ᠵᠠᠭᠠᠯᠳᠤᠭᠳᠠᠭᠴᠢ ᠵᠢᠨ ᠵᠦ  ᠶᠢᠨ ᠵᠤᠷᠢᠭᠤᠳᠠ ᠬᠡᠮᠳᠦᠭᠡᠭᠰᠡᠨ ᠬᠡᠷᠡᠭ ᠦᠨᠦᠳᠦᠷ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠳᠤ ᠨᠢᠬᠡᠳᠦᠭᠡᠷ ᠰᠢᠬᠦᠯᠲᠡ ᠶᠢ ᠢᠯᠡ ᠪᠡᠷ
2016.12.20 ᠲᠣᠰ ᠥᠷᠲᠡᠭᠡᠨ ᠦ ᠨᠠᠢᠷᠠᠭᠤᠯᠤᠭᠴᠢ

ᠵᠠᠭᠠᠯᠳᠤᠭᠳᠠᠭᠴᠢ ᠵᠢᠨ ᠵᠦ  ᠶᠢᠨ ᠵᠤᠷᠢᠭᠤᠳᠠ ᠬᠡᠮᠳᠦᠭᠡᠭᠰᠡᠨ ᠬᠡᠷᠡᠭ ᠦᠨᠦᠳᠦᠷ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶᠠᠨ ᠳᠤ ᠨᠢᠬᠡᠳᠦᠭᠡᠷ ᠰᠢᠬᠦᠯᠲᠡ ᠶᠢ ᠢᠯᠡ ᠪᠡᠷ ᠲᠢᠩᠬᠢᠮ ᠦᠨ ᠰᠢᠬᠦᠯᠲᠡ ᠬᠢᠪᠡ

 

 

 

 

 

 

 

 

    2016 ᠤᠨ ᠤ 12 ᠰᠠᠷᠠᠢᠨ 20 ᠡᠳᠦᠷ ᠂ ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠤᠷᠳᠤᠰ ᠬᠤᠳᠠ ᠶᠢᠨ ᠠᠷᠠᠳ ᠤᠨ ᠪᠠᠢᠴᠠᠭᠠᠬᠤ ᠬᠤᠷᠢᠶ᠎ᠠ  ᠠᠴᠠ ᠵᠠᠭᠠᠯᠳᠤᠭᠳᠠᠭᠴᠢ ᠵᠢᠨ ᠵᠦ ᠶᠢᠨ ᠵᠤᠷᠢᠭᠤᠳᠠ ᠬᠡᠮᠳᠦᠭᠡᠭᠰᠡᠨ ᠬᠡᠷᠡᠭ ᠢ ᠢᠯᠡ ᠲᠢᠩᠬᠢᠮ ᠦᠨ ᠰᠢᠬᠦᠯᠲᠡ ᠬᠢᠪᠡ ᠃

    ᠤᠷᠳᠤᠰ ᠬᠤᠳᠠ ᠶᠢᠨ ᠠᠷᠠᠳ ᠤᠨ ᠪᠠᠢᠴᠠᠭᠠᠬᠤ ᠬᠤᠷᠢᠶ᠎ᠠ ᠵᠠᠭᠠᠯᠳᠤᠭᠰᠠᠨ ᠨᠢ ᠄ ᠵᠠᠭᠠᠯᠳᠤᠭᠳᠠᠭᠴᠢ ᠵᠢᠨ ᠵᠦ ᠬᠣᠣᠷᠠᠯᠠᠭᠳᠠᠭᠴᠢ  ᠬᠤᠩ ᠮᠸᠢ ᠲᠠᠢ ᠡᠷ᠎ᠠ ᠡᠮ᠎ᠠ ᠶᠢᠨ ᠬᠠᠷᠢᠴᠠᠭ᠎ᠠ ᠲᠠᠢ ᠂ ᠵᠠᠭᠠᠯᠳᠤᠭᠳᠠᠭᠴᠢ ᠵᠢᠨ ᠵᠦ ᠤᠤᠯ ᠨᠢ ᠬᠣᠣᠷᠠᠯᠠᠭᠳᠠᠭᠴᠢ ᠬᠤᠩ ᠮᠸᠢ  ᠳᠤ ᠤᠯᠠᠨ ᠤᠳᠠᠭᠠᠨ ᠤ ᠬᠡᠷ ᠪᠦᠯᠢ ᠶᠢᠨ ᠬᠦᠴᠦᠷᠭᠡᠭᠯᠡᠯ ᠦᠨ ᠦᠢᠯᠡ ᠠᠵᠢᠯᠯᠠᠭ᠎ᠠ ᠲᠠᠢ ᠃ 2016 ᠤᠨ ᠤ 4 ᠰᠠᠷᠠᠢᠨ 5 ᠡᠳᠦᠷ ᠦᠳᠡ ᠶᠢᠨ ᠬᠤᠢᠨ᠎ᠠ ᠠᠵᠢᠯ ᠠᠴᠠ ᠪᠠᠭᠤᠭᠰᠠᠨ ᠤ ᠳᠠᠷᠠᠭ᠎ᠠ ᠂ ᠵᠠᠭᠠᠯᠳᠤᠭᠳᠠᠭᠴᠢ ᠵᠢᠨ ᠵᠦ ᠬᠣᠣᠷᠠᠯᠠᠭᠳᠠᠭᠴᠢ ᠬᠤᠩ ᠮᠸᠢ ᠭᠠᠳᠠᠭᠰᠢ ᠭᠠᠷᠴᠤ ᠪᠤᠳᠠᠭᠠᠯᠠᠭ᠎ᠠ  ᠬᠢᠭᠰᠡᠨ ᠳᠦ ᠳᠤᠷ᠎ᠠ ᠦᠭᠡᠢᠴᠡᠭᠰᠡᠨ ᠪᠠᠢᠨ᠎ᠠ ᠃ ᠳᠤᠬᠠᠢ ᠡᠳᠦᠷ ᠦᠨ ᠰᠦᠨᠢ ᠶᠢᠨ 21 ᠴᠠᠭ ᠠᠴᠠ ᠡᠬᠢᠯᠡᠨ ᠂ ᠵᠠᠭᠠᠯᠳᠤᠭᠳᠠᠭᠴᠢ ᠵᠢᠨ ᠵᠦ ᠥᠪᠡᠷᠲᠡᠭᠡᠨ ᠭᠡᠷ ᠲᠦ ᠪᠡᠨ ᠠᠷᠢᠬᠢ ᠤᠤᠭᠤᠵᠤ ᠂ ᠳᠤᠰ ᠬᠤᠭᠤᠴᠠᠭᠠᠨ ᠳᠤ ᠤᠯᠠᠨ ᠤᠳᠠᠭ᠎ᠠ ᠬᠣᠣᠷᠠᠯᠠᠭᠳᠠᠭᠴᠢ ᠬᠤᠩ ᠮᠸᠢ ᠳᠦ ᠤᠳᠠᠰᠤᠳᠠᠵᠤ ᠂ ᠭᠡᠪᠡᠴᠦ ᠬᠣᠣᠷᠠᠯᠠᠭᠳᠠᠭᠴᠢ ᠶᠢᠨ ᠭᠠᠷ ᠤᠳᠠᠰᠤ ᠬᠠᠭᠠᠭᠰᠠᠨ ᠪᠠᠢᠨ᠎ᠠ ᠃ 23 ᠴᠠᠭ 30 ᠮᠢᠨᠦ᠋ᠲ ᠪᠤᠯᠤᠭᠰᠠᠨ ᠳᠤ ᠂ ᠵᠠᠭᠠᠯᠳᠤᠭᠳᠠᠭᠴᠢ ᠵᠢᠨ ᠵᠦ ᠲᠡᠷᠭᠡ ᠵᠢᠯᠤᠭᠤᠳᠤᠨ ᠬᠤᠩ ᠮᠸᠢ ᠶᠢ ᠡᠷᠢᠬᠦ ᠪᠡᠷ ᠭᠠᠷᠴᠤ ᠂ ᠰᠠᠭᠤᠭᠠᠯᠢ ᠳᠤᠭᠤᠷᠢᠭ ᠲᠤ ᠲᠦᠷᠢᠶᠡᠰᠦᠨ ᠲᠡᠷᠬᠡ ᠤᠷᠤᠵᠤ ᠢᠷᠡᠬᠦ ᠶᠢ ᠤᠯᠵᠤ ᠦᠵᠡᠪᠡ ᠂ ᠲᠡᠷᠭᠡᠨ ᠳᠡᠭᠡᠷ᠎ᠠ ᠠᠴᠠ ᠪᠠᠭᠤᠵᠤ ᠢᠷᠡᠭᠰᠡᠨ ᠨᠢ ᠬᠣᠣᠷᠠᠯᠠᠭᠳᠠᠭᠴᠢ ᠬᠤᠩ ᠮᠸᠢ ᠃ ᠵᠠᠭᠠᠯᠳᠤᠭᠳᠠᠭᠴᠢ ᠲᠡᠷᠭᠡᠨ ᠡᠴᠡ ᠪᠠᠭᠤᠵᠤ ᠬᠤᠩ ᠮᠸᠢ  ᠶᠢᠨ ᠨᠢᠭᠤᠷ ᠬᠡᠳᠦ ᠠᠯᠠᠭᠠᠳᠠᠵᠤ ᠂ ᠬᠣᠣᠷᠠᠯᠠᠭᠳᠠᠭᠴᠢ ᠭᠠᠵᠠᠷ ᠤᠨᠠᠭᠰᠠᠨ ᠳᠤ ᠲᠡᠭᠡᠷ᠎ᠠ ᠨᠢ ᠭᠡᠳᠦ ᠢᠰᠬᠦᠯᠦᠪᠡ ᠃ ᠡᠭᠦᠨ ᠦ ᠳᠠᠷᠠᠭ᠎ᠠ ᠬᠣᠣᠷᠠᠯᠠᠭᠳᠠᠭᠴᠢ ᠬᠤᠩ ᠮᠸᠢ ᠶᠢ ᠳᠦᠰᠢᠨ ᠲᠡᠷᠭᠡᠨ ᠠᠷᠤ ᠰᠠᠭᠤᠳᠠᠯ ᠳᠤ ᠪᠠᠨ ᠰᠠᠭᠤᠯᠭᠠᠵᠤ ᠂ ᠵᠢᠨ ᠵᠦ ᠵᠢᠯᠤᠭᠤᠳᠬᠤ ᠰᠠᠭᠤᠳᠠᠯ ᠠᠴᠠ ᠬᠤᠩ ᠮᠸᠢ ᠶᠢᠨ ᠬᠡᠵᠢᠬᠡ ᠶᠢ ᠪᠠᠵᠠᠵᠤ ᠲᠡᠷᠭᠡᠨ ᠠᠷᠤ ᠰᠠᠭᠤᠳᠠᠯ ᠤᠨ ᠰᠢᠯ ᠲᠠᠢ ᠬᠠᠷᠭᠤᠯᠪᠠ ᠃ ᠳᠠᠷᠠᠭ᠎ᠠ ᠨᠢ ᠬᠤᠶᠠᠭᠤᠯᠠ ᠬᠡᠷ ᠲᠦ ᠪᠡᠨ ᠬᠠᠷᠢᠭᠰᠠᠨ ᠤ ᠳᠠᠷᠠᠭ᠎ᠠ ᠬᠣᠣᠷᠠᠯᠠᠭᠳᠠᠭᠴᠢ ᠭᠠᠳᠠᠨ᠎ᠠ ᠭᠠᠷᠴᠤ ᠪᠤᠳᠠᠭᠠᠯᠠᠭ᠎ᠠ ᠬᠢᠭᠰᠡᠨ ᠤᠴᠢᠷ ᠢᠶᠠᠷ ᠬᠡᠷᠡᠭᠦᠯ ᠬᠢᠪᠡ ᠃ 2016 ᠤᠨ ᠤ 4 ᠰᠠᠷᠠᠢᠨ 6 ᠡᠳᠦᠷ ᠦᠨ 8 ᠴᠠᠭ ᠤᠨ ᠦᠶ᠎ᠠ ᠳᠤ ᠂ ᠬᠣᠣᠷᠠᠯᠠᠭᠳᠠᠭᠴᠢ ᠪᠡᠶ᠎ᠠ ᠡᠪ ᠦᠬᠡᠢ ᠰᠢᠯᠳᠠᠭᠠᠨ ᠢᠶᠠᠷ ᠠᠵᠢᠯ ᠤᠨ ᠭᠠᠵᠠᠷ ᠠᠴᠠ ᠴᠢᠯᠦᠭᠡ ᠠᠪᠴᠤ ᠠᠵᠢᠯᠯᠠᠭᠰᠠᠨ ᠦᠭᠡᠢ ᠃ ᠳᠤᠬᠠᠢ ᠡᠳᠦᠷ ᠦᠨ 13 ᠴᠠᠭ 40 ᠮᠢᠨᠦ᠋ᠲ ᠦᠨ ᠦᠶ᠎ᠠ ᠪᠠᠷ ᠂ ᠵᠠᠭᠠᠯᠳᠤᠭᠳᠠᠭᠴᠢ ᠵᠢᠨ ᠵᠦ ᠪᠤᠰᠤᠭᠰᠠᠨ ᠤ ᠳᠠᠷᠠᠭ᠎ᠠ ᠬᠦᠦ ᠪᠡᠨ ᠰᠤᠷᠭᠠᠭᠤᠯᠢ ᠳᠤ ᠬᠦᠷᠭᠡᠵᠦ ᠂ ᠬᠠᠷᠢᠵᠤ ᠢᠷᠡᠬᠦ ᠵᠠᠮ ᠳᠤ ᠪᠠᠨ ᠬᠤᠷᠰᠢᠶᠠᠨ ᠠᠴᠠ ᠨᠢᠬᠡ ᠯᠤᠩᠬᠤ ᠬᠠᠷ᠎ᠠ ᠠᠷᠢᠬᠢ ᠠᠪᠴᠤ ᠤᠤᠭᠤᠵᠤ ᠪᠠᠢᠭᠰᠠᠨ ᠳᠠᠷᠠᠭ᠎ᠠ ᠂ ᠪᠠᠰᠠ ᠨᠢᠬᠡ ᠯᠤᠩᠬᠤ ᠠᠪᠴᠤ 15 ᠴᠠᠭ 35 ᠮᠢᠨᠦ᠋ᠲ ᠳᠦ ᠭᠡᠷ ᠲᠦ ᠪᠡᠨ ᠬᠠᠷᠢᠵᠤ ᠦᠷᠬᠦᠯᠵᠢᠯᠡᠨ ᠤᠤᠭᠤᠪᠠ ᠃ 15 ᠴᠠᠭ 40 ᠮᠢᠨᠦ᠋ᠲ ᠦᠨ ᠦᠶ᠎ᠠ ᠳᠤ ᠂ ᠵᠠᠭᠠᠯᠳᠤᠭᠳᠠᠭᠴᠢ ᠵᠢᠨ ᠵᠦ ᠬᠣᠣᠷᠠᠯᠠᠭᠳᠠᠭᠴᠢ ᠬᠤᠩ ᠮᠸᠢ ᠬᠤᠶᠠᠳᠤᠭᠠᠷ ᠳᠠᠪᠬᠤᠷ ᠲᠤ ᠳᠠᠬᠢᠨᠲᠠ ᠬᠡᠷᠡᠬᠦᠯ ᠬᠢᠵᠦ ᠂ ᠳᠠᠬᠢᠨᠲᠠ ᠬᠣᠣᠷᠠᠯᠠᠭᠳᠠᠭᠴᠢ ᠬᠤᠩ ᠮᠸᠢ ᠶᠢ ᠴᠤᠬᠢᠪᠠ ᠃ ᠰᠡᠬᠦᠯᠡᠷ ᠨᠢ ᠵᠢᠨ ᠵᠦ ᠬᠣᠣᠷᠠᠯᠠᠭᠳᠠᠭᠴᠢ ᠬᠤᠩ ᠮᠸᠢ ᠤᠷᠤᠨ ᠤ ᠬᠦᠪᠡᠭᠡᠨ ᠳᠡᠭᠡᠷ᠎ᠠ ᠡᠯᠢᠭᠡᠳᠡᠨ ᠬᠡᠪᠳᠡᠵᠦ ᠴᠠᠭᠠᠨ ᠬᠦᠭᠡᠰᠦ ᠪᠡᠷ ᠪᠦᠬᠡᠯᠵᠢᠵᠦ ᠪᠠᠢᠬᠤ ᠶᠢ ᠰᠡᠷᠡᠵᠦ ᠮᠡᠳᠡᠭᠡᠳ᠂ 120 ᠲᠦᠷᠭᠡᠨ ᠠᠪᠤᠷᠠᠯᠲᠠ  ᠳᠤ ᠤᠳᠠᠰᠤᠳᠠᠪᠠ ᠂ 120 ᠲᠦᠷᠭᠡᠨ ᠠᠪᠤᠷᠠᠯᠲᠠ  ᠶᠢᠨ ᠳᠤᠬᠠᠢ ᠶᠢᠨ ᠳᠠᠯᠠᠪᠤᠷ ᠲᠤ ᠤᠴᠢᠬᠤ ᠦᠶᠡᠰ ᠬᠣᠣᠷᠠᠯᠠᠭᠳᠠᠭᠴᠢ ᠬᠤᠩ ᠮᠸᠢ ᠨᠢᠬᠡᠨᠲᠡ ᠠᠮᠢᠳᠤ ᠠᠵᠢᠯᠯᠠᠭᠠᠨ ᠤ ᠪᠠᠢᠳᠠᠯ ᠦᠭᠡᠢ ᠪᠠᠢᠵᠤ ᠂ ᠲᠦᠷᠭᠡᠨ ᠠᠪᠤᠷᠠᠯᠲᠠ ᠬᠢᠵᠦ ᠳᠤᠰᠠ ᠭᠠᠷᠤᠭᠰᠠᠨ ᠦᠬᠡᠢ ᠨᠠᠰᠤ ᠪᠠᠷᠠᠪᠠ ᠃ ᠤᠷᠳᠤᠰ ᠬᠤᠳᠠ ᠶᠢᠨ ᠠᠮᠤᠷ ᠢ ᠬᠠᠮᠠᠭᠠᠯᠠᠬᠤ ᠬᠠᠤᠯᠢ ᠴᠠᠭᠠᠵᠠ ᠶᠢᠨ ᠳᠤᠳᠤᠯᠠᠨ ᠪᠠᠢᠴᠠᠭᠠᠬᠤ ᠲᠦᠪ ᠳᠤᠳᠤᠷᠬᠠᠢᠯᠠᠭᠰᠠᠨ ᠨᠢ ᠂ ᠬᠣᠣᠷᠠᠯᠠᠭᠳᠠᠭᠴᠢ ᠬᠤᠩ ᠮᠸᠢ ᠲᠤᠯᠤᠭᠠᠢ ᠶᠢᠨ ᠬᠡᠰᠡᠭ ᠤᠯᠠᠨᠲᠠ ᠬᠠᠳᠠᠭᠤ ᠪᠡᠶᠡᠳᠦ ᠶᠢᠨ ᠭᠠᠳᠠᠭᠠᠳᠤ ᠬᠦᠴᠦᠨ ᠦ ᠦᠢᠯᠡᠳᠦᠯ ᠳᠤᠤᠷ᠎ᠠ ᠭᠠᠪᠠᠯᠠ ᠶᠢᠨ ᠶᠠᠰᠤᠨ ᠳᠤᠳᠤᠷ᠎ᠠ ᠴᠢᠰᠤ ᠭᠠᠷᠴᠤ ᠨᠠᠰᠤ ᠪᠠᠷᠠᠭᠰᠠᠨ ᠪᠠᠢᠨ᠎ᠠ ᠃

     ᠵᠠᠭᠠᠯᠳᠤᠭᠳᠠᠭᠴᠢ ᠵᠢᠨ ᠵᠦ ᠠᠯᠪᠠᠨ ᠵᠠᠭᠠᠯᠳᠤᠯᠭ᠎ᠠ ᠶᠢᠨ ᠪᠠᠢᠭᠤᠯᠭ᠎ᠠ ᠶᠢᠨ ᠵᠠᠭᠠᠯᠳᠤᠬᠤ ᠪᠢᠴᠢᠭ᠌ ᠦᠨ ᠵᠠᠭᠠᠯᠳᠤᠭᠰᠠᠨ ᠦᠨᠳᠦᠰᠦᠨ ᠶᠠᠯ᠎ᠠ ᠬᠢᠭᠰᠡᠨ ᠦᠨᠡᠨ ᠪᠤᠳᠠᠳᠠᠢ ᠶᠢ ᠰᠢᠬᠦᠯᠲᠡ ᠶᠢᠨ ᠲᠢᠩᠬᠢᠮ ᠳᠡᠭᠡᠷ᠎ᠠ ᠮᠡᠳᠡᠷᠡᠵᠦ ᠪᠠᠢᠨ᠎ᠠ ᠃

    ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠳᠤᠰ ᠬᠡᠷᠡᠭ ᠢ ᠡᠳᠦᠷ ᠰᠤᠩᠭᠤᠨ ᠰᠢᠬᠦᠨ ᠳᠠᠰᠤᠯᠠᠨ᠎ᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )