ᠠᠷᠠᠳ ᠲᠦᠮᠡᠨ ᠢ᠋ᠢᠠᠷ ᠭᠣᠣᠯ ᠪᠣᠯᠭᠠᠬᠤ ᠬᠥᠭᠵᠢᠯᠲᠡ ᠵᠢᠨ ᠦᠵᠡᠯ ᠰᠠᠨᠠᠭ᠎ᠠ ᠵᠢ ᠪᠠᠷᠢᠮᠲᠠᠯᠠᠵᠤ ᠵᠠᠰᠠᠭ ᠵᠠᠬᠢᠷᠭᠠᠨ ᠤ᠋ ᠮᠠᠷᠭᠤᠯᠳᠤᠭᠠᠨ  ᠢ᠋ ᠡᠶᠡᠳᠡᠭᠦᠯᠬᠦ ᠠᠵᠢᠯ ᠢ᠋ ᠠᠬᠢᠭᠤᠯᠬᠤ ᠬᠡᠷᠡᠭᠲᠡᠢ
2020.06.11 ᠲᠣᠰ ᠥᠷᠲᠡᠭᠡᠨ ᠦ ᠨᠠᠢᠷᠠᠭᠤᠯᠤᠭᠴᠢ

    4 ᠰᠠᠷ᠎ᠠ ᠶ᠋ᠢᠨ 23 ᠤ᠋ ᠡᠳᠦᠷ ᠡᠴᠡ 24 ᠦ᠌ ᠡᠳᠦᠷ ᠪᠣᠯᠲᠠᠯᠠᠬᠢ ᠬᠤᠭᠤᠴᠠᠭᠠᠨ ᠳ᠋ᠤ ᠂ ᠠᠷᠠᠳ ᠤ᠋ᠨ ᠳᠡᠭᠡᠳ ᠰᠢᠭᠦᠬᠦ ᠬᠣᠷᠢᠶᠠᠨ ᠤ᠋  ᠰᠢᠭᠦᠨ ᠲᠠᠰᠤᠯᠬᠤ ᠺᠣᠮᠢᠰ ᠤ᠋ᠨ ᠲᠤᠰᠭᠠᠢ   ᠲᠤᠰᠢᠶᠠᠯᠲᠤ ᠭᠡᠰᠢᠭᠦᠨ ᠾᠧ  ᠰᠢᠶᠣᠣ ᠷᠦᠩ ᠵᠧᠵᠢᠶᠠᠩ  ᠵᠢ ᠪᠠᠢᠴᠠᠭᠠᠨ  ᠰᠤᠳᠤᠯᠵᠤ ᠂  ᠰᠢ ᠵᠢᠨ ᠫᠢᠩ ᠦ᠋ᠨ ᠰᠢᠨ᠎ᠡ ᠴᠠᠭ ᠦᠶ᠎ᠡ ᠶ᠋ᠢᠨ ᠳᠤᠮᠳᠠᠳᠤ ᠤᠯᠤᠰ ᠤ᠋ᠨ ᠣᠨᠴᠠᠯᠢᠭ ᠲᠠᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠣᠭᠣᠳᠤᠯᠭ᠎ᠠ ᠪᠣᠯᠭᠠᠵᠤ ᠂ 《 ᠳᠥᠷᠪᠡᠨ ᠤᠬᠠᠮᠰᠠᠷ》 ᠢ᠋ ᠴᠢᠩᠭᠠᠷᠠᠭᠤᠯᠤᠨ ᠂ 《ᠳᠥᠷᠪᠡᠨ ᠢᠲᠡᠭᠡᠯ》 ᠢ᠋ ᠪᠠᠲᠤᠳᠭᠠᠵᠤ ᠂ 《ᠬᠣᠶᠠᠷ ᠬᠠᠮᠠᠭᠠᠯᠠᠯᠲᠠ》 ᠶ᠋ᠢ ᠪᠡᠶᠡᠯᠡᠭᠦᠯᠵᠦ ᠂ ᠠᠷᠠᠳ ᠲᠦᠮᠡᠨ ᠢ᠋ᠶ᠋ᠡᠷ ᠭᠣᠣᠯ ᠪᠣᠯᠭᠠᠬᠤ ᠬᠥᠭᠵᠢᠯᠲᠡ ᠶ᠋ᠢᠨ ᠦᠵᠡᠯ ᠰᠠᠨᠠᠭ᠎ᠠ ᠶ᠋ᠢ ᠪᠠᠷᠢᠮᠲᠠᠯᠠᠬᠤ ᠬᠡᠷᠡᠭᠲᠡᠢ ᠭᠡᠵᠦ ᠴᠢᠬᠤᠯᠠᠴᠢᠯᠠᠪᠠ ᠃ ᠵᠧᠵᠢᠶᠠᠩ ᠮᠣᠵᠢ ᠶ᠋ᠢᠨ ᠠᠷᠠᠳ ᠤ᠋ᠨ ᠥᠨᠳᠥᠷ ᠵᠡᠷᠭᠡ ᠶ᠋ᠢᠨ  ᠰᠢᠭᠦᠬᠦ ᠬᠣᠷᠢᠶᠠᠨ ᠤ᠋ ᠨᠠᠮ ᠤ᠋ᠨ ᠤᠳᠤᠷᠢᠳᠬᠤ ᠳᠤᠭᠤᠢᠯᠠᠩ ᠤ᠋ᠨ  ᠰᠦᠵᠢ ᠂ ᠬᠣᠷᠢᠶᠠᠨ ᠳᠠᠷᠤᠭ᠎ᠠ ᠯᠢ ᠵᠠᠨ ᠭᠦᠸᠸ ᠪᠠᠷ᠎ᠠ ᠪᠣᠯᠵᠤ ᠪᠠᠢᠴᠠᠭᠠᠨ ᠰᠤᠳᠤᠯᠤᠯᠲᠠ ᠬᠢᠪᠡ ᠃
     ᠾᠧ  ᠰᠢᠶᠣᠣ ᠷᠦᠩ ᠨᠠᠷ ᠵᠧᠵᠢᠶᠠᠩ ᠤ᠋ᠨ ᠠᠨ ᠵᠢᠢ ᠬᠣᠲᠠ ᠳ᠋ᠤ᠌ ᠪᠦᠬᠦ ᠤᠯᠤᠰ ᠤ᠋ᠨ ᠠᠩᠬᠠᠨ ᠤ᠋ ᠵᠠᠰᠠᠭ ᠵᠠᠬᠢᠷᠭᠠᠨ ᠤ᠋ ᠮᠠᠷᠭᠤᠯᠳᠤᠭᠠᠨ ᠢ᠋ ᠡᠶᠡᠳᠡᠭᠦᠯᠬᠦ ᠲᠥᠪ ᠢ᠋ ᠲᠣᠭᠣᠷᠢᠨ ᠦᠵᠡᠵᠦ ᠂ ᠸᠧᠨ ᠵᠧᠦ ᠬᠣᠲᠠ ᠂ ᠯᠢ ᠱᠦᠢ ᠬᠣᠲᠠ ᠶ᠋ᠢᠨ ᠠᠷᠠᠳ ᠤ᠋ᠨ ᠳᠤᠮᠳᠠ ᠵᠡᠷᠭᠡ ᠶ᠋ᠢᠨ ᠰᠢᠭᠦᠬᠦ ᠬᠣᠷᠢᠶ᠎ᠠ ᠵᠢᠴᠢ ᠯᠦ᠍ ᠴᠧᠩ ᠲᠣᠭᠣᠷᠢᠭ ᠂ ᠴᠢᠩ ᠲᠢᠶᠠᠨ ᠱᠢᠶᠠᠩ ᠤ᠋ ᠠᠷᠠᠳ ᠤ᠋ᠨ ᠰᠢᠭᠦᠬᠦ ᠬᠣᠷᠢᠶᠠᠨ ᠤ᠋ ᠵᠠᠰᠠᠭ ᠵᠠᠬᠢᠷᠭᠠᠨ ᠤ᠋ ᠮᠠᠷᠭᠤᠯᠳᠤᠭᠠᠨ ᠢ᠋ ᠡᠶᠡᠳᠡᠭᠦᠯᠬᠦ ᠲᠥᠪ ᠢ᠋ ᠲᠣᠭᠣᠷᠢᠨ ᠦᠵᠡᠭᠰᠡᠨ ᠪᠥᠭᠡᠳ ᠲᠤᠰᠭᠠᠢ ᠶᠠᠷᠢᠯᠴᠠᠬᠤ ᠬᠤᠷᠠᠯ ᠬᠤᠷᠠᠯᠳᠤᠭᠤᠯᠵᠤ ᠂ ᠵᠧᠵᠢᠶᠠᠩ ᠮᠣᠵᠢ ᠶ᠋ᠢᠨ ᠥᠨᠳᠥᠷ ᠵᠡᠷᠭᠡ ᠶ᠋ᠢᠨ  ᠰᠢᠭᠦᠬᠦ ᠬᠣᠷᠢᠶ᠎ᠠ ᠵᠢᠴᠢ ᠮᠣᠵᠢ ᠶ᠋ᠢᠨ ᠬᠠᠤᠯᠢ ᠴᠠᠭᠠᠵᠠ ᠶ᠋ᠢᠨ ᠲᠢᠩᠬᠢᠮ ᠂ ᠬᠤ᠌ ᠵᠧᠦ ᠬᠣᠲᠠ ᠶ᠋ᠢᠨ ᠬᠣᠶᠠᠷ ᠱᠠᠲᠤᠨ ᠤ᠋ ᠵᠠᠰᠠᠭ ᠤ᠋ᠨ ᠣᠷᠳᠣᠨ ᠪᠠ ᠨᠢᠩ ᠪᠦᠸᠧ ᠂ ᠬᠤ᠌ ᠵᠧᠦ ᠵᠡᠷᠭᠡ ᠭᠠᠵᠠᠷ ᠤ᠋ᠨ ᠵᠠᠰᠠᠭ ᠵᠠᠬᠢᠷᠭᠠᠨ ᠤ᠋ ᠮᠠᠷᠭᠤᠯᠳᠤᠭᠠᠨ ᠢ᠋ ᠡᠶᠡᠳᠡᠭᠦᠯᠬᠦ ᠲᠥᠪ ᠤ᠋ᠨ ᠪᠦᠲᠦᠭᠡᠨ ᠪᠠᠢᠭᠤᠯᠤᠯᠲᠠ ᠵᠢᠨ ᠪᠠᠢᠳᠠᠯ ᠤ᠋ᠨ ᠲᠤᠬᠠᠢ ᠬᠠᠷᠢᠭᠤ ᠮᠡᠳᠡᠭᠦᠯᠦᠯᠲᠡ ᠵᠢ  ᠰᠣᠨᠤᠰᠴᠠᠢ᠃
     ᠾᠧ  ᠰᠢᠶᠣᠣ ᠷᠦᠩ ᠦ᠋ᠨ ᠦᠵᠡᠬᠦ ᠪᠡᠷ᠂ ᠪᠦᠬᠦ ᠮᠣᠵᠢ ᠶ᠋ᠢᠨ ᠵᠠᠰᠠᠭ ᠵᠠᠬᠢᠷᠭᠠᠨ ᠤ᠋ ᠮᠠᠷᠭᠤᠯᠳᠤᠭᠠᠨ ᠢ᠋ ᠡᠶᠡᠳᠡᠭᠦᠯᠬᠦ ᠲᠥᠪ ᠦ᠋ᠨ ᠪᠦᠲᠦᠭᠡᠨ ᠪᠠᠢᠭᠤᠯᠤᠯᠲᠠ ᠪᠣᠯ ᠬᠠᠤᠯᠢ ᠪᠠᠷ ᠤᠯᠤᠰ ᠢ᠋ᠶ᠋ᠠᠨ ᠵᠠᠰᠠᠬᠤ ᠶ᠋ᠢ ᠪᠥᠬᠥ ᠲᠠᠯ᠎ᠠ ᠪᠠᠷ ᠠᠬᠢᠭᠤᠯᠤᠭᠰᠠᠨ ᠠᠬᠤᠢ ᠪᠠᠢᠳᠠᠯ ᠤ᠋ᠨ ᠳᠣᠣᠷ᠎ᠠ ᠂ᠵᠠᠰᠠᠭ ᠵᠠᠬᠢᠷᠭᠠᠨ ᠤ᠋  ᠰᠢᠭᠦᠨ ᠲᠠᠰᠤᠯᠤᠯᠲᠠ ᠪᠣᠯᠤᠨ ᠬᠠᠤᠯᠢ ᠪᠠᠷ ᠵᠠᠰᠠᠬᠤ ᠵᠠᠰᠠᠭ ᠤ᠋ᠨ ᠣᠷᠳᠣᠨ ᠤ᠋ ᠪᠠᠢᠭᠤᠯᠤᠯᠲᠠ ᠵᠢᠨ ᠰᠠᠢᠨ ᠨᠥᠬᠦᠴᠡᠯ ᠢ᠋ ᠪᠡᠶᠡᠯᠡᠭᠦᠯᠬᠦ ᠨᠢᠭᠡ ᠵᠦᠢᠯ ᠦ᠋ᠨ ᠳᠦᠷᠢᠮ ᠦ᠋ᠨ  ᠰᠢᠨ᠎ᠡ ᠡᠭᠦᠳᠦᠯᠲᠡ ᠪᠣᠯᠤᠨ᠎ᠠ ᠂ ᠨᠡᠢᠭᠡᠮ ᠦ᠋ᠨ ᠭᠣᠣᠯ ᠵᠥᠷᠢᠴᠡᠯ ᠳ᠋ᠦ᠍ ᠬᠤᠪᠢᠷᠠᠯᠲᠠ ᠭᠠᠷᠤᠭᠰᠠᠨ ᠤ᠋ ᠳᠠᠷᠠᠭ᠎ᠠ ᠤᠯᠤᠰ ᠤ᠋ᠨ ᠵᠠᠰᠠᠯᠲᠠ ᠶ᠋ᠢᠨ  ᠰᠢᠰᠲ᠋ᠧᠮ ᠪᠠ ᠵᠠᠰᠠᠯᠲᠠ ᠶ᠋ᠢᠨ ᠴᠢᠳᠠᠪᠤᠷᠢ ᠶ᠋ᠢᠨ ᠣᠳᠣᠬᠢᠴᠢᠯᠠᠯᠲᠠ ᠶ᠋ᠢ ᠲᠡᠭᠦᠯᠳᠡᠷᠵᠢᠭᠦᠯᠬᠦ ᠢᠳᠡᠪᠬᠢᠲᠡᠢ ᠬᠠᠢᠨ ᠰᠦᠪᠡᠭᠴᠢᠯᠡᠯᠲᠡ ᠪᠣᠯᠤᠨ᠎ᠠ ᠂  ᠰᠢᠨ᠎ᠡ ᠴᠠᠭ ᠦᠶ᠎ᠡ ᠶ᠋ᠢᠨ ᠵᠠᠰᠠᠭ ᠵᠠᠬᠢᠷᠭᠠᠨ ᠤ᠋ ᠮᠠᠷᠭᠤᠯᠳᠤᠭᠠᠨ ᠢ᠋ ᠤᠯᠠᠨ ᠡᠰᠢᠵᠢᠭᠦᠯᠦᠨ ᠰᠢᠢᠳᠪᠦᠷᠢᠯᠡᠬᠦ ᠨᠢᠭᠡ ᠵᠦᠢᠯ ᠤ᠋ᠨ ᠴᠢᠬᠤᠯᠠ ᠦᠷ᠎ᠡ ᠪᠦᠲᠦᠭᠡᠯ ᠪᠣᠯᠤᠨ᠎ᠠ᠃ ᠲᠡᠷᠡ ᠵᠢᠭᠠᠵᠤ ᠭᠠᠷᠭᠠᠭᠰᠠᠨ ᠨᠢ ᠂ᠠᠵᠤ ᠠᠬᠤᠢ ᠨᠡᠢᠭᠡᠮ ᠦ᠋ᠨ ᠴᠢᠨᠠᠷ ᠰᠠᠢᠲᠠᠢ ᠬᠥᠭᠵᠢᠯᠲᠡ ᠶ᠋ᠢ ᠠᠬᠢᠭᠤᠯᠬᠤ ᠂ ᠠᠷᠠᠳ ᠲᠦᠮᠡᠨ ᠢ᠋ᠶ᠋ᠡᠷ ᠭᠣᠣᠯ ᠪᠣᠯᠭᠠᠬᠤ ᠬᠥᠭᠵᠢᠯᠲᠡ ᠶ᠋ᠢᠨ ᠦᠵᠡᠯ ᠰᠠᠨᠠᠭ᠎ᠠ ᠶ᠋ᠢ ᠪᠠᠷᠢᠮᠲᠠᠯᠠᠬᠤ ᠂ ᠬᠠᠤᠯᠢ  ᠶᠣᠰᠣᠭᠠᠷ ᠤᠯᠤᠰ ᠢ᠋ᠶ᠋ᠠᠨ ᠵᠠᠰᠠᠬᠤ ᠶᠠᠪᠤᠳᠠᠯ ᠢ᠋ ᠪᠦᠬᠦ ᠲᠠᠯ᠎ᠠ ᠪᠡᠷ ᠲᠦᠯᠬᠢᠨ ᠠᠬᠢᠭᠤᠯᠬᠤ ᠭᠤᠷᠪᠠᠨ ᠬᠡᠮᠵᠢᠯᠲᠡ ᠳ᠋ᠤ ᠰᠠᠭᠤᠷᠢᠯᠠᠵᠤ᠂ ᠵᠠᠰᠠᠭ ᠵᠠᠬᠢᠷᠭᠠᠨ ᠤ᠋ ᠮᠠᠷᠭᠤᠯᠳᠤᠭᠠᠨ ᠢ᠋ ᠣᠯᠠᠨ ᠡᠰᠢᠵᠢᠭᠦᠯᠦᠨ ᠦᠢᠯᠡᠳᠦᠯᠭᠡᠵᠢᠭᠦᠯᠬᠦ ᠠᠵᠢᠯᠯᠠᠭ᠎ᠠ ᠶ᠋ᠢ ᠤᠯᠠᠮ ᠨᠢᠭᠡ ᠠᠯᠬᠤᠮ ᠰᠦᠪᠡᠭᠴᠢᠯᠡᠨ ᠲᠡᠭᠦᠯᠳᠡᠷᠵᠢᠭᠦᠯᠬᠦ ᠬᠡᠷᠡᠭᠲᠡᠢ ᠃ ᠡᠣᠢᠷ᠎ᠠ ᠪᠦᠲᠦᠮᠵᠢ  ᠪᠣᠯᠤᠨ ᠡᠷᠬᠡ ᠲᠡᠭᠰᠢ ᠂ ᠬᠤᠪᠢ ᠭᠦᠢᠮᠣᠠ ᠤ᠋ ᠡᠷᠬᠡ᠎ ᠪᠣᠯᠤᠨ ᠨᠡᠢᠲᠡ ᠶ᠋ᠢᠨ ᠡᠠᠰᠢᠬ ᠲᠤᠰᠠ ᠂ ᠵᠦᠷᠢᠶᠡᠴᠢᠯᠡᠭᠰᠡᠨ ᠡᠣᠠᠴᠠᠯᠢᠬ ᠬᠢᠭᠡᠳ ᠳᠦᠷᠢᠮᠵᠢᠭᠰᠡᠨ ᠪᠠᠷᠢᠮᠵᠢᠶ᠎ᠠ ᠵᠠᠷᠬᠡ ᠭᠤᠷᠪᠠᠨ ᠲᠠᠯ᠎ᠠ ᠶ᠋ᠢᠨ ᠬᠠᠷᠢᠴᠠᠭ᠎ᠠ ᠶ᠋ᠢ ᠨᠢᠭᠡᠳᠦᠯᠲᠡᠢ ᠲᠥᠯᠥᠪᠯᠡᠨ ᠂ ᠡᠣᠨᠣᠯ ᠤ᠋ᠨ ᠰᠤᠳᠤᠯᠤᠯ ᠢ᠋ ᠡᠣᠯᠠᠮ ᠨᠢᠬᠡ᠎ ᠡᠠᠯᠬᠣᠮ  ᠴᠢᠩᠭᠠᠳᠭᠠᠵᠤ ᠂ ᠡᠠᠵᠢᠯ ᠤ᠋ᠨ ᠲᠣᠭᠲᠠᠴᠠ ᠵᠢ  ᠲᠡᠭᠦᠯᠳᠡᠷᠵᠢᠭᠦᠯᠦᠨ ᠤᠯᠠᠨ ᠨᠡᠢᠲᠡ ᠵᠢ ᠢᠲᠡᠭᠡᠭᠦᠯᠬᠦ ᠬᠦᠴᠦᠨ ᠪᠠ  ᠵᠠᠰᠠᠭ ᠤ᠋ᠨ ᠡᠣᠷᠳᠣᠠ ᠤ᠋ ᠬᠠᠮᠢᠶᠠᠷᠤᠯᠲᠠ ᠶ᠋ᠢᠨ ᠦᠷ᠎ᠡ  ᠪᠦᠲᠦᠮᠵᠢ ᠵᠢ ᠲᠠᠰᠤᠷᠠᠯᠲᠠ ᠡᠣᠢᠬᠡᠢ ᠳᠡᠭᠡᠭᠰᠢᠯᠡᠭᠦᠯᠵᠦ᠂ ᠵᠠᠰᠠᠭ ᠵᠠᠬᠢᠷᠭᠠᠨ ᠤ᠋ ᠮᠠᠷᠭᠤᠯᠳᠤᠭᠠᠨ ᠤ᠋ ᠰᠢᠢᠳᠪᠦᠷᠢᠯᠡᠬᠦ ᠶᠠᠪᠤᠴᠠ ᠳ᠋ᠤ ᠠᠷᠠᠳ ᠲᠦᠮᠡᠨ ᠳ᠋ᠤ ᠲᠥᠪ ᠭᠣᠣᠯᠴᠢ ᠬᠢᠭᠡᠳ ᠰᠢᠳᠤᠷᠭᠤ ᠶᠣᠰᠤ ᠵᠢ ᠮᠡᠳᠡᠷᠡᠭᠦᠯᠬᠦ ᠴᠢᠬᠤᠯᠠ ᠲᠠᠢ᠃
 ᠢᠷᠡᠯᠲᠡ ᠄ ᠠᠷᠠᠳ ᠤ᠋ᠨ  ᠰᠢᠭᠦᠬᠦ ᠬᠣᠷᠢᠶᠠᠨ ᠤ᠋ ᠰᠣᠨᠢᠨ ᠮᠡᠳᠡᠭᠡ ᠵᠠᠭᠤᠴᠢᠯᠠᠭᠤᠷ ᠤ᠋ᠨ ᠶᠡᠷᠦᠩᠬᠡᠢ ᠬᠣᠷᠢᠶ᠎ᠠ
 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )