ᠰᠢᠯᠢᠳ᠋ᠡᠭ᠌ ᠰᠢᠭᠦᠭᠴᠢ ᠶᠢ ᠰᠢᠭᠦᠨ ᠳᠠᠰᠤᠯᠤᠯᠲᠠ ᠶᠢᠨ ᠨᠢᠭᠡᠳ᠋ᠦᠭᠡᠷ ᠹᠷᠣᠨᠲ ᠳᠤ ᠣᠷᠣᠭᠣᠯᠬᠤ
2016.09.19 ᠲᠣᠰ ᠥᠷᠲᠡᠭᠡᠨ᠎ᠦ ᠨᠠᠢᠷᠠᠭᠤᠯᠤᠭᠴᠢ

 

ᠰᠢᠯᠢᠳ᠋ᠡᠭ᠌ ᠰᠢᠭᠦᠭᠴᠢ ᠶᠢ ᠰᠢᠭᠦᠨ ᠳᠠᠰᠤᠯᠤᠯᠲᠠ ᠶᠢᠨ ᠨᠢᠭᠡᠳ᠋ᠦᠭᠡᠷ ᠹᠷᠣᠨᠲ ᠳᠤ ᠣᠷᠣᠭᠣᠯᠬᠤ

——ᠣᠷᠳ᠋ᠣᠰ ᠬᠤᠶᠠᠷ ᠱᠠᠲᠤᠨ ᠦ ᠰᠢᠭᠦᠬᠦ  ᠬᠤᠷᠢᠶ᠎᠎ᠠ ᠪᠦᠬᠦ ᠣᠷᠤᠨ ᠦ ᠰᠢᠭᠦᠬᠦ ᠬᠤᠷᠢᠶᠠᠨ ᠦ ᠰᠢᠰᠲ᠋ᠦᠮ ᠦᠨ ᠰᠢᠭᠦᠭᠴᠢ ᠲᠣᠭᠠᠨ ᠳᠤ ᠣᠷᠣᠬᠤ ᠨᠢᠭᠡᠲᠦᠯᠲᠠᠢ ᠰᠢᠯᠭᠠᠯᠲᠠ

 

 

 

8 ᠰᠠᠷ᠎ᠠ ᠶᠢᠨ27  ᠦ ᠦᠳ᠋ᠡ ᠶᠢᠨ ᠡᠮᠦᠨ᠎᠎ᠡ ᠂ ᠣᠷᠳ᠋ᠣᠰ ᠤᠨ ᠬᠤᠶᠠᠷ ᠱᠠᠲᠤᠨ ᠦ  ᠰᠢᠭᠦᠬᠦ  ᠬᠣᠷᠢᠶᠠᠨ ᠦ 470  ᠭᠠᠷᠤᠢ ᠰᠢᠭᠦᠭᠴᠢ ᠬᠢᠶ᠎᠎ᠠ ᠪᠠᠭᠰᠢ ᠲᠤᠭᠤᠷᠢᠭ ᠤᠨ ᠲᠤᠰᠬᠠᠢ ᠮᠡᠷᠬᠡᠵᠢᠯ ᠦᠨ ᠳᠡᠭᠡᠳ᠋ᠦ ᠰᠣᠷᠭᠠᠭᠤᠯᠢ ᠳ᠋ᠤ ᠪᠦᠬᠦ ᠣᠷᠤᠨ ᠦ ᠰᠢᠭᠦᠬᠦ ᠬᠤᠷᠢᠶᠠᠨ ᠦ ᠰᠢᠭᠦᠭᠴᠢ ᠶᠢᠨ ᠬᠢᠷᠢ ᠬᠡᠮ ᠦᠨ ᠨᠢᠭᠡᠳ᠋ᠦᠯᠲᠠᠢ ᠰᠢᠯᠭᠠᠯᠲᠠ ᠳᠤ ᠣᠷᠣᠯᠴᠠᠪᠠ ᠃ ᠬᠤᠯᠪᠤᠭᠳ᠋ᠠᠯ ᠪᠦᠬᠦᠢ ᠲᠤᠭᠳ᠋ᠠᠭᠠᠯ ᠢ ᠦᠨᠳ᠋ᠦᠰᠦᠯᠡᠪᠡᠯ ᠂ ᠰᠢᠯᠭᠠᠯᠲᠠ ᠳ᠋ᠤ ᠤᠷᠤᠯᠴᠠᠭᠰᠠᠳ ᠰᠢᠯᠭᠠᠯᠲᠠ ᠶᠢᠨ ᠡᠮᠦᠨ᠎᠎ᠡ ᠰᠠᠢᠨ ᠳᠤᠷ᠎ᠠ ᠠ᠋ᠴᠠ ᠰᠢᠯᠭᠠᠭᠤᠯᠬᠤ ᠂ ᠠᠵᠢᠯ ᠤᠨ ᠪᠠᠢᠷᠢ ᠶᠢᠨ ᠠᠮᠠᠯᠠᠯᠲᠠ ᠂ ᠬᠢᠷᠢ ᠬᠡᠮ ᠦᠨ ᠬᠢᠨ᠋ᠠᠨ ᠪᠠᠢᠴᠠᠭᠠᠯᠲᠠ ᠵᠡᠷᠬᠡ ᠠᠯᠬᠤᠮ ᠢ ᠬᠦᠢᠴᠡᠳᠬᠡᠭᠰᠡᠨ ᠪᠠᠢᠨ᠎᠎ᠠ ᠃

2014 ᠣᠨ ᠳᠤ ᠂ ᠠᠷᠠᠳ ᠤᠨ ᠳᠡᠭᠡᠳ᠋ᠦ ᠰᠢᠭᠦᠬᠦ ᠬᠤᠷᠢᠶ᠎᠎ᠠ ᠠ᠋ᠴᠠ  ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠢ  ᠪᠠᠢᠭᠤᠯᠬᠤ ᠶᠢᠵᠢᠩᠭᠢᠨ᠋ᠢ ᠪᠡᠷ ᠨᠡᠢᠳ᠋ᠡᠯᠡᠪᠡ ᠃  ︽ ᠠᠵᠢᠯᠲᠠᠨ ᠦ ᠲᠣᠭᠠᠨ ᠦ ᠳᠦ᠋ᠷᠢᠮ ︾ ᠭᠡᠳ᠋ᠡᠭ᠌ ᠨᠢ ᠂ ᠥᠭᠡᠷ᠎ᠡ ᠪᠡᠷ ᠬᠡᠯᠡᠪᠡᠯ ᠤᠳ᠋ᠣ ᠶᠢᠨ ᠪᠠᠢᠭ᠎᠎ᠠ ᠬᠠᠤᠯᠢ ᠴᠠᠭᠠᠵᠠ ᠶᠢᠨ ᠠᠵᠢᠯᠲᠠᠨ ᠢ ᠰᠢᠭᠦᠭᠴᠢ ᠂ ᠬᠠᠣᠯᠢ ᠴᠠᠭᠠᠵᠠ ᠶᠢᠨ ᠲᠤᠰᠠᠯᠠᠬᠤ ᠠᠵᠢᠯᠲᠠᠨ ᠂ ᠵᠠᠰᠠᠭ ᠵᠠᠬᠢᠷᠭᠠᠨ ᠦ ᠠᠵᠢᠯᠲᠠᠨ  ᠬᠤᠪᠢᠶᠠᠵᠤ ᠂ ᠡᠯ᠎ᠡ ᠲᠦ᠋ᠷᠦᠯ ᠦᠨ ᠠᠵᠢᠯᠲᠠᠨ ᠦ ᠡᠵᠡᠯᠡᠬᠦ ᠬᠠᠷᠢᠴᠠᠯ ᠢ ᠲᠤᠰ ᠲᠤᠰ ᠲᠦ ᠨᠢ ᠲᠤᠭᠳ᠋ᠠᠭᠠᠬᠤ ᠬᠡᠷᠡᠭ᠍ᠲᠡᠢ ᠃ ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠢ ᠪᠦᠬᠦ ᠲᠠᠯ᠎ᠠ ᠪᠠᠷ ᠬᠡᠷᠡᠭᠵᠢᠭᠦᠯᠦᠭᠰᠡᠨ ᠦ ᠳᠠᠷᠠᠭ᠎᠎ᠠ ᠂ ᠵᠦ᠋ᠪᠬᠡᠨ ᠲᠣᠭᠠᠨ ᠳᠤ ᠣᠷᠣᠭᠰᠠᠨ ᠰᠢᠭᠦᠭᠴᠢ ᠨᠢ  ᠬᠡᠷᠡᠭ᠌ ᠰᠢᠢᠳᠪᠦᠷᠢᠯᠡᠬᠦ ᠡᠷᠬᠡ ᠲᠡᠢ ᠪᠠᠢᠵᠤ ᠂ ᠲᠣᠭᠠᠨ ᠳ᠋ᠤ ᠣᠷᠣᠭᠰᠠᠨ ᠰᠢᠭᠦᠭᠴᠢ ᠨᠢ ᠡᠷᠬᠡᠪᠰᠢ ᠡᠮᠦᠨ᠎᠎ᠡ ᠹᠷᠣᠨᠲ ᠳᠤ ᠬᠡᠷᠡᠭ᠌ ᠰᠢᠢᠳᠪᠦᠷᠢᠯᠡᠨ᠎᠎ᠡ ᠃ ᠡᠭᠦᠨ ᠡᠴᠡ ᠂ ᠰᠢᠭᠦᠭᠴᠢ ᠶᠢᠨ ᠠᠵᠢᠯᠲᠠᠨ ᠦ ᠲᠣᠭᠠᠨ ᠦ ᠳᠦ᠋ᠷᠢᠮ ᠶᠢᠨ ᠦᠭᠡᠷᠡᠴᠢᠯᠯᠲᠡ ᠨᠢ ᠰᠢᠯᠢᠳ᠋ᠡᠭ᠌ ᠰᠢᠭᠦᠭᠴᠢ ᠶᠢᠨ ᠡᠬᠢ ᠪᠠᠶᠠᠯᠢᠭ ᠢ ᠰᠢᠭᠦᠨ ᠲᠠᠰᠤᠯᠠᠬᠤ ᠨᠢᠭᠡᠳ᠋ᠦᠭᠡᠷ ᠹᠷᠣᠨᠲ ᠳᠤ ᠲᠥ᠋ᠪᠯᠡᠷᠡᠭᠦᠯᠵᠦ ᠲᠡᠢᠯᠦᠨ᠎᠎ᠡ ᠃

ᠡᠨ᠋ᠡ ᠣᠳ᠋ᠠᠭᠠᠨ ᠦ ᠬᠢᠷᠢ ᠬᠡᠮ ᠦᠨ ᠰᠢᠯᠭᠠᠯᠲᠠ ᠨᠢ ᠤᠯᠤᠰ ᠤᠨ ᠪᠠᠷᠢᠮᠵᠢᠶᠠᠲᠤ ᠰᠢᠯᠭᠠᠯᠲᠠ ᠶᠢᠨ ᠶᠠᠪᠤᠴᠠ ᠪᠠ ᠱᠠᠭᠠᠷᠳ᠋ᠠᠯᠭ᠎᠎ᠠ ᠶᠣᠰᠣᠭᠠᠷ ᠲᠥ᠋ᠪ ᠴᠢᠩᠭ᠎᠎ᠠ ᠶᠠᠪᠤᠭᠳ᠋ᠠᠭᠤᠯᠤᠭᠰᠠᠨ ᠪᠠᠢᠨ᠎᠎ᠠ ᠂  ᠰᠢᠭᠦᠭᠴᠢ ᠶᠢᠨ ᠰᠢᠭᠦᠨ ᠳᠠᠰᠤᠯᠠᠬᠤ ᠡᠭᠦᠷᠬᠡ ᠳᠤᠰᠢᠶᠠᠯ ᠢᠶᠡᠨ ᠭᠦᠢᠴᠡᠳᠬᠡᠬᠦ ᠳᠤ ᠪᠦᠷᠢᠯᠳ᠋ᠡᠭᠦᠯᠬᠦ ᠶᠣᠰᠣᠲᠠᠢ ᠲᠣᠰᠬᠠᠢ ᠮᠡᠷᠭᠡᠵᠢᠯ ᠦᠨ ᠮᠡᠳ᠋ᠡᠯᠭᠡ ᠂ ᠬᠡᠷᠡᠭ᠌ ᠰᠢᠢᠳᠪᠦᠷᠢᠯᠡᠬᠦ ᠴᠢᠳ᠋ᠠᠪᠤᠷᠢ ᠵᠡᠷᠭᠡ ᠶᠢ ᠭᠣᠣᠯᠳ᠋ᠠᠯᠭ᠎᠎ᠠ ᠲᠡᠢ ᠰᠢᠯᠭᠠᠨ ᠪᠠᠢᠴᠠᠭᠠᠵᠠᠢ ᠃ ᠪᠢᠷ ᠦᠨ ᠰᠢᠯᠭᠠᠯᠲᠠ ᠳᠤ ᠣᠨ᠋ᠤᠯ ᠤᠨ ᠮᠡᠳ᠋ᠡᠯᠭᠡ ᠂ ᠬᠡᠷᠡᠭ᠌ ᠦᠨ ᠵᠢᠱᠢᠶᠡᠨ ᠦ ᠵᠠᠳ᠋ᠠᠯᠤᠯᠲᠠ ᠂ ᠳᠠᠰᠤᠯᠤᠨ ᠳᠤᠭᠲᠠᠭᠠᠯᠲᠠ ᠶᠢᠨ ᠪᠢᠴᠢᠭ᠌ ᠬᠠᠷ᠎ᠠ ᠵᠤᠬᠢᠶᠠᠬᠤ ᠵᠡᠷᠭᠡ ᠶᠢ ᠪᠠᠭᠳ᠋ᠠᠭᠠᠵᠠᠢ ᠃ ᠰᠢᠯᠭᠠᠯᠲᠠ ᠶᠢᠨ ᠰᠤᠷᠳ᠋ᠠᠯ ᠰᠢᠯᠭᠠᠯᠲᠠ ᠶᠢᠨ ᠰᠠᠬᠢᠯᠭ᠎᠎ᠠ ᠪᠠᠲᠤ ᠶᠢ ᠲᠥ᠋ᠪ ᠴᠢᠩᠭ᠎᠎ᠠ ᠪᠤᠯᠭᠠᠬᠤ ᠶᠢᠨ ᠲᠦ᠋ᠯᠥᠭᠡ ᠦᠪᠡᠷᠲᠡᠭᠡᠨ ᠵᠠᠰᠠᠬᠤ ᠣᠷᠣᠨ ᠦ ᠦᠨᠳ᠋ᠥᠷ ᠵᠡᠷᠬᠡ ᠶᠢᠨ ᠰᠢᠭᠦᠭᠦ ᠬᠤᠷᠢᠶᠠᠨ ᠠ᠋ᠴᠠ ᠤᠳ᠋ᠤᠷᠢᠳ᠋ᠤᠯᠭ᠎᠎ᠠ ᠶᠢᠨ ᠳᠠᠭᠠᠭᠤᠯᠤᠭᠰᠠᠨ ᠰᠢᠪᠠᠳ᠋ᠠᠨ ᠵᠢᠯᠤᠭᠤᠳᠬᠤ ᠳᠣᠭᠣᠢᠯᠠᠩ ᠲᠣᠮᠢᠯᠠᠵᠤ ᠂ ᠡᠯ᠎ᠡ ᠰᠢᠯᠭᠠᠬᠤ ᠴᠢᠭ᠌ ᠲᠦ ᠣᠴᠢᠵᠤ ᠰᠢᠯᠭᠠᠨ ᠪᠠᠢᠴᠠᠭᠠᠵᠤ ᠂ ᠣᠷᠳ᠋ᠤᠰ ᠬᠤᠲᠠᠨ ᠦ ᠨᠠᠮ ᠤᠨ ᠬᠤᠷᠢᠶᠠᠨ ᠦ ᠵᠤᠬᠢᠶᠠᠨ ᠪᠠᠢᠭᠤᠯᠬᠤ ᠬᠡᠯᠲᠡᠰ ᠂ ᠤᠯᠤᠰ ᠲᠦ᠋ᠷᠥ ᠶᠢᠨ ᠬᠠᠤᠯᠢ ᠴᠠᠭᠠᠵᠠ ᠶᠢᠨ ᠬᠤᠷᠢᠶ᠎᠎ᠠ ᠵᠡᠷᠭᠡ ᠬᠤᠯᠪᠤᠭᠳ᠋ᠠᠯ ᠪᠦᠬᠦᠢ ᠰᠠᠯᠠᠭ᠎᠎ᠠ ᠮᠦ᠋ᠴᠢᠷ ᠦᠨ ᠤᠳ᠋ᠤᠷᠢᠳ᠋ᠤᠯᠭ᠎᠎ᠠ ᠴᠤ ᠰᠢᠯᠭᠠᠯᠲᠠ ᠶᠢᠨ ᠡᠳ᠋ᠦᠷ ᠰᠢᠯᠭᠠᠯᠲᠠ ᠶᠢᠨ ᠲᠠᠯᠠᠪᠠᠢ ᠶᠢᠨ ᠰᠠᠬᠢᠯᠭ᠎᠎ᠠ ᠪᠠᠲᠤ ᠶᠢ ᠬᠢᠨ᠋ᠠᠨ ᠪᠠᠢᠴᠠᠭᠠᠭᠰᠠᠨ ᠪᠠᠢᠨ᠎᠎ᠠ ᠃

ᠲᠤᠰ ᠤᠳ᠋ᠠᠭᠠᠨ ᠦ ᠰᠢᠭᠦᠭᠴᠢ ᠶᠢᠨ ᠲᠣᠭᠠᠨ ᠳ᠋ᠤ ᠣᠷᠣᠭᠣᠯᠬᠤ ᠰᠢᠯᠭᠠᠯᠲᠠ ᠪᠣᠯ ᠮᠠᠨ ᠦ ᠣᠷᠤᠨ ᠦ ᠰᠢᠭᠦᠬᠦ ᠬᠤᠷᠢᠶᠠᠨ ᠦ ᠰᠢᠰᠲ᠋ᠦᠮ ᠦᠨ ᠰᠢᠭᠦᠭᠴᠢ ᠶᠢᠨ ᠠᠵᠢᠯᠲᠠᠨ ᠦ ᠲᠣᠭᠠᠨ ᠦ ᠳᠥ᠋ᠷᠢᠮ ᠦᠨ ᠦᠭᠡᠷᠡᠴᠢᠯᠡᠯᠲᠡ ᠶᠢᠨ ᠠᠵᠢᠯ ᠤᠨ ᠴᠢᠬᠤᠯᠠ ᠵᠠᠩᠭᠢᠯᠭ᠎᠎ᠠ ᠮᠦ᠋ᠨ ᠂ ᠤᠯᠤᠰ ᠲᠥ᠋ᠷᠥ ᠶᠢᠨ ᠬᠡᠪ ᠴᠢᠨ᠋ᠠᠷ ᠦᠨᠳ᠋ᠦᠷ ᠂ ᠳᠤᠬᠠᠢᠯᠠᠭᠰᠠᠨ ᠠᠵᠢᠯ ᠤᠨ ᠴᠢᠳ᠋ᠠᠪᠤᠷᠢ ᠴᠢᠩᠭ᠎᠎ᠠ ᠂ ᠠᠷᠢᠭᠣᠨ ᠴᠢᠭᠴᠢ ᠪᠡᠶ᠎᠎ᠡ ᠪᠡᠨ ᠪᠠᠷᠢᠬᠤ ᠴᠢᠩᠭ᠎᠎ᠠ ᠂ ᠠᠵᠢᠯ ᠤᠨ ᠦᠷ᠎ᠡ ᠪᠦᠲᠥᠮᠵᠢ ᠳᠣᠪᠤᠢᠮ᠎ᠠ ᠰᠢᠯᠢᠳ᠋ᠡᠭ᠌ ᠰᠢᠭᠦᠭᠴᠢ ᠶᠢ ᠰᠢᠯᠢᠨ  ᠰᠤᠩᠭᠤᠵᠤ ᠲᠣᠭᠠᠨ ᠳᠤ ᠣᠷᠣᠭᠰᠠᠨ ᠰᠢᠭᠦᠭᠴᠢ ᠶᠢᠨ ᠡᠩᠨ᠋ᠡᠭᠡᠨ ᠳᠤ ᠣᠷᠣᠭᠣᠯᠬᠣ ᠠᠯᠬᠤᠮ ᠳᠠᠷᠠᠭ᠎᠎ᠠ ᠮᠥ᠋ᠨ ᠂ ᠲᠣᠭᠠᠨ ᠳᠤ ᠣᠷᠣᠭᠰᠠᠨ ᠰᠢᠭᠦᠭᠴᠢ ᠨᠢ ᠦᠨ᠋ᠡᠨ ᠬᠦ ᠨᠡᠢᠭᠡᠮ ᠦᠨ ᠲᠥ᠋ᠪ ᠭᠣᠣᠯᠴᠢ ᠶᠢ ᠬᠠᠮᠠᠭᠠᠯᠠᠵᠤ ᠂ ᠬᠠᠣᠯᠢ ᠴᠠᠭᠠᠵᠠ ᠶᠢᠨ ᠢᠳ᠋ᠡᠭᠡᠭᠦᠯᠬᠦ ᠬᠦᠴᠦᠨ ᠢ ᠳᠡᠭᠡᠭᠰᠢᠯᠡᠭᠦᠯᠬᠦ ᠶᠢ ᠠᠬᠢᠭᠤᠯᠬᠤ ᠡᠭᠦᠷᠭᠡ ᠬᠠᠷᠢᠭᠤᠴᠠᠯᠭ᠎᠎ᠠ ᠲᠡᠢ ᠪᠤᠯᠭᠠᠨ᠎᠎ᠠ ᠃

 

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )