ᠮᠡᠳᠡᠭᠡ ᠵᠠᠩᠭᠢᠴᠢᠯᠠᠯᠲᠠ ᠶᠢᠨ ᠬᠡᠷᠡᠭᠯᠡᠭᠡ ᠶᠢᠨ ᠮᠡᠷᠭᠡᠵᠢᠯ ᠢ ᠴᠢᠩᠭᠠᠳᠬᠠᠵᠤ ᠂ ᠰᠢᠬᠦᠨ ᠳᠠᠰᠤᠯᠤᠯᠲᠠ ᠶᠢᠨ ᠠᠵᠢᠯ ᠢ ᠪᠦᠲᠦᠮᠵᠢ ᠶᠢ ᠳᠡᠭᠡᠭᠰᠢᠯᠡᠬᠦᠯᠵᠦ ᠂ ᠮᠡᠳᠡᠭᠡ ᠵᠠᠩᠭᠢᠴᠢᠯᠠᠯᠲᠠ ᠨᠢ ᠰᠢᠬᠦᠨ ᠳᠠᠰᠤᠯᠤᠯᠲᠠ ᠶᠢᠨ ᠠᠵᠢᠯ ᠳᠤ ᠨᠡᠩ ᠰᠠᠢᠨ ᠦᠢᠯᠡᠴᠢᠯᠡᠬᠦᠯᠬᠦ ᠶᠢᠨ ᠲᠦᠯᠦᠬᠡ ᠂ 11 ᠰᠠᠷᠠᠢᠨ 14 ᠡᠳᠦᠷ ᠡᠴᠡ 18 ᠡᠳᠦᠷ ᠪᠤᠯᠳᠠᠯ᠎ᠠ ᠂ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ ᠪᠡᠭᠡᠵᠢᠩ ᠦᠨ ᠬᠤᠸᠠ ᠢᠦᠢ ᠮᠡᠳᠡᠭᠡ ᠵᠠᠩᠬᠢ ᠶᠢᠨ ᠮᠡᠷᠭᠡᠵᠢᠯ ᠦᠨ ᠬᠢᠵᠠᠭᠠᠷᠲᠤ ᠺᠤᠮᠫᠠᠨᠢ ᠦᠪᠡᠷᠲᠡᠭᠡᠨ ᠵᠠᠰᠠᠬᠤ ᠤᠷᠤᠨ ᠤ ᠳᠡᠭᠡᠳᠦ ᠵᠡᠷᠬᠡ ᠶᠢᠨ ᠰᠢᠬᠦᠬᠦ ᠬᠤᠷᠢᠶᠠᠨ ᠤ ᠪᠠᠷᠢᠯᠭ᠎ᠠ ᠶᠢᠨ ᠭᠠᠵᠠᠷ ᠰᠠᠭᠤᠭ᠎ᠠ ᠢᠨᠵᠧᠨᠧᠷ ᠯᠢᠦ ᠱᠤᠸᠠᠩ ᠶᠠᠩ ᠂ ᠯᠢ ᠺᠠᠢ ᠶᠤᠸᠠᠨ ᠢ ᠤᠷᠢᠵᠤ ᠬᠡᠷᠡᠭ ᠳᠠᠩᠰᠠᠯᠠᠬᠤ ᠲᠢᠩᠬᠢᠮ ᠂ ᠵᠠᠷᠭᠤ ᠶᠢᠨ ᠦᠢᠯᠡᠴᠢᠯᠡᠭᠡᠨ ᠦ ᠲᠦᠪ ᠂ ᠳᠤᠬᠠᠢᠯᠠᠭᠰᠠᠨ ᠠᠵᠢᠯ ᠤᠨ ᠳᠠᠰᠤᠭ ᠂ ᠲᠠᠩᠰᠠ ᠡᠪᠬᠡᠮᠡᠯ ᠦᠨ ᠳᠠᠰᠤᠭ ᠵᠡᠷᠬᠡ ᠰᠠᠯᠠᠭ᠎ᠠ ᠮᠦᠴᠢᠷ ᠲᠦ ᠪᠦᠯᠦᠭ ᠬᠤᠪᠢᠶᠠᠨ ᠮᠡᠳᠡᠭᠡ ᠵᠠᠩᠬᠢᠴᠢᠯᠠᠯᠲᠠ ᠶᠢᠨ ᠬᠡᠷᠡᠭᠯᠡᠭᠡᠨ ᠦ ᠮᠡᠷᠭᠡᠵᠢᠯ ᠦᠨ ᠪᠤᠯᠪᠠᠰᠤᠷᠠᠯ ᠬᠢᠪᠡ ᠃
11 ᠰᠠᠷᠠᠢᠨ 14 ᠡᠳᠦᠷ ᠡᠴᠡ 15 ᠡᠳᠦᠷ ᠪᠤᠯᠲᠠᠯ᠎ᠠ ᠂ ᠪᠤᠯᠪᠠᠰᠤᠷᠠᠯ ᠤᠨ ᠪᠠᠭᠰᠢ ᠬᠡᠷᠡᠭ ᠳᠠᠩᠰᠠᠯᠠᠬᠤ ᠲᠢᠩᠬᠢᠮ ᠂ ᠵᠠᠷᠭᠤ ᠶᠢᠨ ᠦᠢᠯᠡᠴᠢᠯᠭᠡᠨ ᠦ ᠲᠦᠪ ᠂ ᠰᠢᠬᠦᠯᠲᠡ ᠶᠢᠨ ᠬᠠᠮᠢᠶᠠᠷᠤᠯᠲᠠ ᠶᠢᠨ ᠠᠯᠪᠠᠨ ᠭᠡᠷ ᠂ ᠳᠤᠬᠠᠢᠯᠠᠭᠰᠠᠨ ᠠᠵᠢᠯ ᠤᠨ ᠲᠢᠩᠬᠢᠮ ᠳᠠᠰᠤᠭ ᠂ ᠬᠦᠢᠴᠡᠳᠭᠡᠬᠦ ᠳᠤᠪᠴᠢᠶ᠎ᠠ ᠵᠢᠴᠢ ᠬᠠᠮᠢᠶ᠎ᠠ ᠪᠦᠬᠦᠢ ᠲᠢᠩᠬᠢᠮ ᠳᠠᠰᠤᠭ ᠤᠨ ᠬᠠᠷᠢᠭᠤᠴᠠᠯᠭᠠᠲᠠᠨ ᠳᠤ ᠬᠠᠨᠳᠤᠭᠤᠯᠤᠨ 《ᠰᠠᠨᠠᠭ᠎ᠠ ᠠᠮᠤᠷ ᠵᠠᠷᠭᠤ ᠬᠢᠬᠦ ᠰᠦᠯᠵᠢᠶᠠᠨ ᠤ ᠳᠠᠪᠴᠠᠩ》ᠬᠡᠷᠡᠭᠯᠡᠭᠡᠨ ᠦ ᠪᠤᠯᠪᠠᠰᠤᠷᠠᠯ ᠬᠢᠪᠡ ᠃ ᠪᠤᠯᠪᠠᠰᠤᠷᠠᠯ ᠤᠨ ᠠᠭᠤᠯᠭ᠎ᠠ ᠭᠤᠤᠯᠳᠠᠭᠤ ᠰᠦᠯᠵᠢᠶᠡᠨ ᠳᠡᠭᠡᠷ᠎ᠠ ᠬᠡᠷᠡᠭ ᠳᠠᠩᠰᠠᠯᠠᠬᠤ ᠵᠢᠴᠢ ᠰᠠᠨᠠᠭ᠎ᠠ ᠠᠮᠤᠷ ᠵᠠᠷᠭᠤ ᠬᠢᠬᠦ ᠰᠦᠯᠵᠢᠶᠠᠨ ᠦ ᠳᠠᠨᠢᠴᠠᠭᠤᠯᠭᠠ ᠪᠠ ᠡᠯ᠎ᠠ ᠲᠦᠷᠦᠯ ᠦᠨ ᠪᠦᠷᠳᠬᠡᠯ ᠂ ᠡᠯᠧᠺᠲ᠋ᠷᠣᠨ ᠳᠠᠮᠵᠢᠭᠤᠯᠭ᠎ᠠ ᠂ ᠪᠢᠴᠢᠭ᠌ ᠬᠠᠷ᠎ᠠ ᠶᠢ ᠰᠦᠯᠵᠢᠶᠡᠨ ᠳᠦ ᠭᠠᠷᠭᠠᠬᠤ ᠂ ᠬᠦᠢᠴᠡᠳᠬᠡᠯ ᠢᠳᠡᠬᠡᠯ ᠠᠯᠳᠠᠬᠤ ᠂ ᠬᠡᠷᠡᠭ ᠢ ᠨᠡᠢᠳᠡᠯᠡᠬᠦ ᠂ ᠡᠯ᠎ᠠ ᠲᠦᠷᠦᠯ ᠦᠨ ᠬᠢᠨᠠᠨ ᠵᠦᠪᠰᠢᠶᠡᠷᠡᠯ ᠢ ᠰᠢᠢᠳᠪᠦᠷᠢᠯᠡᠬᠦ ᠵᠡᠷᠬᠡ ᠬᠡᠰᠡᠭ ᠦᠨ ᠪᠤᠳᠠᠳᠠᠢ ᠠᠵᠢᠯᠯᠠᠭᠠᠨ ᠢ ᠪᠠᠭᠳᠠᠭᠠᠨ᠎ᠠ ᠃ ᠪᠤᠯᠪᠠᠰᠤᠷᠠᠯ ᠤᠨ ᠶᠠᠪᠤᠴᠠ ᠳᠤ᠂ ᠪᠤᠯᠪᠠᠰᠤᠷᠠᠯ ᠤᠨ ᠪᠠᠭᠰᠢ ᠰᠦᠯᠵᠢᠶᠡᠨ ᠳᠡᠭᠡᠷ᠎ᠠ ᠬᠡᠷᠡᠭ ᠳᠠᠩᠰᠠᠯᠠᠬᠤ ᠠᠯᠬᠤᠮ ᠳᠠᠷᠠᠭ᠎ᠠ ᠵᠢᠴᠢ ᠬᠢᠨᠠᠨ ᠳᠤᠭᠳᠠᠭᠠᠬᠤ ᠂ ᠡᠯᠧᠺᠲ᠋ᠷᠣᠨ ᠳᠠᠮᠵᠢᠭᠤᠯᠭ᠎ᠠ ᠶᠢᠨ ᠠᠯᠬᠤᠮ ᠳᠠᠷᠠᠭ᠎ᠠ ᠵᠢᠴᠢ ᠭᠤᠷᠪᠠᠨ ᠢᠯᠡ ᠪᠤᠯᠭᠠᠬᠤ ᠳᠠᠪᠴᠠᠩ ᠤᠨ ᠠᠵᠢᠯᠯᠠᠭᠠᠨ ᠤ ᠳᠤᠬᠠᠢ ᠳᠤᠬᠠᠢ ᠳᠠᠯᠠᠪᠤᠷ ᠤᠨ ᠦᠵᠡᠬᠦᠯᠬᠡ ᠬᠢᠭᠰᠡᠨ ᠮᠦᠷᠲᠡᠭᠡᠨ ᠪᠤᠯᠪᠠᠰᠤᠷᠠᠯ ᠳᠤ ᠤᠷᠤᠯᠴᠠᠭᠰᠠᠳ ᠤᠨ ᠠᠰᠠᠭᠤᠯᠲᠠ ᠶᠢ ᠨᠠᠷᠢᠯᠢᠭ ᠬᠠᠷᠢᠭᠤᠯᠪᠠ ᠃ ᠬᠠᠤᠯᠢ ᠴᠠᠭᠠᠵᠠ ᠶᠢ ᠢᠯᠡ ᠪᠤᠯᠭᠠᠬᠤ ᠶᠢ ᠲᠦᠯᠬᠢᠨ ᠠᠬᠢᠭᠤᠯᠬᠤ ᠪᠤᠯ ᠠᠷᠠᠳ ᠤᠨ ᠰᠢᠬᠦᠬᠦ ᠬᠤᠷᠢᠶ᠎ᠠ ᠬᠠᠤᠯᠢ ᠶᠤᠰᠤᠭᠠᠷ ᠰᠢᠬᠦᠨ ᠳᠠᠰᠤᠯᠤᠯᠲᠠ ᠶᠢᠨ ᠡᠭᠦᠷᠭᠡ ᠶᠢ ᠶᠠᠪᠤᠭᠳᠠᠭᠤᠯᠬᠤ ᠵᠠᠢᠯᠠᠰᠢ ᠦᠭᠡᠢ ᠱᠠᠭᠠᠷᠳᠠᠯᠭ᠎ᠠ ᠪᠠᠢᠵᠤ ᠂ ᠨᠡᠢᠭᠡᠮ ᠦᠨ ᠤᠯᠠᠨ ᠲᠦᠮᠡᠨ ᠬᠠᠤᠯᠢ ᠴᠠᠭᠠᠵᠠ ᠶᠢ ᠮᠡᠳᠡᠬᠦ ᠡᠷᠬᠡ ᠶᠢᠨ ᠬᠡᠷᠡᠭᠴᠡᠭᠡ ᠶᠢ ᠬᠠᠩᠭᠠᠬᠤ ᠱᠠᠭᠠᠷᠳᠠᠯᠭ᠎ᠠ ᠪᠠᠢᠵᠤ ᠂ ᠬᠠᠤᠯᠢ ᠴᠠᠭᠠᠵᠠ ᠡᠷᠭᠡ ᠳᠡᠭᠰᠢ ᠶᠢ ᠪᠡᠶᠡᠯᠡᠬᠦᠯᠵᠦ ᠂ ᠬᠠᠤᠯᠢ ᠴᠠᠭᠠᠵᠠ ᠶᠢᠨ ᠢᠳᠡᠬᠡᠬᠦᠯᠬᠦ ᠬᠦᠴᠦᠨ ᠢ ᠳᠡᠭᠡᠭᠰᠢᠯᠡᠬᠦᠯᠬᠦ ᠴᠢᠬᠤᠯᠠ ᠵᠠᠮ ᠮᠦᠨ ᠂ ᠮᠠᠨ ᠤ ᠬᠤᠷᠢᠶᠠᠨ ᠤ《ᠰᠠᠨᠠᠭ᠎ᠠ ᠠᠮᠤᠷ ᠵᠠᠷᠭᠤ ᠬᠢᠬᠦ ᠰᠦᠯᠵᠢᠶᠠᠨ ᠤ ᠳᠠᠪᠴᠠᠩ》ᠤᠳᠤ ᠵᠢᠩᠬᠢᠨᠢ ᠪᠡᠷ ᠡᠬᠢᠯᠡᠬᠦᠯᠵᠦ᠂ ᠬᠡᠷᠡᠭ ᠦᠨ ᠳᠤᠬᠠᠢ ᠶᠢᠨ ᠬᠦᠮᠦᠨ ᠂ ᠵᠠᠷᠭᠤ ᠳᠤ ᠤᠷᠤᠯᠴᠠᠭᠰᠠᠨ ᠬᠦᠮᠦᠨ ᠂ ᠨᠡᠢᠭᠡᠮ ᠦᠨ ᠤᠯᠠᠨ ᠲᠦᠮᠡᠨ ᠳᠦ ᠰᠢᠬᠦᠨ ᠳᠠᠰᠤᠯᠤᠯᠲᠠ ᠶᠢᠨ ᠠᠯᠬᠤᠮ ᠳᠠᠷᠠᠭ᠎ᠠ ᠶᠢᠨ ᠰᠤᠷᠠᠭ ᠵᠠᠩᠬᠢ ᠂ ᠰᠢᠬᠦᠨ ᠳᠠᠰᠤᠯᠤᠯᠲᠠ ᠶᠢᠨ ᠪᠢᠴᠢᠭ᠌ ᠦᠨ ᠰᠤᠷᠠᠭ ᠂ ᠬᠦᠢᠴᠡᠳᠬᠡᠬᠦ ᠰᠤᠷᠠᠭ ᠤᠨ ᠦᠢᠯᠡᠴᠢᠯᠡᠬᠡ ᠶᠢ ᠯᠠᠪᠯᠠᠬᠤ ᠶᠢ ᠬᠠᠩᠭᠠᠵᠤ ᠂ ᠳᠠᠩᠰᠠᠯᠠᠬᠤ ᠂ ᠰᠢᠬᠦᠬᠦ ᠂ ᠬᠦᠢᠴᠡᠳᠬᠡᠬᠦ ᠶᠠᠪᠤᠴᠠ ᠶᠢ ᠪᠦᠬᠦ ᠳᠠᠯ᠎ᠠ ᠢᠯᠡ ᠪᠤᠯᠭᠠᠬᠤ ᠶᠢ ᠲᠦᠯᠬᠢᠨ ᠠᠬᠢᠭᠤᠯᠤᠨ᠎ᠠ ᠃
11 ᠰᠠᠷᠠᠢᠨ 17 ᠡᠳᠦᠷ ᠂ ᠪᠤᠯᠪᠠᠰᠤᠷᠠᠯ ᠤᠨ ᠪᠠᠭᠰᠢ ᠰᠢᠬᠦᠬᠦ ᠬᠤᠷᠢᠶᠠᠨ ᠤ ᠪᠢᠴᠢᠭ᠌ ᠬᠠᠷ᠎ᠠ ᠶᠢ ᠤᠶᠤᠨᠳᠤ ᠨᠠᠢᠷᠠᠭᠤᠯᠤᠨ ᠪᠢᠴᠢᠬᠦ ᠰᠢᠰᠲ᠋ᠧᠮ ᠂ ᠪᠢᠴᠢᠭ᠌ ᠬᠠᠷ᠎ᠠ ᠶᠢ ᠤᠶᠤᠨᠳᠤ ᠬᠠᠷᠠᠭᠤᠯᠬᠤ ᠰᠢᠰᠲ᠋ᠧᠮ ᠂ ᠶᠠᠷᠢᠯᠴᠠᠭᠠᠨ ᠤ ᠬᠡᠷᠡᠭᠯᠡᠭᠡᠨ ᠦ ᠰᠢᠰᠲ᠋ᠧᠮ ᠪᠤᠯᠤᠨ ᠡᠯᠧᠺᠲ᠋ᠷᠣᠨ ᠲᠠᠩᠰᠠ ᠡᠪᠬᠡᠮᠡᠯ ᠦᠨ ᠬᠠᠮᠢᠶᠠᠷᠤᠯᠲᠠ ᠶᠢᠨ ᠰᠢᠰᠲ᠋ᠧᠮ ᠦᠨ ᠳᠤᠬᠠᠢ ᠨᠠᠷᠢᠯᠢᠭ ᠳᠠᠢᠯᠪᠤᠷᠢᠯᠭᠰᠠᠨ ᠪᠠ ᠳᠤᠬᠠᠢ ᠶᠢᠨ ᠳᠠᠯᠠᠪᠤᠷ ᠠᠵᠢᠯᠯᠠᠭᠠᠨ ᠤ ᠦᠵᠡᠬᠦᠯᠬᠡ ᠬᠢᠵᠦ ᠂ ᠰᠢᠰᠲ᠋ᠧᠮ ᠦᠨ ᠡᠳᠦᠷ ᠳᠤᠳᠤᠮ ᠤᠨ ᠬᠡᠷᠡᠭᠯᠡᠭᠡᠨ ᠦ ᠳᠤᠮᠳᠠ ᠤᠷᠤᠰᠢᠵᠤ ᠪᠠᠢᠬᠤ ᠠᠰᠠᠭᠤᠳᠠᠯ ᠳᠤ ᠭᠣᠣᠯᠳᠠᠯᠭ᠎ᠠ ᠲᠠᠢ ᠳᠠᠢᠯᠪᠤᠷᠢᠯᠠᠭᠰᠠᠨ ᠪᠠ ᠳᠠᠭᠤᠷᠢᠶᠠᠯ ᠦᠵᠡᠬᠦᠯᠵᠦ ᠂ ᠪᠠᠰᠠ ᠪᠦᠬᠦ ᠪᠤᠯᠪᠠᠰᠤᠷᠠᠯ ᠳᠤ ᠤᠷᠤᠯᠴᠠᠭᠰᠠᠳ ᠢ ᠵᠢᠯᠤᠭᠤᠳᠴᠤ ᠳᠠᠭᠤᠷᠢᠶᠠᠯ ᠠᠵᠢᠯᠯᠠᠭ᠎ᠠ ᠬᠢᠵᠦ ᠂ ᠳᠤᠬᠠᠢ ᠶᠢᠨ ᠳᠠᠯᠠᠪᠤᠷ ᠲᠤ ᠤᠷᠤᠯᠴᠭᠰᠠᠳ ᠤᠨ ᠪᠤᠳᠠᠳᠠᠢ ᠳᠤᠮᠳᠠ ᠳᠤᠬᠢᠶᠠᠯᠳᠤᠭᠰᠠᠨ ᠠᠰᠠᠭᠤᠳᠠᠯ ᠳᠤ ᠬᠠᠷᠢᠭᠤᠯᠳᠠ ᠬᠢᠵᠦ ᠂ ᠡᠯ᠎ᠠ ᠰᠢᠰᠲ᠋ᠧᠮ ᠢ ᠵᠦᠪ ᠬᠡᠷᠡᠭᠯᠡᠬᠦ ᠶᠢ ᠪᠣᠯᠪᠠᠰᠤᠷᠠᠩᠭᠤᠢ ᠡᠵᠡᠮᠰᠢᠬᠦ ᠶᠢ ᠪᠠᠳᠤᠯᠠᠪᠠ ᠃
11 ᠰᠠᠷᠠᠢᠨ 18 ᠡᠳᠦᠷ ᠦᠨ ᠦᠳᠡ ᠶᠢᠨ ᠡᠮᠦᠨ᠎ᠠ ᠂ ᠪᠤᠯᠪᠠᠰᠤᠷᠠᠯ ᠤᠨ ᠪᠠᠭᠰᠢ ᠵᠠᠷᠭᠤ ᠶᠢᠨ ᠦᠢᠯᠡᠴᠢᠯᠡᠭᠡᠨ ᠦ ᠶᠡᠬᠡ ᠲᠢᠩᠬᠢᠮ ᠳᠦ ᠬᠦᠷᠴᠦ ᠂ ᠳᠤᠬᠠᠢ ᠶᠢᠨ ᠳᠠᠯᠠᠪᠤᠷ ᠲᠤ ᠵᠠᠷᠭᠤ ᠬᠦᠯᠦᠶᠡᠨ ᠠᠪᠴᠤ ᠦᠢᠯᠡᠴᠢᠯᠡᠬᠦ ᠰᠢᠰᠲ᠋ᠧᠮ᠂ ᠵᠠᠷᠭᠤ ᠶᠢᠨ ᠦᠢᠯᠡᠴᠢᠯᠡᠬᠡᠨ ᠦ ᠨᠢᠬᠡ ᠴᠤᠭᠴᠠ ᠮᠠᠰᠢᠨ ᠤ ᠪᠤᠳᠠᠳᠢ ᠴᠢᠳᠠᠮᠵᠢ ᠶᠢ ᠳᠠᠢᠯᠪᠤᠷᠢᠯᠠᠭᠰᠠᠨ ᠮᠦᠷᠲᠡᠭᠡᠨ ᠠᠵᠢᠯᠲᠠᠨ ᠳᠤ ᠪᠤᠳᠠᠳᠠᠢ ᠠᠵᠢᠯᠯᠠᠬᠤ ᠶᠢ ᠵᠢᠭᠠᠨ ᠵᠢᠯᠤᠭᠤᠳᠪᠠ ᠃ ᠦᠳᠡ ᠶᠢᠨ ᠬᠤᠢᠨ᠎ᠠ ᠂ ᠪᠤᠯᠪᠠᠰᠤᠷᠠᠯ ᠤᠨ ᠪᠠᠭᠰᠢ ᠵᠠᠷᠭᠤ ᠶᠢᠨ ᠦᠢᠯᠡᠴᠢᠯᠡᠭᠡᠨ ᠦ ᠶᠡᠬᠡ ᠲᠢᠩᠬᠢᠮ ᠦᠨ ᠳᠠᠨᠢᠴᠠᠭᠤᠯᠤᠭᠴᠢ ᠶᠢᠨ ᠡᠯ᠎ᠠ ᠳᠤᠬᠠᠢᠯᠠᠭᠰᠠᠨ ᠠᠵᠢᠯ ᠤᠨ ᠰᠢᠰᠲ᠋ᠧᠮ ᠦᠨ ᠲᠠᠢᠯᠪᠤᠷᠢ ᠶᠢ ᠨᠠᠷᠢᠨ ᠬᠢᠨᠠᠮᠠᠭᠠᠢ ᠰᠤᠨᠤᠰᠴᠤ ᠂ ᠰᠢᠰᠲ᠋ᠧᠮ ᠦᠨ ᠴᠢᠳᠠᠮᠵᠢ ᠶᠢᠨ ᠳᠠᠨᠢᠴᠠᠭᠤᠯᠭᠠ ᠳᠤ ᠳᠤᠰᠬᠠᠢ ᠵᠢᠯᠤᠭᠤᠳᠤᠯᠭ᠎ᠠ ᠬᠢᠵᠦ ᠂ ᠳᠠᠢᠯᠪᠤᠷᠢᠯᠲᠠ ᠶᠢᠨ ᠠᠭᠤᠯᠭ᠎ᠠ ᠪᠠ ᠳᠠᠢᠯᠪᠤᠷᠢᠯᠲᠠ ᠶᠢᠨ ᠠᠷᠭ᠎ᠠ ᠠᠪᠴᠢᠯ ᠳᠤ ᠰᠠᠨᠠᠭᠤᠯᠭ᠎ᠠ ᠳᠤᠷᠠᠳᠴᠤ ᠂ ᠳᠠᠢᠯᠪᠤᠷᠢᠯᠲᠠ ᠶᠢᠨ ᠴᠢᠨᠠᠷ ᠴᠢᠨᠰᠠᠭ᠎ᠠ ᠪᠠ ᠬᠢᠷᠢ ᠲᠦᠪᠰᠢᠨ ᠢ ᠦᠨᠨᠡᠬᠦ ᠳᠡᠭᠡᠭᠰᠢᠯᠡᠬᠦᠯᠪᠡ ᠃
ᠳᠤᠰ ᠤᠳᠠᠭᠠᠨ ᠤ ᠪᠤᠯᠪᠠᠰᠤᠷᠠᠯ ᠢᠶᠠᠷ ᠳᠠᠮᠵᠢᠵᠤ ᠂ ᠪᠤᠯᠪᠠᠰᠤᠷᠠᠯ ᠳᠤ ᠤᠷᠤᠯᠴᠠᠭᠰᠠᠳ ᠮᠡᠳᠡᠬᠡ ᠵᠠᠩᠭᠢᠴᠢᠯᠠᠯᠲᠠ ᠶᠢᠨ ᠲᠤᠬᠠᠢᠯᠠᠭᠰᠠᠨ ᠠᠵᠢᠯ ᠤᠨ ᠠᠯᠬᠤᠮ ᠳᠠᠷᠠᠭ᠎ᠠ ᠶᠢ ᠬᠡᠷᠡᠭᠯᠡᠬᠦ ᠪᠠ ᠠᠵᠢᠯᠯᠠᠬᠤ ᠴᠢᠳᠠᠪᠤᠷᠢ ᠶᠢ ᠤᠯᠠᠮ ᠨᠢᠬᠡ ᠠᠯᠬᠤᠮ ᠳᠡᠭᠡᠭᠰᠢᠯᠡᠬᠦᠯᠵᠦ ᠂ ᠡᠭᠦᠨ ᠦ ᠬᠠᠮᠳᠤ ᠪᠠᠰᠠ ᠰᠠᠨᠠᠭ᠎ᠠ ᠠᠮᠤᠷ ᠵᠠᠷᠭᠤ ᠬᠢᠬᠦ ᠰᠦᠯᠵᠢᠶᠡᠨ ᠦ ᠳᠠᠪᠴᠠᠩ ᠳᠤ ᠨᠡᠩ ᠬᠦᠨᠵᠡᠭᠡᠢ ᠤᠢᠯᠭᠠᠯᠲᠠ ᠪᠠ ᠬᠠᠷᠢᠴᠠᠯᠲᠠ ᠲᠠᠢ ᠪᠤᠯᠵᠤ ᠂ ᠮᠠᠨ ᠤ ᠬᠤᠷᠢᠶᠠᠨ ᠤ ᠮᠡᠳᠡᠭᠡ ᠵᠠᠩᠭᠢᠴᠢᠯᠠᠯᠲᠠ ᠶᠢ ᠬᠦᠢᠴᠡᠳ ᠠᠰᠢᠭᠯᠠᠨ ᠬᠡᠷᠡᠭ ᠰᠢᠢᠳᠪᠦᠷᠢᠯᠡᠬᠦ ᠪᠦᠲᠦᠮᠵᠢ ᠶᠢ ᠳᠡᠭᠡᠭᠰᠢᠯᠡᠬᠦᠯᠵᠦ ᠂ ᠰᠢᠬᠦᠬᠦ ᠬᠤᠷᠢᠶᠠᠨ ᠤ ᠤᠯᠠᠨ ᠨᠡᠢᠳᠡ ᠶᠢ ᠢᠳᠡᠬᠡᠬᠦᠯᠬᠦ ᠬᠦᠴᠦᠨ ᠳᠡᠭᠡᠭᠰᠢᠯᠡᠬᠦᠯᠬᠦ ᠳᠦ ᠴᠢᠬᠤᠯᠠ ᠠᠴᠢ ᠬᠤᠯᠪᠤᠭᠳᠠᠯ ᠲᠠᠢ ᠶᠤᠮ ᠃
ᠦᠨᠡᠯᠡᠬᠦ 0ᠦᠨᠡᠯᠡᠯᠲᠡ᠎ᠲᠠᠢ