᠠᠬᠤ ᠂ ᠬᠢᠬᠠᠬᠤ ᠮᠠᠭᠤ ᠬᠦᠮᠦᠨ ᠲᠠᠢ ᠳᠠᠭᠠᠷᠠᠪᠠᠯ ᠶᠠᠮᠠᠷ ᠠᠷᠭᠠᠴᠠᠬᠤ ᠠᠷᠭ᠎ᠠ ᠪᠠ ᠦᠪᠡᠷ ᠦᠨ ᠪᠡᠶ᠎ᠠ ᠪᠠᠨ ᠠᠪᠤᠷᠠᠬᠤ ᠠᠷᠭ᠎ᠠ ᠬᠡᠮᠵᠢᠶ᠎ᠠ ᠪᠠᠢᠬᠤ ᠪᠤᠢ?》《ᠠᠮᠠᠷᠠᠯᠲᠠ ᠶᠢᠨ ᠬᠤᠭᠤᠴᠠᠭᠠᠨ ᠳᠤ ᠭᠠᠭᠴᠠᠭᠠᠷ ᠢᠶᠠᠨ ᠭᠡᠷ ᠲᠦ ᠪᠠᠢᠬᠤ ᠦᠶᠡᠰ ᠂ ᠪᠤᠰᠤᠳ ᠬᠦᠮᠦᠨ ᠡᠬᠦᠳᠡ ᠶᠢ ᠴᠢᠨᠢ ᠳᠤᠭᠰᠢᠬᠤ ᠪᠤᠶᠤ ᠡᠭᠦᠳᠡ ᠶᠢ ᠴᠢᠨᠢ ᠡᠪᠳᠡᠪᠡᠯ ᠶᠠᠭᠠᠬᠢᠪᠠᠯ ᠵᠤᠬᠢᠬᠤ ᠪᠤᠢ?》《ᠳᠠᠨᠢᠯ ᠪᠤᠰᠤ ᠬᠦᠮᠦᠨ ᠴᠢᠮ᠎ᠠ ᠶᠢ ᠮᠦᠷᠳᠡᠪᠡᠯ ᠳᠠᠭᠠᠪᠠᠯ ᠶᠠᠭᠠᠬᠢᠬᠤ ᠪᠤᠢ?》《ᠭᠠᠳᠠᠨ᠎ᠠ ᠭᠠᠷᠴᠤ ᠬᠦᠳᠡᠯᠭᠡᠭᠡᠨ ᠬᠢᠬᠦ ᠦᠶᠡᠰ ᠭᠡᠷ ᠦᠨ ᠬᠦᠮᠦᠰ ᠲᠠᠢ ᠪᠠᠨ ᠰᠠᠯᠪᠠᠯ ᠶᠠᠭᠠᠬᠢᠬᠤ ᠪᠤᠢ?》
ᠪᠠᠰᠠ ᠨᠢᠬᠡ ᠵᠢᠯ ᠦᠨ ᠡᠪᠦᠯ ᠦᠨ ᠠᠮᠷᠠᠯᠲᠠ ᠬᠦᠷᠴᠦ ᠢᠷᠡᠯ᠎ᠠ ᠂ ᠰᠤᠷᠤᠭᠴᠢᠳ ᠤᠨ ᠠᠮᠷᠠᠯᠲᠠ ᠶᠢᠨ ᠬᠤᠭᠤᠴᠠᠭ᠎ᠠ ᠪᠤᠯ ᠰᠤᠷᠤᠭᠴᠢᠳ ᠡᠨᠳᠡᠯ ᠤᠯᠠᠨ ᠭᠠᠷᠬᠤ ᠴᠠᠭ ᠮᠦᠨ ᠂ ᠰᠤᠷᠤᠭᠴᠢᠳ ᠤᠨ ᠠᠮᠠᠷᠠᠯᠲᠠ ᠶᠢᠨ ᠬᠤᠭᠤᠴᠠᠭᠠᠨ ᠤ ᠠᠮᠤᠷ ᠲᠦᠪᠰᠢᠨ ᠦ ᠰᠤᠷᠭᠠᠨ ᠬᠦᠮᠦᠵᠢᠯ ᠢ ᠴᠢᠩᠭᠠᠳᠬᠠᠬᠤ ᠨᠢ ᠳᠤᠩ ᠴᠢᠬᠤᠯᠠ ᠪᠠᠢᠵᠤ ᠂ ᠬᠡᠷᠬᠢᠨ ᠬᠡᠤᠬᠡᠳ ᠢ ᠨᠢᠬᠡᠨ ᠠᠮᠤᠷ ᠲᠦᠪᠰᠢᠨ ᠂ ᠪᠠᠶᠠᠷ ᠬᠦᠷ ᠲᠠᠢ ᠡᠪᠦᠯ ᠦᠨ ᠠᠮᠠᠷᠠᠯᠲᠠ ᠶᠢ ᠦᠩᠭᠡᠷᠡᠭᠡᠬᠦ ᠨᠢ ᠭᠡᠷ ᠦᠨ ᠠᠬᠠᠮᠠᠳ ᠤᠨ ᠬᠠᠮᠤᠭ ᠰᠠᠨᠠᠭ᠎ᠠ ᠪᠤᠯᠵᠤ ᠪᠠᠢᠬᠤ ᠠᠰᠠᠭᠤᠳᠠᠯ ᠪᠤᠯᠤᠨ᠎ᠠ ᠃ 12 ᠰᠠᠷᠠᠢᠨ 21 ᠡᠳᠦᠷ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ《ᠰᠢᠭᠦᠭᠴᠢ ᠡᠵᠢ》᠂ ᠬᠢᠶᠠᠨ ᠪᠠᠭᠰᠢ ᠨᠢᠭᠡᠳᠦᠭᠡᠷ ᠳᠤᠮᠳᠠᠳᠤ ᠪᠠᠭ᠎ᠠ ᠰᠤᠷᠭᠠᠭᠤᠯᠢ ᠶᠢᠨ ᠬᠠᠤᠯᠢ ᠲᠦᠷᠢᠮ ᠦᠨ ᠳᠡᠳ᠋ ᠵᠠᠬᠢᠷᠤᠯ ᠳ᠋ᠢᠩ ᠸᠸᠢ ᠬᠤᠸᠠ《ᠰᠤᠷᠤᠭᠴᠢᠳ ᠡᠪᠦᠯ ᠦᠨ ᠠᠮᠠᠷᠠᠯᠲᠠ ᠪᠤᠯᠵᠤ ᠂ ᠠᠮᠤᠷ ᠲᠦᠪᠰᠢᠨ ᠠᠮᠠᠷᠠᠯᠲᠠ ᠦᠭᠡᠢ》ᠭᠡᠰᠡᠨ ᠢᠶᠡᠷ ᠰᠡᠳᠦᠪ ᠪᠤᠯᠭᠠᠨ ᠂ ᠬᠢᠶᠠᠨ ᠪᠠᠭᠰᠢ ᠨᠢᠬᠡᠳᠦᠬᠡᠷ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠤ 200 ᠢᠯᠡᠬᠦᠦ ᠪᠠᠭ᠎ᠠ ᠰᠤᠷᠤᠭᠴᠢ ᠳᠤ ᠠᠮᠢᠳᠤᠯᠢᠭ ᠳᠡᠭᠵᠢᠨ ᠠᠮᠤᠷ ᠲᠦᠪᠰᠢᠨ ᠦ ᠬᠢᠴᠢᠶᠡᠯ ᠤᠷᠤᠪᠠ ᠃
《ᠰᠢᠬᠦᠭᠴᠢ ᠡᠵᠢ》ᠳ᠋ᠢᠩ ᠸᠸᠢ ᠬᠤᠸᠠ ᠭᠤᠷᠪᠠᠳᠤᠭᠠᠷ ᠤᠨ ᠤ ᠰᠤᠷᠤᠭᠴᠢᠳ ᠤᠨ ᠨᠠᠰᠤᠨ ᠤ ᠤᠨᠴᠠᠯᠢᠭ ᠢ ᠦᠨᠳᠦᠰᠦᠯᠡᠵᠦ ᠂ ᠦᠯᠢᠭᠡᠷ ᠬᠡᠯᠡᠬᠦ ᠬᠡᠯᠪᠡᠷᠢ ᠪᠡᠷ ᠳᠠᠮᠵᠢᠭᠤᠯᠵᠤ ᠂ ᠠᠮᠢᠳᠤᠯᠢᠭ ᠂ ᠰᠢᠨ᠎ᠠ ᠬᠡᠷᠡᠭ ᠵᠢᠱᠢᠶ᠎ᠠ ᠲᠠᠢ ᠤᠶᠠᠯᠳᠤᠭᠤᠯᠤᠨ ᠂ ᠪᠠᠭ᠎ᠠ ᠰᠤᠷᠭᠠᠭᠤᠯᠢ ᠶᠢᠨ ᠰᠤᠷᠤᠭᠴᠢ ᠪᠦᠷᠢᠯᠳᠦᠭᠦᠯᠪᠡᠰᠦ ᠵᠤᠬᠢᠬᠤ ᠶᠤᠰᠤᠲᠠᠢ ᠠᠮᠤᠷ ᠲᠦᠪᠰᠢᠨ ᠦ ᠶᠡᠷᠦ ᠶᠢᠨ ᠮᠡᠳᠡᠯᠭᠡ ᠡᠴᠡ ᠡᠬᠢᠯᠡᠵᠦ ᠂ ᠰᠤᠷᠤᠭᠴᠢᠳ ᠲᠤ《ᠠᠷᠪᠠᠨ ᠠᠷᠭ᠎ᠠ ᠪᠠᠷ ᠮᠠᠭᠤ ᠬᠦᠮᠦᠨ ᠢ ᠠᠷᠭᠠᠴᠠᠬᠤ》 ᠶᠢ ᠵᠢᠭᠠᠵᠤ ᠂ ᠰᠤᠷᠤᠭᠴᠢᠳ ᠲᠠᠢ ᠬᠠᠮᠳᠤ ᠠᠮᠤᠷ ᠲᠦᠪᠰᠢᠨ ᠦ ᠬᠡᠤᠬᠡᠳ ᠦᠨ ᠳᠠᠭᠤ ᠶᠢ ᠬᠠᠮᠳᠤ ᠴᠡᠭᠡᠵᠢᠯᠡᠵᠦ ᠂ ᠰᠤᠷᠤᠭᠴᠢᠳ ᠲᠠᠢ ᠬᠠᠮᠳᠤ ᠮᠠᠭᠤ ᠬᠦᠮᠦᠨ ᠲᠠᠢ ᠬᠠᠷᠭᠤᠪᠠᠯ ᠪᠤᠶᠤ ᠠᠶᠤᠯ ᠳᠤᠯᠭᠠᠷᠠᠬᠤ ᠦᠶᠡᠰ ᠬᠡᠷᠬᠢᠨ ᠪᠦᠲᠦᠮᠵᠢᠲᠠᠢ ᠦᠪᠡᠷ ᠦᠨ ᠪᠡᠶ᠎ᠠ ᠪᠠᠨ ᠠᠪᠤᠷᠠᠬᠤ ᠶᠢ ᠶᠠᠷᠢᠯᠴᠠᠵᠤ ᠂ ᠰᠤᠷᠤᠭᠴᠢᠳ ᠢᠳᠡᠪᠬᠢᠲᠠᠢ ᠤᠷᠤᠯᠴᠠᠵᠤ ᠂ ᠢᠳᠡᠪᠬᠢᠲᠠᠢ ᠶᠠᠷᠢᠶ᠎ᠠ ᠳᠠᠯᠪᠢᠨ ᠂ ᠬᠢᠴᠢᠶᠡᠯ ᠦᠨ ᠪᠠᠢᠳᠠᠯ ᠳᠤᠩ ᠪᠠᠶᠠᠷ ᠬᠦᠷ ᠲᠠᠢ ᠪᠠᠢᠯ᠎ᠠ ᠃
ᠬᠢᠶᠠᠨ ᠪᠠᠭᠰᠢ ᠨᠢᠬᠡᠳᠦᠭᠡᠷ ᠪᠠᠭ᠎ᠠ ᠰᠤᠷᠭᠠᠭᠤᠯᠢ ᠶᠢᠨ ᠶᠤᠰᠤ ᠰᠤᠷᠳᠠᠬᠤᠨ ᠤ ᠰᠤᠷᠭᠠᠨ ᠬᠦᠮᠦᠵᠢᠯ ᠦᠨ ᠳᠡᠳ᠋ ᠵᠠᠬᠢᠷᠤᠯ ᠯᠢᠥ ᠵᠢᠨ ᠮᠸᠢ ᠡᠴᠡ ᠳ᠋ᠢᠩ ᠸᠸᠢ ᠬᠤᠸᠠ ᠶᠢᠨ ᠬᠢᠴᠢᠶᠡᠯᠡᠯᠭᠡ ᠶᠢ ᠬᠦᠢᠴᠡᠳ ᠨᠤᠳᠠᠯᠠᠭᠰᠠᠨ ᠪᠠᠢᠨ᠎ᠠ ᠃ ᠳᠤᠰ ᠤᠳᠠᠭᠠᠨ ᠤ ᠬᠠᠤᠯᠢ ᠲᠦᠷᠢᠮ ᠦᠨ ᠤᠬᠠᠭᠤᠯᠭ᠎ᠠ ᠶᠢᠨ ᠬᠦᠳᠡᠯᠭᠡᠭᠡᠨ ᠡᠴᠡ ᠰᠤᠷᠤᠭᠴᠢᠳ ᠮᠠᠰᠢ ᠤᠯᠠᠨ ᠠᠮᠤᠷ ᠲᠦᠪᠰᠢᠨ ᠬᠠᠮᠠᠭᠠᠯᠠᠯᠲᠠ ᠶᠢᠨ ᠮᠡᠳᠡᠯᠭᠡ ᠶᠢ ᠰᠤᠷᠤᠯᠴᠠᠵᠤ ᠂ ᠰᠤᠷᠤᠭᠴᠢᠳ ᠤᠨ ᠦᠪᠡᠷ ᠢ ᠪᠡᠨ ᠬᠠᠮᠠᠭᠠᠯᠠᠬᠤ ᠦᠵᠡᠯ ᠤᠬᠠᠮᠰᠠᠷ ᠪᠠ ᠦᠪᠡᠷ ᠢ ᠪᠡᠨ ᠬᠠᠮᠠᠭᠠᠯᠠᠬᠤ ᠴᠢᠳᠠᠪᠤᠷᠢ ᠪᠠᠨ ᠨᠡᠮᠡᠭᠳᠡᠬᠦᠯᠦᠭᠰᠡᠨ ᠪᠠᠢᠨ᠎ᠠ ᠂ ᠤᠯᠠᠮ ᠨᠢᠬᠡ ᠠᠯᠬᠤᠮ ᠠᠮᠤᠷ ᠲᠦᠪᠰᠢᠨ ᠡᠶ᠎ᠠ ᠵᠤᠬᠢᠴᠠᠯᠳᠤ ᠰᠤᠷᠭᠠᠭᠤᠯᠢ ᠶᠢᠨ ᠬᠦᠷᠢᠶ᠎ᠠ ᠶᠢ ᠪᠠᠢᠭᠤᠯᠬᠤ ᠳᠤ ᠪᠠᠳᠤ ᠪᠢᠬᠢ ᠰᠠᠭᠤᠷᠢ ᠳᠠᠯᠪᠢᠭᠰᠠᠨ ᠪᠠᠢᠨ᠎ᠠ ᠃
ᠦᠨᠡᠯᠡᠬᠦ 0ᠦᠨᠡᠯᠡᠯᠲᠡ᠎ᠲᠠᠢ