ᠤᠷᠳᠤᠰ ᠬᠤᠳᠠ ᠶᠢᠨ ᠠᠷᠠᠳ ᠤᠨ ᠳᠤᠮᠳᠠ ᠵᠡᠷᠬᠡ ᠶᠢᠨ ᠰᠢᠬᠦᠬᠦ ᠬᠤᠷᠢᠶ᠎ᠠ《ᠵᠠᠭᠤᠨ ᠡᠳᠦᠷ ᠦᠨ ᠪᠡᠬᠢᠯᠡᠯᠲᠡ ᠰᠢᠪᠳᠤᠯᠠᠬᠤ》ᠨᠠᠮᠤᠷ ᠤᠨ ᠤᠯᠠᠷᠢᠯ ᠤᠨ ᠳᠤᠭᠰᠢᠨ ᠰᠠᠯᠬᠢ ᠲᠦᠪᠯᠡᠷᠡᠬᠦᠯᠦᠨ ᠬᠦᠢᠴᠡᠳᠬᠡᠬᠦ ᠠᠵᠢᠯᠯᠠᠭᠠᠨ ᠤ ᠰᠤᠨᠢᠨ ᠮᠡᠳᠡᠬᠡ ᠨᠡᠢᠳᠡᠯᠡᠬᠦ ᠬᠤᠷᠠᠯ ᠢ ᠬᠤᠷᠠᠯᠳᠤᠭᠤᠯᠪᠠ
ᠪᠦᠬᠦ ᠬᠤᠳᠠ ᠶᠢᠨ ᠰᠢᠬᠦᠬᠦ ᠬᠤᠷᠢᠶᠠᠨ ᠤ《ᠬᠦᠢᠴᠡᠳᠬᠡᠬᠦ ᠵᠢᠯ》ᠳᠤᠰᠬᠠᠢ ᠰᠡᠳᠦᠪᠲᠦ ᠠᠵᠢᠯ ᠢ ᠬᠦᠨᠵᠡᠬᠡᠢ ᠦᠷᠨᠢᠬᠦᠯᠬᠦ ᠶᠢᠨ ᠲᠦᠯᠦᠭᠡ ᠂ ᠳᠠᠰ ᠴᠢᠩᠭ᠎ᠠ ᠠᠷᠭ᠎ᠠ ᠠᠪᠴᠢᠯ 《ᠵᠠᠭᠤᠨ ᠡᠳᠦᠷ ᠦᠨ ᠪᠡᠬᠢᠯᠡᠯᠲᠡ ᠰᠢᠪᠳᠤᠯᠠᠬᠤ》ᠳᠤᠰᠬᠠᠢ ᠠᠵᠢᠯᠯᠠᠭᠠᠨ ᠢᠶᠠᠷ ᠳᠡᠭᠦᠰᠭᠡᠯ ᠪᠤᠯᠭᠠᠵᠤ ᠂ ᠦᠷᠬᠦᠯᠵᠢᠯᠡᠨ ᠤᠳᠠᠭᠠᠨ ᠬᠤᠭᠤᠴᠠᠭ᠎ᠠ ᠰᠢᠢᠳᠪᠦᠷᠢᠯᠡᠭᠡ ᠦᠬᠡᠢ ᠬᠡᠷᠡᠭ ᠢ ᠰᠢᠢᠳᠪᠦᠷᠢᠯᠡᠵᠦ ᠂ 《ᠨᠠᠢᠷ ᠳᠠᠯ᠎ᠠ ᠶᠢᠨ ᠬᠡᠷᠡᠭ ᠂ ᠬᠠᠷᠢᠴᠠᠭᠠᠲᠤ ᠬᠡᠷᠡᠭ ᠂ ᠵᠤᠭᠤᠰ ᠮᠦᠩᠭᠦᠨ ᠦ ᠬᠡᠷᠡᠭ》 ᠢ ᠦᠬᠡᠢᠰᠭᠡᠵᠦ ᠂ 10 ᠰᠠᠷᠠᠢᠨ 21 ᠡᠳᠦᠷ ᠂ ᠤᠷᠳᠤᠰ ᠬᠤᠳᠠ ᠶᠢᠨ ᠳᠤᠮᠳᠠ ᠵᠡᠷᠬᠡ ᠶᠢᠨ ᠰᠢᠬᠦᠬᠦ ᠬᠤᠷᠢᠶ᠎ᠠ《ᠬᠦᠢᠴᠡᠳᠬᠡᠬᠦ ᠵᠢᠯ》ᠳᠤᠰᠬᠠᠢ ᠰᠡᠳᠦᠪᠲᠦ ᠠᠵᠢᠯ ᠤᠨ ᠰᠤᠨᠢᠨ ᠮᠡᠳᠡᠬᠡ ᠨᠡᠢᠳᠡᠯᠡᠬᠦ ᠬᠤᠷᠠᠯ ᠢ ᠬᠤᠷᠠᠯᠳᠤᠭᠤᠯᠪᠠ ᠃ ᠨᠡᠢᠳᠡᠯᠡᠬᠦ ᠬᠤᠷᠠᠯ ᠢ ᠬᠤᠳᠠ ᠶᠢᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠯᠢ ᠵᠢᠩ ᠭᠦᠸᠸ ᠳᠡᠳ᠋ ᠬᠤᠷᠢᠶᠠᠨ ᠳᠠᠷᠤᠭ᠎ᠠ ᠡᠷᠬᠢᠯᠡᠪᠡ ᠃
ᠨᠡᠢᠳᠡᠯᠡᠬᠦ ᠬᠤᠷᠠᠯ ᠳᠡᠭᠡᠷ᠎ᠠ ᠂ ᠬᠤᠳᠠ ᠶᠢᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠹᠠᠨ ᠶᠢᠦ ᠹᠠ ᠳᠡᠳ᠋ ᠬᠤᠷᠢᠶᠠᠨ ᠳᠠᠷᠤᠭ᠎ᠠ ᠪᠦᠬᠦ ᠬᠤᠳᠠ ᠶᠢᠨ ᠬᠤᠶᠠᠷ ᠱᠠᠳᠤᠨ ᠤ ᠰᠢᠬᠦᠬᠦ ᠬᠤᠷᠢᠶᠠᠨ ᠤ《ᠬᠦᠢᠴᠡᠳᠬᠡᠬᠦ ᠵᠢᠯ》ᠳᠤᠰᠬᠠᠢ ᠰᠡᠳᠦᠪᠲᠦ ᠠᠵᠢᠯ ᠡᠬᠢᠯᠡᠭᠰᠡᠨ ᠡᠴᠡ ᠨᠠᠰᠢᠬᠢ ᠪᠠᠢᠳᠠᠯ ᠵᠢᠴᠢ ᠳᠤᠰ ᠤᠳᠠᠭᠠᠨ ᠤ《 ᠵᠠᠭᠤᠨ ᠡᠳᠦᠷ ᠦᠨ ᠪᠡᠬᠢᠯᠡᠯᠲᠡ ᠰᠢᠪᠳᠤᠯᠠᠬᠤ ᠨᠠᠮᠤᠷ ᠤᠨ ᠤᠯᠠᠷᠢᠯ ᠤᠨ ᠳᠤᠭᠰᠢᠨ ᠰᠠᠯᠬᠢ》ᠳᠤᠰᠬᠠᠢ ᠠᠵᠢᠯᠯᠠᠭᠠᠨ ᠤ ᠵᠤᠷᠢᠯᠲᠠ ᠂ ᠤᠳᠬ᠎ᠠ ᠠᠭᠤᠯᠭ᠎ᠠ ᠪᠤᠯᠤᠨ ᠠᠷᠭ᠎ᠠ ᠬᠡᠮᠵᠢᠶ᠎ᠠ ᠳᠤ ᠮᠡᠳᠡᠬᠦᠯᠦᠯᠳᠡ ᠬᠢᠪᠡ ᠃
ᠳᠤᠰ ᠤᠳᠠᠭᠠᠨ ᠤ ᠰᠤᠨᠢᠨ ᠮᠡᠳᠡᠬᠡ ᠨᠡᠢᠳᠡᠯᠡᠬᠦ ᠬᠤᠷᠠᠯ ᠳᠤ ᠦᠪᠦᠷ ᠮᠤᠩᠭᠤᠯ ᠤᠨ ᠡᠳᠦᠷ ᠦᠨ ᠰᠤᠨᠢᠨ ᠂ ᠦᠪᠦᠷ ᠮᠤᠩᠭᠤᠯ ᠤᠨ ᠬᠠᠤᠯᠢ ᠲᠦᠷᠢᠮ ᠦᠨ ᠰᠤᠨᠢᠨ ᠂ ᠦᠪᠦᠷ ᠮᠤᠩᠭᠤᠯ ᠤᠨ ᠷᠠᠳ᠋ᠢᠣ᠋ ᠨᠡᠪᠳᠡᠷᠡᠬᠦᠯᠬᠡ ᠲᠸᠯᠸᠢᠰ ᠬᠤᠷᠢᠶ᠎ᠠ ᠂ ᠦᠪᠦᠷ ᠮᠤᠩᠭᠤᠯ ᠤᠨ ᠦᠷᠯᠦᠬᠡᠨ ᠦ ᠰᠤᠨᠢᠨ ᠂ ᠤᠮᠠᠷᠠᠳᠤ ᠶᠢᠨ ᠰᠢᠨ᠎ᠠ ᠰᠤᠨᠢᠨ ᠂ ᠤᠷᠳᠤᠰ ᠤᠨ ᠷᠠᠳ᠋ᠢᠣ᠋ ᠨᠡᠪᠳᠡᠷᠡᠬᠦᠯᠬᠡ ᠲᠸᠯᠸᠢᠰ ᠬᠤᠷᠢᠶ᠎ᠠ ᠂ ᠤᠷᠳᠤᠰ ᠤᠨ ᠡᠳᠦᠷ ᠦᠨ ᠰᠤᠨᠢᠨ ᠂ ᠤᠷᠳᠤᠰ ᠤᠨ ᠤᠷᠤᠢ ᠶᠢᠨ ᠰᠤᠨᠢᠨ ᠵᠡᠷᠬᠡ 10 ᠭᠠᠷᠤᠢ ᠵᠠᠭᠤᠴᠢ ᠶᠢ ᠤᠷᠢᠵᠤ ᠂ ᠬᠤᠷᠠᠯ ᠤᠨ ᠳᠤᠬᠠᠢ ᠶᠢᠨ ᠳᠠᠯᠠᠪᠤᠷ ᠲᠤ ᠬᠦᠷᠪᠡ ᠃ ᠰᠤᠷᠪᠤᠯᠵᠢᠯᠠᠭᠴᠢ ᠡᠨᠡ ᠵᠢᠯ ᠦᠨ《ᠬᠦᠢᠴᠡᠳᠭᠡᠬᠦ ᠵᠢᠯ》ᠬᠡᠷᠡᠭᠵᠢᠬᠦᠯᠭᠰᠡᠨ ᠡᠴᠡ ᠨᠠᠰᠢᠬᠢ ᠦᠷ᠎ᠠ ᠪᠦᠲᠦᠮᠵᠢ ᠂ ᠳᠤᠰ ᠤᠳᠠᠭᠠᠨ ᠤ ᠨᠠᠮᠤᠷ ᠤᠨ ᠤᠯᠠᠷᠢᠯ ᠤᠨ ᠳᠤᠭᠰᠢᠨ ᠰᠠᠯᠬᠢ ᠠᠵᠢᠯᠯᠠᠭ᠎ᠠ ᠶᠠᠪᠤᠭᠳᠠᠭᠤᠯᠭᠰᠠᠨ ᠰᠢᠯᠳᠠᠭᠠᠨ ᠂ ᠳᠤᠰ ᠤᠳᠠᠭᠠᠨ ᠤ ᠠᠵᠢᠯᠯᠠᠭᠠᠨ ᠤ ᠴᠠᠭ ᠪᠠ ᠬᠠᠷᠠᠯᠲᠠ ᠂ ᠤᠳᠤᠬᠠᠨ ᠳᠤ ᠮᠠᠨ ᠤ ᠬᠤᠳᠠ ᠳᠤ ᠬᠦᠢᠴᠡᠳᠬᠡᠬᠦ ᠠᠵᠢᠯ ᠢ ᠶᠠᠪᠤᠭᠳᠠᠭᠤᠯᠬᠤ ᠳᠤ ᠳᠤᠯᠭᠠᠷᠠᠭᠰᠠᠨ ᠬᠠᠮᠤᠭ ᠶᠡᠬᠡ ᠬᠦᠴᠢᠷᠳᠡᠯ ᠪᠠ ᠠᠰᠠᠭᠤᠳᠠᠯ ᠵᠢᠴᠢ ᠳᠤᠰ ᠤᠳᠠᠭᠠᠨ ᠤ ᠨᠠᠮᠤᠷ ᠤᠨ ᠤᠯᠠᠷᠢᠯ ᠤᠨ ᠳᠤᠭᠰᠢᠨ ᠰᠠᠯᠬᠢ ᠠᠵᠢᠯᠯᠠᠭ᠎ᠠ ᠪᠤᠯᠤᠨ ᠡᠮᠦᠨᠡᠬᠢ ᠨᠢᠬᠡ ᠪᠦᠯᠦᠭ ᠠᠵᠢᠯᠯᠠᠭ᠎ᠠ ᠶᠢᠨ ᠵᠦᠷᠢᠶ᠎ᠠ ᠵᠡᠷᠬᠡ ᠠᠰᠠᠭᠤᠯᠲᠠ ᠶᠢ ᠠᠰᠠᠭᠤᠪᠠ ᠃ ᠬᠤᠳᠠ ᠶᠢᠨ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠬᠦᠢᠴᠡᠳᠬᠡᠬᠦ ᠳᠤᠪᠴᠢᠶᠠᠨ ᠤ ᠳᠤᠪᠴᠢᠶᠠᠨ ᠳᠠᠷᠤᠭ᠎ᠠ ᠵᠠᠩ ᠶᠤᠸᠠᠢ ᠹᠸᠩ ᠂ ᠬᠦᠢᠴᠡᠳᠬᠡᠬᠦ ᠬᠤᠶᠠᠳᠤᠭᠠᠷ ᠳᠤᠪᠴᠢᠶᠠᠨ ᠤ ᠳᠤᠪᠴᠢᠶᠠᠨ ᠳᠠᠷᠤᠭ᠎ᠠ ᠶᠢᠦ ᠵᠢᠶᠠᠨ ᠬᠤᠸᠠ ᠪᠤᠯᠤᠨ ᠸᠠᠩ ᠭᠠᠩ ᠰᠢᠭᠦᠭᠴᠢ ᠰᠤᠷᠪᠤᠯᠵᠢᠯᠠᠭᠴᠢ ᠶᠢᠨ ᠠᠰᠠᠭᠤᠭᠰᠠᠨ ᠠᠰᠠᠭᠤᠯᠲᠠ ᠳᠤ ᠨᠠᠷᠢᠯᠢᠭ ᠬᠠᠷᠢᠭᠤᠯᠲᠠ ᠬᠢᠪᠡ ᠃
ᠦᠨᠡᠯᠡᠬᠦ 0ᠦᠨᠡᠯᠡᠯᠲᠡ᠎ᠲᠠᠢ