ᠳᠤᠮᠳᠠ ᠵᠡᠷᠭᠡ ᠶᠢᠨ ᠠᠷᠠᠳ ᠤᠨ ᠰᠢᠭᠦᠬᠦ ᠬᠤᠷᠢᠶ᠎ᠠ ᠠᠴᠠ ᠰᠢ ᠵᠢᠨ ᠫᠢᠩ ᠶᠡᠷᠦᠩᠬᠡᠢ ᠱᠦᠵᠢ ᠶᠢᠨ《 7.1》ᠴᠢᠬᠤᠯᠠ ᠶᠠᠷᠢᠭᠠᠨ ᠤ ᠵᠤᠷᠢᠭ ᠰᠠᠨᠠᠭ᠎ᠠ ᠶᠢ ᠤᠬᠠᠭᠤᠯᠤᠨ ᠲᠠᠢᠯᠪᠤᠷᠢᠯᠠᠬᠤ ᠬᠤᠷᠠᠯ ᠢ ᠬᠤᠷᠠᠯᠳᠤᠭᠤ
2016.08.09 ᠲᠣᠰ ᠥᠷᠲᠡᠭᠡᠨ ᠦ ᠨᠠᠢᠷᠠᠭᠤᠯᠤᠭᠴᠢ

ᠳᠤᠮᠳᠠ ᠵᠡᠷᠭᠡ ᠶᠢᠨ ᠠᠷᠠᠳ ᠤᠨ ᠰᠢᠭᠦᠬᠦ ᠬᠤᠷᠢᠶ᠎ᠠ ᠠᠴᠠ ᠰᠢ ᠵᠢᠨ ᠫᠢᠩ ᠶᠡᠷᠦᠩᠬᠡᠢ ᠱᠦᠵᠢ ᠶᠢᠨ《 7.1》ᠴᠢᠬᠤᠯᠠ ᠶᠠᠷᠢᠭᠠᠨ ᠤ ᠵᠤᠷᠢᠭ ᠰᠠᠨᠠᠭ᠎ᠠ ᠶᠢ ᠤᠬᠠᠭᠤᠯᠤᠨ ᠲᠠᠢᠯᠪᠤᠷᠢᠯᠠᠬᠤ ᠬᠤᠷᠠᠯ ᠢ ᠬᠤᠷᠠᠯᠳᠤᠭᠤᠯᠪᠠ

 

 

     

   

 

     

       ᠶᠡᠷᠦᠩᠬᠡᠢ ᠱᠦᠵᠢ ᠰᠢ ᠵᠢᠨ ᠫᠢᠩ ᠦᠨ 《7᠂1》ᠴᠢᠬᠤᠯᠠ ᠶᠠᠷᠢᠭᠠᠨ ᠤ ᠵᠤᠷᠢᠭ ᠰᠠᠨᠠᠭ᠎ᠠ ᠶᠢ ᠰᠤᠷᠤᠯᠴᠠᠵᠤ ᠂ ᠮᠠᠨ ᠤ ᠬᠤᠷᠢᠶᠠᠨ ᠤ《ᠬᠤᠶᠠᠷ ᠢ ᠰᠤᠷᠴᠤ ᠨᠢᠭᠡ ᠶᠢ ᠬᠢᠬᠦ》ᠰᠤᠷᠤᠯᠴᠠᠯᠭ᠎ᠠ ᠶᠢ ᠭᠦᠨᠵᠡᠭᠡᠢᠷᠡᠭᠦᠯᠬᠦ ᠶᠢᠨ ᠲᠦᠯᠦᠭᠡ ᠂ 8 ᠰᠠᠷ᠎ᠠ ᠶᠢᠨ 5  ᠤ ᠡᠳᠦᠷ᠂ ᠮᠠᠨ ᠤ ᠬᠤᠷᠢᠶᠠᠨ  ᠠᠴᠠ ᠬᠤᠳᠠ ᠶᠢᠨ ᠨᠡᠢᠭᠡᠮ ᠦᠨ ᠰᠢᠨᠵᠢᠯᠡᠬᠦ ᠤᠬᠠᠭᠠᠨ ᠤ ᠬᠤᠯᠪᠤᠭᠠᠨ ᠤ ᠬᠤᠷᠠᠯ ᠤᠨ ᠳᠡᠳ᠋ ᠱᠦᠵᠢ ᠂ ᠬᠤᠳᠠ ᠶᠢᠨ ᠨᠠᠮ ᠤᠨ ᠬᠤᠷᠢᠶᠠᠨ ᠤ ᠪᠠᠭᠰᠢ ᠶᠢᠨ ᠪᠦᠯᠬᠦᠮ ᠦᠨ ᠳᠠᠷᠤᠭ᠎ᠠ  ᠶᠢ ᠵᠠᠯᠠᠵᠤ ᠂ ᠰᠢ ᠵᠢᠨ ᠫᠢᠩ ᠶᠡᠷᠦᠩᠬᠡᠢ ᠱᠦᠵᠢ ᠶᠢᠨ ᠲᠤᠮᠳᠠᠳᠤ ᠤᠯᠤᠰ ᠤᠨ ᠡᠪ ᠬᠠᠮᠲᠤ ᠨᠠᠮ ᠪᠠᠢᠭᠤᠯᠤᠭᠳᠠᠭᠰᠠᠨ 95 ᠵᠢᠯ ᠦᠨ ᠤᠢ  ᠶᠢ ᠪᠡᠯᠡᠭᠯᠡᠬᠦ ᠬᠤᠷᠠᠯ ᠲᠡᠭᠡᠷ᠎ᠠ ᠲᠠᠯᠪᠢᠭᠰᠠᠨ ᠴᠢᠬᠤᠯᠠ ᠶᠠᠷᠢᠶᠠᠨ ᠤ ᠵᠤᠷᠢᠭ ᠰᠠᠨᠠᠭᠠᠨ ᠤ ᠲᠤᠰᠬᠠᠢ ᠰᠡᠳᠦᠪᠲᠦ ᠤᠬᠠᠭᠤᠯᠭ᠎ᠠ ᠬᠢᠪᠡ ᠃ ᠬᠤᠳᠠ ᠶᠢᠨ ᠳᠤᠮᠳᠠ ᠵᠡᠷᠭᠡ ᠶᠢᠨ ᠰᠢᠭᠦᠬᠦ ᠬᠤᠷᠢᠶᠠᠨ ᠤ ᠤᠳᠤᠷᠢᠳᠤᠯᠭ᠎ᠠ ᠪᠠ ᠪᠦᠬᠦ ᠺᠠᠲᠠᠷ ᠴᠠᠭᠳᠠᠭ᠎ᠠ ᠨᠠᠷ ᠰᠤᠷᠤᠯᠴᠠᠯᠭ᠎ᠠ ᠶᠢᠨ ᠬᠤᠷᠠᠯ ᠳᠤ ᠤᠷᠤᠯᠴᠠᠪᠠ ᠃

   ᠸᠠᠩ ᠬᠤᠸᠠ ᠪᠦᠯᠬᠦᠮ ᠦᠨ ᠳᠠᠷᠤᠭ᠎ᠠ ᠪᠤᠷᠤᠭᠵᠢᠭᠤᠨ ᠶᠦᠮᠦᠷᠯᠢᠭ ᠦᠭᠡ ᠶᠠᠷᠢᠶ᠎ᠠ ᠪᠠᠷ ᠲᠤᠰ ᠤᠳᠠᠭᠠᠨ ᠤ ᠶᠠᠷᠢᠶ᠎ᠠ  ᠳᠤ ᠭᠦᠨ ᠭᠦᠨᠵᠡᠭᠡᠢ ᠨᠠᠷᠢᠨ ᠲᠠᠢᠯᠤᠯᠲᠠ ᠬᠢᠭᠰᠡᠨ ᠪᠠᠢᠨ᠎ᠠ ᠃ ᠭᠤᠷᠪᠠᠨ ᠶᠡᠬᠡᠦᠬᠡᠷᠡᠴᠢᠯᠡᠯᠲᠡ᠂ ᠭᠤᠷᠪᠠᠨ ᠶᠡᠬᠡ ᠬᠤᠪᠢ ᠨᠡᠮᠡᠷᠢ ᠂ ᠭᠤᠷᠪᠠᠨ ᠶᠡᠬᠡ ᠨᠦᠯᠦᠭᠡ ᠂ ᠭᠤᠷᠪᠠᠨ ᠶᠡᠬᠡ ᠰᠡᠩᠬᠡᠷᠡᠭᠦᠯᠦᠯ ᠢᠶᠡᠷ ᠶᠠᠷᠢᠶᠠᠨ ᠳᠤᠮᠳᠠᠬᠢ ᠳᠤᠮᠳᠠᠳᠤ ᠤᠯᠤᠰ ᠤᠨ ᠡᠪ ᠬᠠᠮᠳᠤ ᠨᠠᠮ ᠤᠨ 95 ᠵᠢᠯ ᠦᠨᠭᠡᠷᠡᠯ ᠰᠠᠴᠤᠷᠤᠩᠭᠤᠢ ᠲᠡᠥᠬᠡ ᠶᠢ ᠬᠤᠷᠢᠶᠠᠩᠭᠤᠢᠯᠠᠭᠰᠠᠨ ᠤ ᠳᠠᠷᠠᠭ᠎ᠠ ᠂ ᠸᠠᠩ ᠪᠦᠯᠬᠦᠮ ᠦᠨ ᠳᠠᠷᠤᠭ᠎ᠠ ᠪᠠᠰᠠ ᠤᠯᠠᠨ ᠪᠣᠳᠠᠲᠤ ᠵᠢᠱᠢᠶ᠎ᠠ ᠳᠠᠳᠠᠨ ᠶᠠᠷᠢᠶᠠᠨ ᠳᠤᠮᠳᠠ ᠳᠤᠷᠠᠳᠤᠭᠰᠠᠨ ᠨᠠᠢ᠍ᠮᠠᠨ ᠳᠠᠯ᠎ᠠ ᠶᠢᠨᠱᠠᠭᠠᠷᠳᠠᠯᠭ᠎ᠠ ᠳᠤ ᠬᠦᠨ ᠭᠦᠨᠵᠡᠭᠡᠢ ᠲᠠᠢᠯᠪᠤᠷᠢᠯᠲᠠ ᠬᠢᠪᠡ ᠃ 《ᠰᠤᠶᠤᠯ ᠤᠨ ᠢᠳᠡᠬᠡᠯ》 ᠢ ᠭᠤᠤᠯᠳᠠᠯᠭ᠎ᠠ ᠲᠠᠢ ᠲᠠᠢᠯᠪᠤᠷᠢᠯᠠᠬᠤ ᠳᠤ ᠂ ᠸᠠᠩ ᠪᠦᠯᠬᠦᠮ ᠦᠨ ᠲᠠᠷᠤᠭ᠎ᠠ ᠲᠦᠷᠰᠦᠲᠦ ᠦᠰᠦᠭ ᠵᠠᠷᠤᠪᠠ ᠃ᠺᠠᠲᠠᠷ ᠴᠠᠭᠳᠠᠭ᠎ᠠ ᠨᠠᠷ ᠡᠨᠡᠬᠦ ᠰᠢᠨ᠎ᠠ ᠰᠡᠪᠡᠭᠦᠨ ᠠᠷᠭ᠎ᠠ ᠮᠠᠶᠢᠭ ᠨᠢ ᠳᠤᠮᠳᠠᠳᠤ ᠶᠢᠨ ᠦᠨᠳᠦᠰᠦᠲᠡᠨ ᠦ ᠤᠷᠲᠤ ᠤᠳᠠᠭᠠᠨ ᠤᠬᠢ ᠰᠢᠯᠢᠳᠡᠭ ᠰᠤᠶᠤᠯ ᠢ ᠰᠢᠭᠤᠳ ᠤᠢᠯᠭᠠᠵᠤ ᠂ ᠤᠯᠠᠨ ᠢᠶᠠᠷ ᠢᠶᠠᠨ ᠰᠢ ᠵᠢᠨ ᠫᠢᠩᠱᠦᠵᠢ ᠶᠢᠨ 《ᠰᠤᠶᠤᠯ ᠤᠨ ᠢᠳᠡᠬᠡᠯ》 ᠦᠨ ᠵᠤᠷᠢᠭ ᠰᠠᠨᠠᠭ᠎ᠠ ᠶᠢ ᠤᠢᠯᠭᠠᠬᠤ ᠳᠤ ᠠᠰᠢᠭᠲᠠᠢ   ᠭᠡᠵᠦ ᠢᠯᠡᠷᠬᠡᠢᠯᠡᠪᠡ ᠃ ᠸᠠᠩ ᠬᠤᠸᠠ ᠪᠦᠯᠬᠦᠮ ᠦᠨ ᠳᠠᠷᠤᠭ᠎ᠠ ᠵᠠᠯᠭᠠᠨ ᠶᠠᠷᠢᠶᠠᠨ ᠳᠤᠮᠳᠠᠬᠢ ᠤᠯᠤᠰ ᠤᠨᠪᠠᠲᠤᠯᠠᠨ ᠬᠠᠮᠠᠭᠠᠯᠯᠠᠲᠠ ᠶᠢ ᠴᠢᠩᠭᠠᠳᠬᠠᠬᠤ ᠪᠤᠯᠤᠨ ᠴᠡᠷᠢᠭ ᠠᠩᠬᠢ ᠶᠢᠨ ᠪᠠᠢᠭᠤᠯᠤᠯᠲᠠ ᠂ ᠡᠬᠡ ᠤᠷᠤᠨ ᠤ ᠡᠶ᠎ᠠ ᠨᠠᠢᠷᠠᠮᠳᠠᠯ ᠢᠶᠠᠷ ᠨᠢᠬᠡᠳᠬᠡᠬᠦ ᠠᠬᠢᠴᠠ ᠶᠢ ᠠᠬᠢᠭᠤᠯᠬᠤ ᠂ ᠲᠠᠢᠸᠠᠨ ᠬᠤᠭᠤᠯᠠᠢ ᠶᠢᠨ ᠬᠤᠶᠠᠷᠳᠠᠯ᠎ᠠ ᠶᠢᠨ ᠬᠠᠷᠢᠴᠠᠭ᠎ᠠ ᠶᠢ ᠡᠶ᠎ᠠ ᠨᠠᠢᠷᠠᠮᠳᠠᠭᠤ ᠬᠦᠭᠵᠢᠬᠦᠯᠬᠦ ᠪᠠ ᠪᠦᠬᠦ ᠨᠠᠮ  ᠠᠴᠠ ᠵᠠᠯᠠᠭᠤᠴᠤᠳ ᠢ ᠬᠠᠢᠷᠠᠯᠠᠨ ᠬᠠᠯᠠᠮᠵᠢᠯᠠᠬᠤ  ᠭᠦᠨᠵᠡᠭᠡᠢ ᠦᠬᠦᠯᠡᠯᠲᠡ ᠳᠦ ᠲᠠᠢᠯᠤᠮᠵᠢ ᠬᠢᠭᠰᠡᠨ ᠪᠠᠢᠨ᠎ᠠ ᠃

   ᠸᠠᠩ ᠬᠤᠸᠠ ᠪᠦᠯᠬᠦᠮ ᠦᠨ ᠳᠠᠷᠤᠭ᠎ᠠ ᠵᠢᠭᠠᠵᠤ ᠭᠠᠷᠭᠠᠭᠰᠠᠨ ᠨᠢ ᠂ ᠰᠢ ᠵᠢᠨ ᠫᠢᠩ ᠱᠦᠵᠢ ᠶᠢᠨ ᠴᠢᠬᠤᠯᠠ ᠶᠠᠷᠢᠶ᠎ᠠ ᠨᠢ ᠦᠨᠲᠤᠷ ᠲᠤ ᠵᠤᠭᠰᠤᠨ ᠠᠯᠤᠰ ᠢ ᠪᠠᠷᠠᠯᠠᠵᠤ ᠂ ᠪᠦᠬᠦ ᠲᠠᠯ᠎ᠠ ᠶᠢ ᠶᠡᠷᠦᠩᠬᠡᠢᠯᠡᠨ ᠠᠳᠬᠤᠵᠤ ᠂ ᠦᠵᠡᠯ ᠰᠠᠨᠠᠭ᠎ᠠ ᠬᠦᠨ ᠬᠦᠨᠵᠡᠭᠡᠢ ᠂ ᠤᠳᠬ᠎ᠠ ᠠᠭᠤᠯᠭ᠎ᠠ ᠡᠯᠪᠡᠭ ᠂ ᠵᠤᠷᠢᠭ ᠰᠠᠨᠠᠭ᠎ᠠ ᠶᠢ ᠬᠦᠭᠵᠢᠭᠡᠮ᠎ᠠ ᠂ ᠪᠦᠬᠦ ᠠᠭᠤᠯᠭ᠎ᠠ ᠪᠦᠷ ᠮᠠᠷᠺᠰ ᠤᠨ ᠦᠵᠡᠯ ᠰᠠᠨᠠᠭᠠᠨ ᠤ ᠦᠨᠡᠨ ᠶᠤᠰᠤᠨ ᠤ ᠬᠡᠷᠡᠯ ᠬᠢᠯᠪᠠᠭ᠎ᠠ ᠰᠠᠴᠤᠷᠠᠵᠤ ᠪᠠᠢᠨ᠎ᠠ ᠃ ᠮᠠᠨ ᠤ ᠨᠠᠮ ᠢ ᠵᠢᠯᠤᠭᠤᠳᠤᠨ ᠳᠠᠭᠠᠭᠤᠯᠵᠤ ᠳᠤᠮᠳᠠᠳᠤ ᠤᠯᠤᠰ ᠤᠨ ᠤᠨᠴᠠᠯᠢᠭ ᠪᠦᠬᠦᠢ ᠨᠡᠢᠭᠡᠮ ᠵᠢᠷᠦᠮ ᠦᠨ ᠠᠭᠤᠤ ᠶᠡᠬᠡ ᠦᠢᠯᠡᠰ ᠢ ᠲᠦᠯᠬᠢᠨ ᠠᠬᠢᠭᠤᠯᠬᠤ ᠪᠠ ᠨᠠᠮ ᠤᠨ ᠪᠦᠲᠦᠭᠡᠨ ᠪᠠᠢᠭᠤᠯᠤᠯᠲᠠ  ᠶᠢᠨ ᠠᠭᠤᠤ ᠶᠡᠬᠡ ᠢᠨᠵᠧᠨᠧᠷᠢᠩ ᠢ ᠪᠦᠬᠦ ᠲᠠᠯ᠎ᠠ ᠪᠠᠷ ᠲᠦᠯᠬᠢᠨ ᠠᠬᠢᠭᠤᠯᠬᠤ ᠬᠦᠳᠡᠯᠪᠦᠷᠢ ᠶᠢᠨ ᠴᠢᠨᠠᠷᠲᠠᠢ ᠲᠤᠯᠭᠤᠷ ᠪᠢᠴᠢᠭ ᠮᠦᠨ᠂ ᠮᠢᠨᠤ ᠲᠠᠢᠯᠤᠮᠵᠢ ᠨᠢ ᠵᠦᠪᠬᠡᠨ ᠤᠯᠠᠨ  ᠳᠤ ᠠᠭᠤᠯᠭ᠎ᠠ ᠶᠢ ᠴᠡᠭᠴᠡᠯᠡᠭᠰᠡᠨ ᠳᠡᠳᠦᠢ ᠂ ᠬᠦᠰᠡᠬᠦ ᠨᠢ ᠬᠤᠷᠠᠯ ᠤᠨ ᠳᠠᠷᠠᠭ᠎ᠠ ᠺᠠᠲᠠᠷ ᠴᠠᠭᠳᠠᠭ᠎ᠠ ᠨᠠᠷ ᠨᠠᠷᠢᠨ ᠬᠢᠨᠠᠮᠠᠭᠠᠢ  ᠪᠠᠷ ᠰᠢ ᠵᠢᠨ ᠫᠢᠩ ᠱᠦᠵᠢ ᠶᠢᠨ 《ᠲᠤᠯᠤᠭ᠎ᠠ ᠨᠢᠭᠡ》ᠴᠢᠬᠤᠯᠠ ᠶᠠᠷᠢᠶ᠎ᠠ ᠶᠢ ᠰᠤᠷᠤᠯᠴᠠᠵᠤ ᠂ ᠴᠢᠬᠤᠯᠠ ᠶᠠᠷᠢᠭᠠᠨ ᠤ ᠵᠤᠷᠢᠭ ᠰᠠᠨᠠᠭᠠᠨ ᠤ ᠮᠦᠨ ᠴᠢᠨᠠᠷ ᠢ ᠭᠦᠨᠵᠡᠬᠡᠢ ᠤᠢᠯᠭᠠᠵᠤ ᠂ ᠤᠯᠤᠰ ᠲᠦᠷᠦ ᠶᠢᠨ ᠤᠬᠠᠮᠰᠠᠷ ᠂ ᠶᠡᠬᠡ ᠳᠠᠯ᠎ᠠ ᠶᠢᠨ ᠤᠬᠠᠮᠰᠠᠷ ᠂ ᠭᠣᠣᠯᠳᠠᠯᠭ᠎ᠠ ᠶᠢᠨᠦᠵᠡᠯ ᠤᠬᠠᠮᠰᠠᠷ᠂ ᠲᠡᠷᠢᠭᠦᠨ ᠦ ᠬᠢ ᠲᠠᠢ ᠵᠡᠷᠭᠡᠴᠡᠬᠦ ᠪᠡᠷ ᠴᠢᠷᠮᠠᠢᠬᠤ ᠦᠵᠡᠯ ᠤᠬᠠᠮᠰᠠᠷ ᠢ ᠴᠢᠩᠭᠠᠳᠬᠠᠵᠤ᠂ ᠤᠬᠠᠮᠰᠠᠷ ᠠᠴᠠ  ᠢᠶᠠᠨ ᠦᠵᠡᠯ ᠰᠠᠨᠠᠭ᠎ᠠ ᠪᠠ ᠦᠢᠯᠡ ᠠᠵᠢᠯᠯᠠᠭ᠎ᠠ  ᠪᠠᠨ ᠲᠦᠪ ᠬᠤᠷᠢᠶᠠᠨ ᠤᠱᠠᠭᠠᠷᠳᠠᠯᠭ᠎ᠠ ᠪᠠ ᠶᠡᠷᠦᠩᠬᠡᠢ ᠱᠦᠵᠢ ᠰᠢ ᠵᠢᠨ ᠫᠢᠩ ᠦᠨ ᠴᠢᠬᠤᠯᠠ ᠶᠠᠷᠢᠶᠠᠨ  ᠤ ᠵᠤᠷᠢᠭ ᠰᠠᠨᠠᠭ᠎ᠠ ᠲᠠᠢ ᠨᠢᠭᠡᠳᠬᠡᠬᠦ ᠬᠡᠷᠡᠭᠲᠡᠢ ᠃

   ᠯᠢ ᠵᠢᠩ ᠭᠦᠸᠸ ᠳᠡᠳ᠋ ᠬᠤᠷᠢᠶᠠᠨ ᠳᠠᠷᠤᠭ᠎ᠠ ᠰᠤᠷᠤᠯᠴᠠᠯᠭ᠎ᠠ ᠶᠢᠨ ᠬᠤᠷᠠᠯ ᠬᠥᠲᠦᠯᠵᠦ ᠂ ᠳ᠋ᠦᠩᠨᠡᠯᠲᠡ ᠶᠢᠨ ᠶᠠᠷᠢᠶ᠎ᠠ ᠲᠠᠯᠪᠢᠪᠠ ᠃ ᠲᠡᠷᠡ ᠶᠠᠭᠤᠨ ᠤ ᠡᠮᠦᠨ᠎ᠠ ᠸᠠᠩ ᠬᠤᠸᠠ ᠪᠦᠯᠬᠦᠮ ᠦᠨ ᠳᠠᠷᠤᠭ᠎ᠠ ᠳᠤᠲᠠᠯᠷᠬᠠᠵᠤ ᠂ ᠳᠤᠮᠳᠠ ᠵᠡᠷᠬᠡ ᠶᠢᠨ ᠰᠢᠬᠦᠬᠦ ᠬᠤᠷᠢᠶᠠᠨ ᠤ ᠪᠦᠬᠦ ᠺᠠᠲᠠᠷ ᠴᠠᠭᠳᠠᠭ᠎ᠠ ᠨᠠᠷ ᠲᠤ ᠪᠦᠬᠦ ᠲᠠᠯ᠎ᠠ ᠪᠠᠷ ᠂ ᠵᠦᠪ ᠤᠨᠤᠪᠴᠢᠲᠠᠢ ᠂ ᠴᠢᠩᠭ᠎ᠠ ᠨᠢᠮᠪᠠᠢ ᠪᠠᠷ ᠰᠢ ᠶᠡᠷᠦᠩᠬᠡᠢ ᠱᠦᠵᠢ ᠶᠢᠨ 《ᠳᠣᠯᠤᠭ᠎ᠠ ᠨᠢᠭᠡ》ᠴᠢᠬᠤᠯᠠ ᠶᠠᠷᠢᠶᠠᠨ ᠤ ᠵᠤᠷᠢᠭ ᠰᠠᠨᠠᠭ᠎ᠠ  ᠳᠤ ᠲᠠᠢᠯᠤᠮᠵᠢ ᠬᠢᠭᠰᠡᠨ ᠮᠦᠷᠲᠡᠭᠡᠨ ᠪᠦᠬᠦ ᠺᠠᠲᠠᠷ ᠴᠠᠭᠳᠠᠭ᠎ᠠ 《ᠳᠣᠯᠤᠭ᠎ᠠ ᠨᠢᠭᠡ》ᠴᠢᠬᠤᠯᠠ ᠶᠠᠷᠢᠶ᠎ᠠ ᠶᠢ ᠰᠤᠷᠤᠯᠴᠠᠬᠤ  ᠶᠢ ᠱᠠᠭᠠᠷᠳᠠᠵᠤ ᠂ ᠦᠪᠡᠷ ᠦᠨᠲᠤᠬᠠᠢᠯᠠᠭᠰᠠᠨ ᠠᠵᠢᠯ ᠲᠠᠢ ᠪᠠᠨ ᠨᠢᠭᠳᠠᠷᠠᠭᠤᠯᠵᠤ ᠂ ᠨᠠᠮ ᠤᠨ ᠬᠡᠰᠢᠭᠦᠨ ᠺᠠᠲᠠᠷ ᠴᠠᠭᠳᠠᠭ᠎ᠠ《ᠳᠣᠯᠤᠭ᠎ᠠ ᠨᠢᠬᠡ》ᠴᠢᠬᠤᠯᠠ ᠶᠠᠷᠢᠶ᠎ᠠ ᠶᠢ ᠰᠤᠷᠤᠯᠴᠠᠬᠤ ᠪᠠ《ᠬᠤᠶᠠᠷ ᠢ ᠰᠤᠷᠴᠤ ᠨᠢᠬᠡ ᠶᠢ ᠬᠢᠬᠦ》ᠰᠤᠷᠤᠯᠴᠠᠯᠭ᠎ᠠᠲᠠᠢ ᠨᠢᠭᠳᠠ ᠤᠶᠠᠯᠳᠠᠭᠤᠯᠵᠤ ᠂ ᠨᠡᠢᠯᠡᠭᠦᠯᠦᠨ ᠰᠢᠩᠭᠡᠭᠡᠵᠦ ᠨᠡᠪᠲᠡᠷᠡᠲᠡᠯ᠎ᠡ ᠤᠢᠯᠭᠠᠵᠤ ᠂ ᠰᠤᠷᠤᠭᠰᠠᠨ ᠢᠶᠠᠨ ᠬᠡᠷᠡᠭᠯᠡᠬᠦ ᠬᠡᠷᠡᠭᠲᠡᠢ ᠂ ᠶᠠᠷᠢᠶᠠᠨ ᠤ ᠵᠤᠷᠢᠭ ᠰᠠᠨᠠᠭ᠎ᠠ ᠪᠠᠷ ᠵᠢᠯᠤᠭᠤᠳᠤᠯᠭ᠎ᠠ ᠪᠤᠯᠭᠠᠵᠤ ᠂ ᠬᠤᠳᠠ ᠶᠢᠨᠲᠤᠮᠳᠠ ᠵᠡᠷᠬᠡ ᠶᠢᠨ ᠰᠢᠬᠦᠬᠦ ᠬᠤᠷᠢᠶᠠᠨ ᠤ ᠡᠯ᠎ᠠ ᠲᠦᠷᠦᠯ ᠦᠨ ᠠᠵᠢᠯ ᠤᠨ ᠰᠢᠨ᠎ᠡ ᠠᠮᠵᠢᠯᠲᠠ ᠤᠯᠬᠤ ᠳᠤ ᠬᠠᠪᠰᠤᠷᠤᠮᠵᠢ ᠪᠤᠯᠵᠤ᠂ ᠰᠢᠨ᠎ᠡ ᠨᠢᠭᠡᠨ ᠠᠯᠬᠤᠮ ᠶᠠᠪᠤᠬᠤ ᠬᠡᠷᠡᠭᠲᠡᠢ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )