ᠰᠢᠬᠦᠬᠦ ᠬᠦᠢᠴᠡᠳᠬᠡᠬᠦ ᠠᠵᠢᠯ ᠤᠨ《ᠳᠤᠰᠤᠯᠠᠭᠤᠷ ᠳᠤᠰᠤ》ᠪᠠ《ᠬᠦᠴᠦᠨ ᠳᠤᠰᠠᠯᠠᠭᠴᠢ》 ᠶᠢ ᠰᠠᠢᠳᠤᠷ ᠬᠢᠬᠦ ᠬᠡᠷᠡᠭᠲᠡᠢ
2016.12.23 ᠲᠣᠰ ᠥᠷᠲᠡᠭᠡᠨ ᠦ ᠨᠠᠢᠷᠠᠭᠤᠯᠤᠭᠴᠢ

——ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠪᠦᠬᠦ ᠬᠤᠷᠢᠶᠠᠨ ᠤ ᠳᠡᠮᠳᠡᠭᠯᠡᠭᠴᠢ ᠶᠢᠨ ᠪᠤᠯᠪᠠᠰᠤᠷᠠᠯ ᠵᠢᠴᠢ ᠳᠡᠮᠳᠡᠭᠯᠡᠭᠴᠢ ᠶᠢᠨ ᠰᠠᠭᠤᠳᠠᠯ ᠶᠠᠷᠢᠯᠴᠠᠭᠠᠨ ᠤ ᠬᠤᠷᠠᠯ ᠢ ᠶᠠᠪᠤᠭᠳᠠᠭᠤᠯᠪᠠ

 

 

 

 

 

 

 

 

 

 

 

 

 

 

 

 

 

     12 ᠰᠠᠷᠠᠢᠨ 19 ᠡᠳᠦᠷ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠪᠦᠬᠦ ᠬᠤᠷᠢᠶᠠᠨ ᠤ ᠳᠡᠮᠳᠡᠭᠯᠡᠭᠴᠢ ᠶᠢᠨ ᠪᠤᠯᠪᠠᠰᠤᠷᠠᠯ ᠶᠠᠪᠤᠭᠳᠠᠭᠤᠯᠪᠠ ᠃ ᠪᠤᠯᠪᠠᠰᠤᠷᠠᠯ ᠤᠨ ᠠᠭᠤᠯᠭ᠎ᠠ ᠬᠤᠶᠠᠷ ᠵᠦᠢᠯ ᠪᠤᠢ ᠄ ᠦᠳᠡ ᠶᠢᠨ ᠡᠮᠦᠨ᠎ᠠ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠤᠳᠤᠷᠢᠳᠬᠤ ᠪᠠᠭ ᠪᠤᠯᠤᠨ ᠳᠡᠮᠳᠡᠭᠯᠡᠭᠴᠢ  ᠨᠠᠷ ᠰᠠᠭᠤᠳᠠᠯ ᠤᠨ ᠶᠠᠷᠢᠯᠴᠠᠭᠠᠨ ᠤ ᠬᠤᠷᠠᠯ ᠶᠠᠪᠤᠭᠳᠠᠭᠤᠯᠪᠠ ᠃ ᠦᠳᠡ ᠶᠢᠨ ᠬᠤᠢᠨ᠎ᠠ ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠢᠷᠭᠡᠨ ᠦ ᠬᠡᠷᠡᠭ ᠦᠨ ᠵᠢᠷᠭᠤᠳᠤᠭᠠᠷ ᠲᠢᠩᠬᠢᠮ ᠦᠨ ᠳᠠᠷᠤᠭ᠎ᠠ ᠸᠠᠩ ᠰᠢᠦᠸᠠᠢ ᠵᠢᠶᠦ᠋ᠨ ᠪᠦᠬᠦ ᠳᠡᠮᠳᠡᠭᠯᠡᠭᠴᠢ ᠨᠠᠷ ᠲᠤ《ᠴᠣ᠋ ᠰᠢᠨ᠎ᠠ ᠲᠦᠷᠢ ᠲᠦᠷᠬᠦ ᠪᠡᠷ ᠬᠠᠤᠯᠢ ᠴᠠᠭᠠᠵᠠ ᠶᠢᠨ ᠦᠭᠡᠷᠡᠴᠢᠯᠡᠯᠲᠡ ᠶᠢ ᠤᠭᠳᠤᠬᠤ》 ᠪᠠᠷ ᠰᠡᠳᠦᠪ ᠪᠤᠯᠭᠠᠭᠰᠠᠨ ᠳᠤᠬᠠᠢᠯᠠᠭᠰᠠᠨ ᠠᠵᠢᠯ ᠤᠨ ᠮᠡᠷᠬᠡᠵᠢᠯ ᠦᠨ ᠶᠠᠷᠢᠶ᠎ᠠ ᠢᠯᠡᠳᠬᠡᠯ ᠬᠢᠪᠡ ᠃ ᠪᠦᠬᠦ ᠬᠤᠷᠢᠶᠠᠨ ᠤ 86 ᠨᠡᠷᠡᠰ ᠳᠡᠮᠳᠡᠭᠯᠡᠭᠴᠢ ᠪᠤᠯᠪᠠᠰᠤᠷᠠᠯ ᠳᠤ ᠤᠷᠤᠯᠴᠠᠪᠠ ᠃ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠨᠠᠮ ᠤᠨ ᠤᠳᠤᠷᠢᠳᠬᠤ ᠳᠤᠭᠤᠢᠯᠠᠩ ᠤᠨ ᠬᠡᠰᠢᠬᠦᠨ ᠂ ᠳᠡᠳ᠋ ᠬᠤᠷᠢᠶᠠᠨ ᠳᠠᠷᠤᠭ᠎ᠠ ᠪᠦᠭᠡᠳ ᠤᠯᠤᠰ ᠲᠦᠷᠦ ᠶᠢᠨ ᠬᠡᠯᠳᠡᠰ  ᠦᠨ ᠡᠷᠬᠢᠯᠡᠭᠴᠢ ᠯᠢ ᠵᠢᠩ ᠭᠦᠸᠸ ᠰᠠᠭᠤᠳᠠᠯ ᠤᠨ ᠬᠤᠷᠠᠯ ᠢ ᠡᠷᠬᠢᠯᠡᠪᠡ ᠃

     ᠰᠠᠭᠤᠳᠠᠯ ᠤᠨ ᠬᠤᠷᠠᠯ ᠤᠨ ᠶᠠᠷᠢᠯᠴᠠᠭᠠᠨ  ᠤ ᠬᠡᠰᠡᠭ ᠲᠦ ᠂ ᠡᠯ᠎ᠠ ᠰᠠᠯᠠᠭ᠎ᠠ ᠮᠦᠴᠢᠷ  ᠦᠨ ᠳᠡᠮᠳᠡᠭᠯᠡᠭᠴᠢ ᠨᠠᠷ ᠦᠪᠡᠷ ᠦᠨ ᠠᠵᠢᠯ ᠤᠨ ᠪᠠᠢᠷᠢ ᠶᠢᠨ ᠬᠠᠷᠢᠭᠤᠴᠠᠯᠭ᠎ᠠ ᠡᠬᠦᠷᠭᠡ ᠳᠦ ᠪᠡᠨ ᠰᠠᠭᠤᠷᠢᠯᠠᠵᠤ ᠂ ᠦᠪᠡᠷ ᠦᠨ ᠠᠵᠢᠯ ᠤᠨ ᠪᠤᠳᠠᠳᠤ ᠪᠠᠢᠳᠠᠯ ᠲᠠᠢ ᠤᠶᠠᠯᠳᠤᠭᠤᠯᠤᠨ ᠂ ᠪᠤᠳᠤᠭᠰᠠᠨ ᠢᠶᠠᠨ ᠪᠦᠷᠢᠨ ᠶᠠᠷᠢᠵᠤ ᠂ ᠬᠤᠷᠠᠯ ᠤᠨ ᠳᠠᠯᠠᠪᠤᠷ ᠤᠨ ᠪᠠᠢᠳᠠᠯ ᠢᠳᠡᠪᠬᠢᠲᠠᠢ ᠮᠦᠷᠲᠡᠭᠡᠨ ᠰᠡᠳᠬᠢᠯ ᠤᠷᠭᠢᠯᠤᠮ᠎ᠠ ᠪᠠᠢᠨ᠎ᠠ ᠃ ᠪᠦᠬᠦᠳᠡᠭᠡᠷ ᠠᠵᠢᠯ ᠤᠨ ᠳᠤᠮᠳᠠᠬᠢ ᠳᠤᠯᠭᠠᠷᠠᠭᠰᠠᠨ ᠠᠰᠠᠭᠤᠳᠠᠯ ᠪᠠ ᠬᠦᠴᠢᠷᠳᠡᠯ ᠢ ᠳᠤᠷᠠᠳᠤᠭᠰᠠᠨ ᠮᠦᠷᠲᠡᠭᠡᠨ ᠪᠦᠲᠦᠭᠡᠯᠲᠡ ᠶᠢᠨ ᠴᠢᠨᠠᠷᠲᠠᠢ ᠰᠠᠨᠠᠭᠤᠯᠭ᠎ᠠ ᠪᠠ ᠰᠠᠨᠠᠯ ᠳᠤᠷᠠᠳᠤᠭᠰᠠᠨ ᠪᠠᠢᠨ᠎ᠠ ᠃ ᠳᠡᠮᠳᠡᠭᠯᠡᠭᠴᠢ ᠶᠢᠨ ᠠᠵᠢᠯ ᠤᠨ ᠬᠤᠪᠢ ᠪᠡᠶ᠎ᠠ ᠶᠢᠨ ᠲᠦᠷᠦᠭᠳᠡᠯ ᠪᠠ ᠤᠢᠯᠭᠠᠯᠲᠠ ᠪᠠᠨ ᠳᠤᠷᠠᠳᠴᠤ ᠂ ᠢᠷᠡᠭᠡᠳᠦᠢ ᠶᠢᠨ ᠠᠵᠢᠯ ᠤᠨ ᠪᠠᠢᠳᠠᠯ ᠢᠶᠠᠨ ᠬᠦᠰᠡᠮᠵᠢᠯᠡᠭᠰᠡᠨ ᠪᠠᠢᠨ᠎ᠠ ᠃ ᠰᠠᠭᠤᠳᠠᠯ ᠤᠨ ᠬᠤᠷᠠᠯ ᠳᠤ ᠤᠷᠤᠯᠴᠠᠭᠰᠠᠨ ᠰᠢᠬᠦᠬᠦ ᠬᠤᠷᠢᠶᠠᠨ ᠤ ᠤᠳᠤᠷᠢᠳᠤᠯᠭ᠎ᠠ ᠳᠡᠮᠳᠡᠭᠯᠡᠭᠴᠢ ᠨᠠᠷ ᠤᠨ ᠳᠤᠷᠠᠳᠤᠭᠰᠠᠨ ᠠᠰᠠᠭᠤᠯᠲᠠ ᠶᠢ ᠨᠠᠷᠢᠯᠢᠭ ᠬᠠᠷᠢᠭᠤᠯᠲᠠ ᠬᠢᠭᠰᠡᠨ ᠪᠠᠢᠨ᠎ᠠ ᠃

     ᠬᠠᠤᠯᠢ ᠴᠠᠭᠠᠵᠠ ᠶᠢᠨ ᠦᠬᠡᠷᠡᠴᠢᠯᠡᠯᠲᠡ ᠶᠢᠨ ᠶᠤᠪᠤᠭᠳᠠᠬᠤ ᠶᠢ ᠳᠠᠭᠠᠯᠳᠤᠨ ᠂ ᠠᠵᠢᠯ ᠤᠨ ᠤᠷᠤᠨ ᠳᠤᠭᠠᠨ ᠳᠤ ᠪᠠᠢᠭ᠎ᠠ ᠳᠡᠮᠳᠡᠭᠯᠡᠭᠴᠢ ᠰᠢᠭᠦᠭᠴᠢ ᠶᠢᠨ ᠬᠠᠪᠰᠤᠷᠤᠭᠴᠢ ᠳᠡᠰᠢ ᠰᠢᠯᠵᠢᠵᠤ ᠂ ᠳᠡᠮᠳᠡᠭᠯᠡᠭᠴᠢ ᠵᠠᠷᠴᠢᠮ ᠳᠡᠭᠡᠷ᠎ᠠ ᠪᠠᠨ ᠲᠦᠪ ᠦᠨ ᠤᠯᠤᠰ ᠲᠦᠷᠦ ᠬᠠᠤᠯᠢ ᠴᠠᠭᠠᠵᠠ ᠶᠢᠨ ᠳᠤᠰᠬᠠᠢ ᠤᠷᠤᠨ ᠳᠤᠭ᠎ᠠ ᠶᠢ ᠡᠵᠡᠯᠡᠬᠦ ᠪᠡᠨ ᠪᠤᠯᠢᠵᠤ ᠂ ᠭᠣᠣᠯᠳᠠᠭᠤ ᠤᠷᠢᠵᠤ ᠬᠡᠷᠡᠭᠯᠡᠬᠦ ᠲᠦᠷᠢᠮ ᠢ ᠬᠡᠷᠡᠭᠵᠢᠬᠦᠯᠵᠦ ᠪᠠᠢᠨ᠎ᠠ ᠃ ᠲᠣᠭᠲᠠᠭᠠᠯ ᠳᠤᠳᠤᠷᠠᠬᠢ ᠠᠵᠢᠯ ᠤᠨ ᠬᠠᠷᠢᠴᠠᠯ ᠤᠨ ᠬᠡᠪᠴᠢᠶᠡᠨ ᠳᠦ ᠂ ᠡᠬᠦᠷᠭᠡ ᠳᠤᠰᠢᠶᠠᠯ ᠤᠨ ᠱᠠᠭᠠᠷᠳᠠᠯᠭ᠎ᠠ ᠳᠡᠬᠢ ᠦᠵᠡᠯ ᠰᠠᠨᠠᠭ᠎ᠠ ᠤᠯᠤᠰ ᠲᠦᠷᠦ ᠶᠢᠨ ᠬᠡᠪ ᠰᠤᠷᠳᠠᠯ ᠂ ᠳᠤᠬᠠᠢᠯᠠᠭᠰᠠᠨ ᠠᠵᠢᠯ ᠤᠨ ᠴᠢᠳᠠᠪᠤᠷᠢ ᠂ ᠰᠤᠶᠤᠯ ᠤᠨ ᠬᠢᠷᠢ ᠲᠦᠪᠰᠢᠨ ᠪᠤᠯᠤᠨ ᠠᠵᠢᠯ ᠤᠨ ᠪᠠᠢᠷᠢ ᠶᠢᠨ ᠤᠨ ᠵᠢᠯ ᠵᠡᠷᠬᠡ ᠳᠠᠯ᠎ᠠ ᠶᠢᠨ ᠨᠦᠬᠦᠴᠡᠯ ᠪᠠ ᠬᠢᠷᠢ ᠬᠡᠮ ᠳᠦ ᠨᠡᠢᠴᠡᠵᠦ ᠂ ᠠᠵᠢᠯ ᠤᠨ ᠪᠦᠲᠦᠮᠵᠢ ᠳᠤᠪᠤᠢᠮ᠎ᠠ ᠪᠤᠯ ᠳᠠᠷᠤᠢ ᠳᠡᠮᠳᠡᠭᠯᠡᠭᠴᠢ ᠶᠢᠨ ᠳᠤᠰᠢᠶᠠᠯ ᠢ ᠡᠬᠦᠷᠭᠡᠯᠡᠵᠦ ᠪᠤᠯᠤᠨ᠎ᠠ ᠃ ᠡᠢᠮᠦ ᠡᠴᠡ ᠂ ᠳᠡᠮᠳᠡᠭᠯᠡᠭᠴᠢ ᠦᠪᠡᠷ ᠦᠨ ᠠᠵᠢᠯ ᠤᠨ ᠪᠠᠢᠷᠢ ᠶᠢᠨ ᠳᠤᠰᠠᠬᠠᠢ ᠠᠵᠢᠯ ᠤᠨ ᠮᠡᠳᠡᠷᠡᠬᠦ ᠰᠡᠳᠬᠢᠯᠬᠡ ᠪᠠ ᠦᠷᠳᠡᠭ ᠦᠨ ᠬᠠᠷᠢᠶᠠᠯᠠᠭᠳᠠᠬᠤ ᠰᠡᠳᠬᠢᠯᠭᠡ ᠶᠢ ᠴᠢᠩᠭᠠᠳᠬᠠᠬᠤ ᠬᠡᠷᠡᠭᠲᠡᠢ ᠂ ᠦᠵᠡᠯ ᠰᠠᠨᠠᠭᠠᠨ ᠳᠡᠭᠡᠷ᠎ᠠ ᠦᠪᠡᠷ ᠦᠨ ᠠᠵᠢᠯ ᠳᠤ ᠪᠠᠨ ᠳᠤᠭᠳᠠᠪᠤᠷᠢᠰᠢᠵᠤ ᠂ ᠦᠪᠡᠷ ᠦᠨ ᠠᠵᠢᠯ ᠳᠤ ᠪᠠᠨ ᠪᠠᠶᠠᠷ ᠲᠠᠢ ᠪᠠᠢᠪᠠᠯ ᠰᠠᠶᠢ ᠦᠪᠡᠷ ᠦᠨ ᠠᠵᠢᠯ  ᠢ ᠪᠠᠨ ᠰᠠᠢᠨ ᠬᠢᠵᠦ ᠳᠡᠢᠯᠦᠨ᠎ᠠ ᠃

     ᠬᠠᠮᠤᠭ ᠰᠡᠬᠦᠯ ᠳᠦ ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠨᠠᠮ ᠤᠨ ᠤᠳᠤᠷᠢᠳᠬᠤ ᠳᠤᠭᠤᠢᠯᠠᠩ ᠤᠨ ᠱᠦᠵᠢ ᠂ ᠤᠷᠤᠯᠠᠭᠴᠢ ᠬᠤᠷᠢᠶᠠᠨ ᠳᠠᠷᠤᠭ᠎ᠠ ᠯᠢ ᠾᠦᠩ ᠶᠠᠨ ᠳ᠋ᠦᠩᠨᠡᠯᠲᠡ ᠶᠢᠨ ᠶᠠᠷᠢᠶ᠎ᠠ ᠳᠠᠯᠪᠢᠪᠠ ᠃ ᠯᠢ ᠬᠤᠷᠢᠶᠠᠨ ᠳᠠᠷᠤᠭ᠎ᠠ ᠵᠢᠭᠠᠵᠤ ᠭᠠᠷᠭᠠᠭᠰᠠᠨ ᠨᠢ ᠂ ᠦᠨᠦᠳᠦᠷ ᠦᠨ ᠶᠠᠷᠢᠯᠴᠠᠭᠠᠨ ᠤ ᠰᠠᠭᠤᠳᠠᠯ ᠤᠨ ᠬᠤᠷᠠᠯ ᠶᠡᠬᠡ ᠰᠠᠢᠨ ᠪᠤᠯᠵᠤ ᠂ ᠤᠯᠠᠨ ᠤ ᠳᠤᠷᠠᠳᠤᠭᠰᠠᠨ ᠰᠠᠨᠠᠭᠤᠯᠭ᠎ᠠ ᠨᠢ ᠠᠵᠢᠯ ᠤᠨ ᠡᠬᠦᠷᠭᠡ ᠳᠤᠰᠢᠶᠠᠯ ᠤᠨ ᠬᠡᠪᠴᠢᠶᠠᠨ ᠠᠴᠠ ᠠᠪᠴᠤ ᠬᠡᠯᠡᠪᠡᠯ ᠂ ᠨᠢᠭᠡᠨᠲᠡ ᠳᠡᠮᠳᠡᠭᠯᠡᠭᠴᠢ ᠶᠢᠨ ᠠᠵᠢᠯ ᠤᠨ ᠡᠬᠦᠷᠭᠡ ᠳᠤᠰᠢᠶᠠᠯ ᠠᠴᠠ ᠳᠠᠪᠠᠭᠰᠠᠨ ᠪᠠᠢᠨ᠎ᠠ ᠂ ᠤᠯᠠᠨ ᠢᠶᠠᠷ ᠢᠶᠠᠨ ᠦᠬᠦᠮᠡᠯ ᠠᠵᠢᠯ ᠬᠢᠵᠦ ᠪᠠᠢᠬᠤ ᠦᠬᠡᠢ ᠶᠢ ᠳᠤᠳᠤᠷᠬᠠᠢᠯᠠᠵᠤ ᠂ ᠬᠠᠷᠢᠨ ᠰᠢᠬᠦᠬᠦ ᠬᠤᠷᠢᠶᠠᠨ ᠤ ᠠᠵᠢᠯ ᠤᠨ ᠶᠡᠬᠡ ᠳᠠᠯ᠎ᠠ᠎  ᠳᠤ ᠬᠠᠯᠠᠭᠤᠨ ᠰᠡᠳᠬᠢᠯ ᠢᠶᠡᠷ ᠴᠢᠷᠮᠠᠢᠨ ᠠᠵᠢᠯᠯᠠᠵᠤ ᠪᠠᠢᠨ᠎ᠠ ᠃ ᠪᠢᠳᠡ ᠪᠦᠬᠦ ᠳᠡᠮᠳᠡᠭᠯᠡᠭᠴᠢ ᠶᠢᠨ ᠡᠨᠡᠬᠦ ᠠᠵᠢᠯ ᠤᠨ ᠪᠠᠢᠷᠢ ᠪᠠᠨ ᠬᠠᠢᠷᠠᠯᠠᠬᠤ ᠵᠤᠷᠢᠭ ᠰᠠᠨᠠᠭ᠎ᠠ ᠳᠤ ᠴᠢᠩ ᠰᠡᠳᠬᠢᠯ ᠡᠴᠡ ᠪᠡᠨ ᠪᠠᠶᠠᠷᠯᠠᠬᠤ ᠪᠠᠢᠨ᠎ᠠ ᠃ ᠤᠯᠠᠨ ᠤ ᠶᠠᠷᠢᠶᠠᠨ ᠠᠴᠠ ᠂ ᠪᠢᠳᠡ ᠳᠣᠣᠷᠠᠬᠢ ᠬᠡᠳᠦᠨ ᠳᠠᠯ᠎ᠠ ᠶᠢᠨ ᠠᠰᠠᠭᠤᠳᠠᠯ ᠢ ᠤᠯᠵᠤ ᠮᠡᠳᠡᠪᠡ ᠄ ᠨᠢᠬᠡ ᠪᠤᠯ ᠳᠡᠮᠳᠡᠭᠯᠡᠭᠴᠢ ᠵᠠᠷᠭᠤ ᠬᠢᠬᠦ ᠠᠯᠬᠤᠮ ᠳᠠᠷᠠᠭ᠎ᠠ ᠳᠤ ᠤᠯᠠᠨ ᠠᠰᠠᠭᠤᠳᠠᠯ ᠪᠠ ᠬᠦᠴᠢᠷᠳᠡᠯ ᠳᠤᠯᠭᠠᠷᠠᠵᠤ᠂  ᠪᠢᠳᠡᠨ ᠬᠠᠮᠢᠶᠠᠷᠤᠯᠲᠠ  ᠶᠢᠨ ᠳᠠᠯ᠎ᠠ ᠪᠠᠷ ᠠᠯᠳᠠᠭ᠎ᠠ ᠪᠤᠷᠤᠭᠤ ᠭᠠᠷᠴᠤ ᠪᠠᠢᠬᠤ ᠶᠢ ᠬᠠᠷᠠᠭᠤᠯᠵᠤ ᠂ ᠡᠳᠡᠭᠡᠷ ᠠᠰᠠᠭᠤᠳᠠᠯ ᠳᠠᠷᠠᠭᠠᠴᠢ ᠶᠢᠨ ᠠᠯᠬᠤᠮ ᠳᠤ ᠬᠡᠷᠡᠭ ᠵᠦᠪᠳᠡᠬᠦ ᠡᠳᠦᠷ ᠦᠨ ᠳᠠᠷᠠᠭᠠᠯᠠᠯ ᠳᠡᠭᠡᠷ᠎ᠠ ᠰᠤᠳᠤᠯᠤᠨ᠎ᠠ ᠃ ᠬᠤᠶᠠᠷ ᠪᠤᠯ ᠬᠠᠤᠯᠢ ᠴᠠᠭᠠᠵᠠ ᠶᠢᠨ ᠦᠬᠡᠷᠡᠴᠢᠯᠡᠯᠲᠡ ᠶᠢᠨ ᠳᠠᠷᠠᠭ᠎ᠠ ᠬᠠᠤᠯᠢ ᠴᠠᠭᠠᠵᠠ ᠶᠢᠨ ᠬᠠᠪᠰᠤᠷᠠᠬᠤ ᠬᠡᠯᠳᠡᠰ ᠬᠡᠷᠬᠢᠨ ᠦᠢᠯᠡᠳᠦᠯ ᠢᠶᠡᠨ ᠪᠠᠳᠠᠷᠠᠭᠤᠯᠬᠤ ᠂ ᠨᠡᠩ ᠰᠠᠢᠨ ᠢᠶᠠᠷ ᠦᠢᠯᠡᠴᠢᠯᠡᠬᠦ ᠪᠠ ᠰᠢᠬᠦᠬᠦ ᠬᠦᠢᠴᠡᠳᠬᠡᠬᠦ ᠠᠵᠢᠯ ᠢ ᠪᠠᠳᠤᠯᠠᠬᠤ ᠂ ᠮᠦᠨᠴᠦ ᠪᠢᠳᠡᠨ  ᠳᠦ ᠳᠤᠯᠭᠠᠷᠠᠭᠰᠠᠨ ᠮᠦᠷᠲᠡᠭᠡᠨ ᠲᠦᠷᠭᠡᠨ ᠰᠤᠳᠤᠯᠤᠨ ᠰᠢᠢᠳᠪᠦᠷᠢᠯᠡᠬᠦ ᠠᠰᠠᠭᠤᠳᠠᠯ ᠮᠦᠨ ᠃ ᠭᠤᠷᠪᠠ ᠪᠤᠯ ᠳᠡᠮᠳᠡᠭᠯᠡᠭᠴᠢ ᠳᠦ ᠴᠢᠭᠯᠡᠭᠦᠯᠦᠭᠰᠡᠨ ᠪᠤᠯᠪᠠᠰᠤᠷᠠᠯ ᠤᠨ ᠠᠵᠢᠯ ᠡᠷᠭᠡᠪᠰᠢ ᠴᠢᠬᠤᠯᠴᠢᠯᠠᠨ ᠦᠵᠡᠬᠦ ᠬᠡᠷᠡᠭᠲᠡᠢ ᠃ ᠲᠦᠷᠪᠡ ᠪᠤᠯ ᠤᠯᠠᠨ ᠢᠶᠠᠷ ᠢᠶᠠᠨ ᠬᠠᠤᠯᠢ ᠴᠠᠭᠠᠵᠠ ᠶᠢᠨ ᠦᠬᠡᠷᠡᠴᠢᠯᠡᠯᠲᠡ ᠶᠢᠨ ᠳᠠᠪᠤᠨ ᠵᠢᠯ ᠦᠨ ᠰᠢᠯᠵᠢᠯᠲᠡ ᠶᠢᠨ ᠬᠤᠭᠤᠴᠠᠭᠠᠨ ᠤ ᠠᠰᠢᠭᠲᠠᠢ ᠳᠤᠬᠢᠶᠠᠯ ᠢ ᠠᠳᠬᠤᠵᠤ ᠂ ᠴᠢᠳᠠᠬᠤ ᠶᠢᠨ ᠳᠤᠳᠤᠷ᠎ᠠ ᠬᠠᠤᠯᠢ ᠴᠠᠭᠠᠵᠠ ᠶᠢᠨ ᠰᠢᠯᠭᠠᠯᠲᠠ ᠶᠢ ᠦᠩᠭᠡᠷᠡᠵᠦ ᠂ ᠳᠡᠮᠳᠡᠭᠯᠡᠭᠴᠢ ᠶᠢᠨ ᠠᠵᠢᠯ ᠤᠨ ᠪᠠᠢᠷᠢ ᠪᠠᠨ ᠪᠠᠳᠤᠯᠠᠵᠤ ᠂ ᠰᠢᠬᠦᠬᠦ ᠬᠤᠷᠢᠶᠠᠨ ᠤ ᠶᠡᠬᠡ ᠳᠠᠯ᠎ᠠ ᠶᠢᠨ ᠠᠵᠢᠯ  ᠢ ᠪᠤᠳᠤᠯᠬᠢᠯᠠᠵᠤ ᠂ ᠦᠪᠡᠷ ᠦᠨ ᠪᠡᠶ᠎ᠠ ᠪᠠᠨ ᠳᠠᠰᠤᠷᠤᠯᠲᠠ ᠦᠭᠡᠢ ᠳᠡᠭᠡᠭᠰᠢᠯᠡᠬᠦᠯᠦᠨ᠎ᠠ ᠃

     ᠯᠢ ᠬᠤᠷᠢᠶᠠᠨ ᠳᠠᠷᠤᠭ᠎ᠠ ᠪᠦᠬᠦ ᠳᠡᠮᠳᠡᠭᠯᠡᠭᠴᠢ ᠨᠠᠷ ᠲᠤ ᠳᠤᠤᠷᠠᠬᠢ ᠬᠡᠳᠦᠨ ᠱᠠᠭᠠᠷᠳᠠᠯᠭ᠎ᠠ ᠳᠤᠷᠠᠳᠤᠪᠠ ᠄ ᠨᠢᠬᠡ ᠪᠤᠯ 《ᠳᠠᠪᠤᠨ ᠠᠵᠢᠯᠴᠢ》ᠰᠡᠳᠬᠢᠯ ᠳᠠᠯᠪᠢᠨ ᠬᠢᠬᠦ ᠬᠡᠷᠡᠭᠲᠡᠢ ᠂ ᠳᠠᠷᠤᠢ ᠨᠢᠳᠤ ᠠᠵᠢᠯᠴᠢ ᠂ ᠴᠢᠬᠢ ᠠᠵᠢᠯᠴᠢ ᠂ ᠠᠮᠠ ᠠᠵᠢᠯᠴᠢ ᠂ ᠭᠠᠷ ᠠᠵᠢᠯᠴᠢ᠂ ᠬᠦᠯ ᠠᠵᠢᠯᠴᠢ᠃ ᠳᠡᠮᠳᠡᠭᠯᠡᠭᠴᠢ ᠡᠷᠬᠡᠪᠰᠢ ᠶᠠᠪᠤᠳᠠᠯ ᠢ ᠳᠤᠳᠤᠷᠬᠠᠢ ᠤᠯᠵᠤ ᠬᠠᠷᠠᠪᠠᠯ ᠰᠠᠶᠢ ᠳᠤᠳᠤᠷᠬᠠᠢ ᠬᠡᠯᠡᠵᠦ ᠳᠡᠢᠯᠦᠨ᠎ᠠ ᠃ ᠲᠢᠩᠬᠢᠮ ᠦᠨ ᠰᠢᠬᠦᠯᠲᠡ ᠶᠢᠨ ᠳᠡᠮᠳᠡᠭᠯᠡᠯ ᠳᠤᠬᠠᠢ ᠶᠢᠨ ᠬᠦᠮᠦᠨ ᠦ ᠬᠡᠯᠡᠭᠰᠡᠨ ᠤᠤᠯ ᠦᠬᠡ ᠪᠢᠰᠢ ᠴᠤ ᠪᠠᠢᠵᠤ ᠪᠤᠯᠤᠨ᠎ᠠ ᠂ ᠬᠡᠪᠡᠴᠦ ᠡᠷᠬᠡᠪᠰᠢ ᠳᠤᠬᠠᠢ ᠶᠢᠨ ᠬᠦᠮᠦᠨ ᠦ ᠬᠡᠯᠡᠭᠰᠡᠨ ᠦᠬᠡ ᠶᠢᠨ ᠤᠤᠯ ᠤᠳᠬ᠎ᠠ ᠪᠠᠢᠬᠤ ᠬᠡᠷᠡᠭᠲᠡᠢ ᠃ ᠵᠠᠷᠭᠤ ᠬᠢᠬᠦ ᠠᠯᠬᠤᠮ ᠳᠠᠷᠠᠭ᠎ᠠ ᠶᠢ ᠡᠵᠡᠮᠰᠢᠵᠤ ᠂ ᠴᠠᠭ ᠳᠤᠬᠠᠢ ᠳᠤ ᠰᠢᠬᠦᠨ ᠳᠠᠰᠤᠯᠠᠭᠴᠢ ᠳᠠᠷᠤᠭ᠎ᠠ ᠂ ᠬᠠᠮᠲᠤᠷᠠᠨ ᠵᠦᠪᠯᠡᠬᠦ ᠲᠢᠩᠬᠢᠮ ᠲᠠᠢ ᠠᠮᠢᠳᠤᠯᠢᠭ ᠶᠠᠷᠢᠯᠴᠠᠬᠤ ᠬᠡᠷᠡᠭᠲᠡᠢ ᠃ ᠭᠠᠷ ᠠᠴᠠ ᠪᠠᠨ ᠪᠢᠷ ᠰᠠᠯᠭᠠᠬᠤ ᠦᠬᠡᠢ ᠂ ᠡᠯ᠎ᠡ ᠨᠠᠷᠢᠨ ᠵᠦᠢᠯ ᠢ ᠠᠨᠳᠠᠬᠤ ᠦᠬᠡᠢ ᠮᠦᠷᠲᠡᠭᠡᠨ ᠪᠤᠷᠤᠭᠤ ᠭᠠᠷᠭᠠᠬᠤ ᠦᠬᠡᠢ ᠃ ᠢᠳᠡᠪᠬᠢᠲᠠᠢ ᠵᠠᠷᠤᠭᠳᠠᠵᠤ ᠂ ᠡᠯ᠎ᠠ ᠲᠦᠷᠦᠯ ᠦᠨ ᠪᠤᠳᠤᠯᠢᠶᠠᠨᠲᠠᠢ ᠶᠠᠪᠤᠳᠠᠯ ᠢ ᠰᠠᠢᠳᠤᠷ ᠰᠢᠢᠳᠪᠦᠷᠢᠯᠡᠨ᠎ᠠ ᠃ ᠬᠤᠶᠠᠷ ᠪᠤᠯ《ᠭᠤᠷᠪᠠᠨ ᠴᠢᠳᠠᠬᠤ》 ᠶᠢ ᠰᠡᠳᠬᠢᠯ ᠳᠠᠯᠪᠢᠨ ᠪᠡᠶᠡᠯᠡᠬᠦᠯᠬᠦ ᠬᠡᠷᠡᠭᠲᠡᠢ ᠂ ᠳᠠᠷᠤᠢ ᠰᠤᠷᠤᠯᠴᠠᠬᠤ ᠶᠢ ᠰᠤᠷᠤᠯᠴᠠᠵᠤ ᠴᠢᠳᠠᠬᠤ ᠂ ᠳᠠᠪᠲᠠᠨ ᠪᠤᠯᠪᠠᠰᠤᠷᠠᠯ ᠢ ᠴᠢᠳᠠᠬᠤ᠂ ᠲᠦᠪ ᠴᠢᠩᠭ᠎ᠠ ᠶᠢ ᠴᠢᠳᠠᠬᠤ ᠪᠤᠯᠤᠨ᠎ᠠ ᠃ ᠠᠷᠪᠢᠨ ᠨᠤᠮ ᠦᠵᠡᠵᠦ ᠂ ᠰᠠᠢᠨ ᠨᠤᠮ ᠦᠵᠡᠵᠦ ᠂ ᠨᠤᠮ ᠳᠡᠪᠳᠡᠷ ᠡᠴᠡ ᠰᠤᠷᠤᠯᠴᠠᠨ ᠂ ᠦᠢᠯᠡᠳᠦᠯᠭᠡ ᠡᠴᠡ ᠰᠤᠷᠤᠯᠴᠠᠨ ᠂ ᠲᠠᠰᠤᠷᠠᠯᠲᠠ ᠦᠬᠡᠢ ᠦᠪᠡᠷ ᠦᠨ ᠪᠡᠶ᠎ᠠ ᠪᠠᠨ ᠲᠡᠭᠦᠯᠳᠡᠷᠵᠢᠭᠦᠯᠵᠦ ᠳᠡᠭᠡᠭᠰᠢᠯᠡᠬᠦᠯᠵᠦ ᠂ ᠦᠪᠡᠷ ᠦᠨ ᠪᠡᠶ᠎ᠠ ᠪᠠᠨ ᠳᠠᠪᠳᠠᠨ ᠪᠤᠯᠪᠠᠰᠤᠷᠠᠭᠤᠯᠠᠨ᠎ᠠ ᠃ ᠳᠡᠮᠳᠡᠭᠯᠡᠭᠴᠢ ᠨᠢᠭᠤᠴᠠ ᠬᠠᠮᠠᠭᠠᠯᠠᠬᠤ ᠦᠵᠡᠯ ᠤᠬᠠᠮᠰᠠᠷ ᠢᠶᠠᠨ ᠴᠢᠩᠭᠠᠳᠬᠠᠵᠤ ᠂ ᠦᠵᠡᠯ ᠰᠠᠨᠠᠭ᠎ᠠ ᠨᠠᠷᠢᠨ ᠨᠢᠭᠳᠠ ᠂ ᠪᠦᠷᠢᠨ ᠬᠦᠢᠴᠡᠳ ᠪᠠᠢᠵᠤ ᠂ ᠪᠦᠷᠢᠨ ᠳᠡᠬᠦᠯᠳᠡᠷ ᠪᠠᠢᠬᠤ ᠪᠠᠷ ᠴᠢᠷᠮᠠᠢᠬᠤ ᠬᠡᠷᠡᠭᠲᠡᠢ ᠃ ᠭᠤᠷᠪᠠ ᠪᠤᠯ ᠪᠢᠳᠡᠨ ᠦ ᠳᠡᠮᠳᠡᠭᠯᠡᠭᠴᠢ ᠶᠢᠨ ᠡᠩᠨᠡᠭᠡ ᠪᠤᠯ ᠨᠢᠬᠡᠨ ᠵᠠᠯᠠᠭᠤ ᠂ ᠴᠤᠭ ᠪᠠᠳᠠᠷᠠᠩᠭᠤᠢ ᠡᠩᠨᠡᠭᠡ ᠪᠠᠢᠵᠤ ᠂ ᠵᠠᠯᠠᠭᠤ ᠬᠦᠮᠦᠨ ᠪᠤᠯ ᠳᠠᠷᠤᠢ ᠡᠷᠭᠡᠪᠰᠢ ᠰᠡᠳᠬᠢᠯ ᠳᠠᠯᠪᠢᠵᠤ ᠂ ᠰᠡᠳᠬᠢᠯ ᠳᠠᠯᠪᠢᠨ ᠰᠤᠷᠤᠯᠴᠠᠵᠤ ᠂ ᠰᠡᠳᠬᠢᠯ ᠳᠠᠯᠪᠢᠨ ᠶᠠᠪᠤᠳᠠᠯ ᠬᠢᠵᠦ ᠂ ᠨᠢᠳᠦᠨ ᠡᠮᠦᠨᠡᠬᠢ ᠠᠵᠢᠯ ᠢᠶᠠᠨ ᠵᠦᠢ ᠵᠤᠬᠢᠰᠲᠠᠢ ᠲᠦᠯᠦᠪᠯᠡᠵᠦ ᠂ ᠮᠢᠩᠭᠠᠨ ᠭᠠᠵᠠᠷ ᠤᠨ ᠠᠶᠠᠨ ᠵᠠᠮ ᠬᠦᠯ ᠳᠤᠤᠷ᠎ᠠ ᠠᠴᠠ ᠡᠬᠢᠯᠡᠨ᠎ᠠ ᠃

    ᠶᠠᠷᠢᠯᠴᠠᠭᠠᠨ ᠤ ᠰᠠᠭᠤᠳᠠᠯ ᠤᠨ ᠬᠤᠷᠠᠯ ᠳᠠᠭᠤᠰᠤᠭᠰᠠᠨ ᠤ ᠳᠠᠷᠠᠭ᠎ᠠ ᠂ ᠢᠷᠭᠡᠨ ᠦ ᠬᠡᠷᠡᠭ  ᠦᠨ ᠵᠢᠷᠭᠤᠳᠤᠭᠠᠷ ᠲᠢᠩᠬᠢᠮ ᠦᠨ ᠳᠠᠷᠤᠭ᠎ᠠ ᠸᠠᠩ ᠰᠢᠦᠸᠠᠢ ᠵᠢᠶᠦ᠋ᠨ ᠳᠤᠤᠷᠠᠬᠢ ᠳᠠᠪᠤᠨ ᠳᠠᠯ᠎ᠠ ᠪᠠᠷ ᠪᠦᠬᠦ ᠳᠡᠮᠳᠡᠭᠯᠡᠭᠴᠢ ᠳᠦ ᠶᠠᠷᠢᠶ᠎ᠠ ᠢᠯᠡᠳᠬᠡᠯ ᠬᠢᠪᠡ ᠄ ᠨᠢᠬᠡ ᠪᠤᠯ ᠳᠡᠮᠳᠡᠭᠯᠡᠭᠴᠢ ᠬᠠᠤᠯᠢ ᠴᠠᠭᠠᠵᠠ ᠶᠢᠨ ᠦᠬᠡᠷᠡᠴᠢᠯᠡᠯᠲᠡ ᠳᠤᠮᠳᠠᠬᠢ ᠳᠤᠭᠳᠠᠴᠠ ᠵᠢᠴᠢ ᠳᠤᠰ ᠰᠢᠬᠦᠬᠦ ᠬᠤᠷᠢᠶᠠᠨ ᠤ ᠳᠡᠮᠳᠡᠭᠯᠡᠭᠴᠢ ᠶᠢᠨ ᠦᠨᠳᠦᠰᠦᠨ ᠪᠠᠢᠳᠠᠯ(ᠬᠠᠨᠳᠤᠰᠢ ᠶᠢ ᠵᠠᠳᠠᠯᠤᠪᠠ)᠃ ᠬᠤᠶᠠᠷ ᠪᠤᠯ ᠳᠡᠮᠳᠡᠭᠯᠡᠭᠴᠢ ᠶᠢᠨ ᠦᠨᠳᠦᠰᠦᠨ ᠡᠬᠦᠷᠭᠡ ᠳᠤᠰᠢᠶᠠᠯ ᠃ ᠭᠤᠷᠪᠠ ᠪᠤᠯ ᠳᠡᠮᠳᠡᠭᠯᠡᠭᠴᠢ ᠪᠦᠷᠢᠯᠳᠦᠬᠦᠯᠪᠡᠰᠦ ᠵᠤᠬᠢᠬᠤ ᠦᠨᠳᠦᠰᠦᠨ ᠬᠡᠪ ᠰᠤᠷᠳᠠᠯ ᠪᠤᠯᠤᠨ ᠳᠤᠬᠠᠢᠯᠠᠭᠰᠠᠨ ᠠᠵᠢᠯ ᠤᠨ ᠴᠢᠳᠠᠪᠤᠷᠢ ᠃ ᠲᠦᠷᠪᠡ ᠪᠤᠯ ᠪᠤᠷᠤᠭᠤ ᠳᠠᠯ᠎ᠠ ᠶᠢᠨ ᠬᠡᠷᠡᠭ ᠦᠨ ᠵᠢᠱᠢᠶ᠎ᠠ ᠳᠠᠳᠠᠬᠤ ᠪᠠᠷ ᠳᠠᠮᠵᠢᠵᠤ ᠳᠤᠰ ᠰᠢᠬᠦᠬᠦ ᠬᠤᠷᠢᠶᠠᠨ ᠤ ᠳᠡᠮᠳᠡᠭᠯᠡᠭᠴᠢ ᠶᠢᠨ ᠠᠵᠢᠯ ᠤᠨ ᠳᠤᠮᠳᠠᠬᠢ ᠤᠷᠤᠰᠢᠵᠤ ᠪᠠᠢᠬᠤ ᠠᠰᠠᠭᠤᠳᠠᠯ ᠢ  ᠵᠠᠳᠠᠯᠤᠯᠲᠠ ᠬᠢᠪᠡ ᠃ ᠳᠠᠪᠤ ᠪᠤᠯ ᠳᠡᠮᠳᠡᠭᠯᠡᠭᠴᠢ ᠶᠢᠨ ᠠᠵᠢᠯ ᠢ ᠰᠠᠢᠨ ᠬᠢᠬᠦ  ᠶᠢᠨ ᠳᠤᠬᠠᠢ ᠬᠡᠳᠦᠨ ᠰᠠᠨᠠᠯ ᠳᠤᠷᠠᠳᠤᠪᠠ ᠃

     ᠳᠡᠮᠳᠡᠭᠯᠡᠭᠴᠢ ᠨᠢ ᠰᠢᠬᠦᠬᠦ ᠬᠦᠢᠴᠡᠳᠬᠡᠬᠦ ᠪᠦᠲᠦᠮᠵᠢ ᠶᠢ ᠳᠡᠭᠡᠭᠰᠢᠯᠡᠬᠦᠯᠬᠦ ᠂ ᠰᠢᠬᠦᠬᠦ ᠬᠦᠢᠴᠡᠳᠬᠡᠬᠦ ᠠᠵᠢᠯ  ᠢ ᠲᠦᠯᠬᠢᠨ ᠠᠬᠢᠭᠤᠯᠬᠤ ᠳᠠᠯ᠎ᠠ ᠪᠠᠷ ᠤᠷᠤᠯᠠᠵᠤ ᠳᠡᠢᠯᠬᠦ ᠦᠬᠡᠢ ᠦᠢᠯᠡᠳᠦᠯ ᠳᠠᠢ ᠂ ᠰᠢᠬᠦᠬᠦ ᠬᠦᠢᠴᠡᠳᠬᠡᠬᠦ ᠠᠵᠢᠯ ᠤᠨ《ᠳᠤᠰᠠᠯᠠᠭᠤᠷ ᠳᠤᠰᠤ》ᠪᠠ《ᠬᠠᠪᠰᠤᠷᠤᠭᠴᠢ ᠬᠦᠴᠦᠨ》ᠭᠡᠵᠦ ᠲᠦᠷᠰᠦᠯᠡᠳᠡᠭ ᠂ ᠳᠡᠭᠦᠨ ᠦ ᠭᠡᠪ ᠴᠢᠨᠠᠷ ᠪᠠ ᠴᠢᠳᠠᠪᠤᠷᠢ ᠨᠢ ᠰᠢᠬᠦᠬᠦ ᠳᠠᠰᠤᠯᠠᠬᠤ ᠠᠵᠢᠯ ᠤᠨ ᠶᠠᠪᠤᠴᠠ ᠪᠠ ᠴᠢᠨᠠᠷ ᠢ ᠰᠢᠭᠤᠳ ᠨᠦᠯᠦᠭᠡᠯᠡᠵᠦ ᠪᠠᠢᠳᠠᠭ ᠃ ᠳᠤᠰ ᠤᠳᠠᠭᠠᠨ ᠤ ᠳᠡᠮᠳᠡᠭᠯᠡᠭᠴᠢ ᠶᠢᠨ ᠪᠤᠯᠪᠠᠰᠤᠷᠠᠯ ᠤᠨ ᠠᠩᠬᠢ ᠶᠢᠨ ᠭᠤᠤᠯ ᠵᠤᠷᠢᠯᠲᠠ ᠪᠤᠯ ᠳᠡᠮᠳᠡᠭᠯᠡᠭᠴᠢ ᠶᠢᠨ ᠠᠵᠢᠯ ᠤᠨ ᠪᠠᠢᠷᠢ ᠶᠢᠨ ᠪᠤᠯᠪᠠᠰᠤᠷᠠᠯ ᠪᠠ ᠠᠵᠢᠯ ᠤᠨ ᠪᠠᠢᠷᠢ ᠪᠠᠨ ᠬᠠᠢᠷᠠᠯᠠᠬᠤ ᠦᠵᠡᠯ ᠤᠬᠠᠮᠰᠠᠷ ᠪᠠ ᠠᠵᠢᠯᠯᠠᠬᠤ ᠬᠠᠯᠠᠭᠤᠨ ᠰᠡᠳᠬᠢᠯ ᠢ ᠬᠦᠢᠴᠡᠳ ᠤᠷᠠᠮᠰᠢᠭᠤᠯᠬᠤ ᠪᠤᠯᠤᠨ᠎ᠠ ᠂ ᠤᠯᠠᠮ ᠨᠢᠬᠡ ᠠᠯᠬᠤᠮ ᠳᠡᠮᠳᠡᠭᠯᠡᠭᠴᠢ ᠶᠢᠨ ᠦᠢᠯᠡᠴᠢᠯᠡᠬᠡ ᠪᠠ ᠰᠢᠬᠦᠨ ᠳᠠᠰᠤᠯᠤᠯᠲᠠ ᠶᠢᠨ ᠠᠵᠢᠯ  ᠢ ᠪᠠᠳᠤᠯᠠᠬᠤ ᠴᠢᠳᠠᠪᠤᠷᠢ ᠪᠠ ᠬᠢᠷᠢ ᠲᠦᠪᠰᠢᠨ ᠢ ᠳᠡᠭᠡᠭᠰᠢᠯᠡᠬᠦᠯᠵᠦ ᠂ ᠮᠠᠨ ᠤ ᠬᠤᠷᠢᠶᠠᠨ ᠤ ᠡᠯ᠎ᠠ ᠳᠠᠯ᠎ᠠ ᠶᠢᠨ ᠰᠢᠬᠦᠬᠦ ᠬᠦᠢᠴᠡᠳᠬᠡᠬᠦ ᠠᠵᠢᠯ ᠤᠨ ᠳᠡᠭᠡᠭᠰᠢᠯᠡᠯᠲᠡ ᠳᠦ ᠪᠦᠬᠦ ᠳᠠᠯ᠎ᠠ ᠶᠢᠨ ᠰᠠᠭᠤᠷᠢ ᠳᠠᠯᠪᠢᠬᠤ ᠪᠤᠯᠤᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )