ᠬᠠᠮᠲᠤᠪᠡᠷ ᠡᠳ᠋ᠯᠡᠬᠦ ᠳᠤᠭᠤᠢ ᠲᠡᠷᠭᠡᠨ ᠤ ᠦᠢᠯᠡᠴᠢᠯᠡᠭᠡ ᠨᠢ ᠦᠨᠡᠨ ᠨᠡᠷ᠎ᠡ ᠶᠢᠨ ᠳᠦᠷᠢᠮ ᠢ ᠬᠡᠷᠡᠭᠵᠢᠭᠦᠯᠦᠭᠰᠡᠨ ᠤ ᠳᠠᠷᠠᠭ᠎ᠠ ᠬᠡᠷᠡᠭᠯᠡᠭᠴᠢ ᠶᠢᠨ ᠮᠡᠳᠡᠭᠡ ᠵᠠᠩᠭᠢ ᠶᠢᠨ ᠠᠮᠤᠷ ᠲᠦᠪᠰᠢᠨ ᠢ ᠬᠡᠷᠬᠢᠨ ᠬᠠᠮᠠᠭᠠᠯᠠᠬᠤ᠂ ᠶᠡᠷᠦᠩᠬᠡᠢ ᠬᠡᠮᠵᠢᠶᠠᠨ ᠤ ᠬᠢᠵᠠᠭᠠᠷᠯᠠᠯ ᠢ ᠬᠡᠷᠡᠭᠵᠢᠭᠦᠯᠬᠦ ᠡᠰᠡᠬᠦ᠂ ᠳᠤᠭᠤᠢ ᠲᠡᠷᠭᠡ ᠵᠢ ᠵᠣᠭᠰᠤᠭᠠᠵᠤ ᠲᠠᠯᠪᠢᠬᠤ ᠵᠢ ᠬᠡᠷᠬᠢᠨ ᠳᠦᠷᠢᠮᠵᠢᠭᠦᠯᠬᠦ? ᠵᠠᠮ ᠬᠠᠷᠢᠯᠴᠠᠭ᠎ᠠ ᠠᠴᠢᠶ᠎ᠡ ᠲᠡᠭᠡᠪᠥᠷᠢ ᠶᠢᠨ ᠶᠠᠮᠤᠨ ᠤ23 ᠤ ᠡᠳᠦᠷ ᠶᠠᠪᠤᠭᠳᠠᠭᠰᠠᠨ ᠵᠤᠷᠰᠢᠯ ᠶᠣᠰᠣᠭᠠᠷ ᠰᠣᠨᠢᠨ ᠮᠡᠳᠡᠭᠡ ᠨᠡᠢᠲᠡᠯᠡᠬᠦ ᠬᠤᠷᠠᠯ ᠳᠡᠭᠡᠷ᠎ᠡ᠂ ᠬᠣᠯᠪᠤᠭᠳᠠᠯ ᠪᠥᠬᠦᠢ ᠬᠠᠷᠢᠭᠤᠴᠠᠯᠭᠠᠲᠠᠨ ᠡᠴᠡ《 ᠢᠨᠲ᠋ᠧᠷ ᠰᠦᠯᠵᠢᠶᠠᠨ ᠤ ᠳᠤᠭᠤᠢ ᠲᠡᠷᠭᠡ ᠳᠥᠷᠢᠶᠡᠰᠦᠯᠡᠬᠦ ᠶᠢᠨ ᠬᠥᠭᠵᠢᠯᠲᠡ ᠵᠢ ᠵᠣᠷᠢᠭᠵᠢᠭᠤᠯᠬᠤ ᠪᠠ ᠳᠦᠷᠢᠮᠵᠢᠭᠦᠯᠬᠦ ᠲᠤᠬᠠᠢ ᠵᠢᠯᠤᠭᠤᠳᠬᠤ ᠰᠠᠨᠠᠯ( ᠰᠠᠨᠠᠯ ᠬᠤᠷᠢᠶᠠᠬᠤ ᠡᠬᠡ ᠪᠢᠴᠢᠭ᠌)》 ᠤᠨ ᠨᠢᠭᠡ ᠪᠥᠯᠦᠭ ᠠᠰᠠᠭᠤᠳᠠᠯ ᠳᠤ ᠬᠠᠷᠢᠭᠤᠯᠲᠠ ᠬᠢᠪᠡ᠃
ᠦᠨᠡᠨ ᠨᠡᠷ᠎ᠡ ᠶᠢᠨ ᠳᠦᠷᠢᠮ ᠢ ᠬᠡᠷᠡᠭᠵᠢᠭᠦᠯᠦᠭᠰᠡᠨ ᠤ ᠳᠠᠷᠠᠭ᠎ᠠ ᠬᠡᠷᠡᠭᠯᠡᠭᠴᠢ ᠶᠢᠨ ᠮᠡᠳᠡᠭᠡ ᠵᠠᠩᠭᠢ ᠵᠢ ᠬᠡᠷᠬᠢᠨ ᠬᠠᠮᠠᠭᠠᠯᠠᠬᠤ
ᠤᠳᠤᠬᠠᠨ ᠪᠣᠯᠲᠠᠯ᠎ᠠ᠂ ᠬᠠᠮᠲᠤᠪᠡᠷ ᠡᠳ᠋ᠯᠡᠬᠦ ᠳᠤᠭᠤᠢ ᠲᠡᠷᠭᠡᠨ ᠤ ᠬᠡᠷᠡᠭᠯᠡᠭᠴᠢ ᠨᠢᠭᠡᠨᠲᠡ1 ᠳ᠋ᠦᠩᠰᠢᠭᠤᠷ ᠢ ᠳᠠᠪᠠᠪᠠ᠃ ᠬᠠᠮᠲᠤᠪᠡᠷ ᠬᠡᠷᠡᠭᠯᠡᠬᠦ ᠳᠤᠭᠤᠢ ᠲᠡᠷᠭᠡ ᠵᠢ ᠡᠵᠡᠩᠨᠡᠵᠦ ᠪᠠᠢᠭ᠎ᠠ ᠠᠵᠤ ᠠᠬᠤᠢᠯᠠᠯ ᠡᠴᠡ ᠮᠠᠰᠢ ᠤᠯᠠᠨ ᠬᠠᠷᠢᠯᠴᠠᠬᠤ ᠤᠲᠠᠰᠤ᠂ ᠪᠡᠶ᠎ᠡ ᠶᠢᠨ ᠭᠠᠷᠤᠯ ᠤᠨ ᠮᠡᠳᠡᠭᠡ ᠵᠠᠩᠭᠢ᠂ ᠲᠣᠭᠠᠴᠠᠬᠤ ᠳᠠᠩᠰᠠᠨ ᠳ᠋ᠤᠭᠠᠷ ᠵᠡᠷᠭᠡ ᠬᠤᠪᠢ ᠬᠥᠮᠦᠨ ᠤ ᠮᠡᠳᠡᠭᠡ ᠵᠠᠩᠭᠢ ᠵᠢ ᠡᠵᠡᠮᠰᠢᠵᠦ᠂ ᠵᠡᠷᠭᠡᠪᠡᠷ ᠬᠣᠲᠠ ᠶᠢᠨ ᠠᠷᠠᠳ ᠤᠨ ᠶᠠᠪᠤᠵᠤ ᠰᠠᠭᠤᠬᠤ᠂ ᠬᠣᠲᠠ ᠶᠢᠨ ᠵᠠᠮ ᠬᠠᠷᠢᠯᠴᠠᠭ᠎ᠠ᠂ ᠬᠠᠵᠠᠷ ᠵᠦᠢ ᠶᠢᠨ ᠮᠡᠳᠡᠭᠡ ᠵᠠᠩᠭᠢ ᠵᠡᠷᠭᠡ ᠨᠡᠢᠭᠡᠮ ᠤᠨ ᠮᠡᠳᠡᠭᠡ ᠵᠠᠩᠭᠢ ᠲᠠᠢ ᠴᠣ ᠬᠣᠯᠪᠤᠭᠳᠠᠳᠠᠭ᠃
ᠵᠠᠮ ᠬᠠᠷᠢᠯᠴᠠᠭ᠎ᠠ ᠠᠴᠢᠶ᠎ᠠ ᠲᠡᠭᠡᠪᠥᠷᠢ ᠶᠢᠨ ᠶᠠᠮᠤᠨ ᠤ ᠰᠢᠨᠵᠢᠯᠡᠬᠦ ᠤᠬᠠᠭᠠᠨᠴᠢ ᠰᠤᠲᠤᠯᠠᠬᠤ ᠬᠦᠷᠢᠶᠡᠯᠡᠩ ᠤᠨ ᠬᠣᠲᠠ ᠶᠢᠨ ᠵᠠᠮ ᠬᠠᠷᠢᠯᠴᠠᠭ᠎ᠠ ᠵᠢ ᠰᠣᠳᠤᠯᠠᠬᠤ ᠲᠥᠪ ᠤᠨ ᠡᠷᠬᠢᠯᠡᠭᠴᠢ ᠰᠤᠳᠤᠯᠠᠭᠠᠴᠢ ᠶᠠᠩ ᠰᠢᠨ ᠵᠸᠩ ᠶᠢᠨ ᠬᠡᠯᠡᠬᠦ ᠪᠡᠷ᠂ ᠰᠠᠨᠠᠯ ᠬᠤᠷᠢᠶᠠᠬᠤ ᠡᠬᠡ ᠪᠢᠴᠢᠭ᠌ ᠨᠢ ᠰᠦᠯᠵᠢᠶ᠎ᠡ ᠪᠠ ᠮᠡᠳᠡᠭᠡ ᠵᠠᠩᠭᠢ ᠶᠢᠨ ᠠᠮᠤᠷ ᠳᠥᠪᠰᠢᠨ ᠢ ᠬᠠᠮᠠᠭᠠᠯᠠᠬᠤ ᠳᠤ ᠬᠠᠨᠳᠤᠯᠭᠠᠲᠤ ᠴᠢᠨᠠᠷᠲᠠᠢ ᠠᠷᠭ᠎ᠠ ᠠᠪᠴᠢᠯ ᠢ ᠳᠤᠷᠠᠳᠪᠠ᠄ ᠨᠢᠭᠡ ᠲᠠᠯ᠎ᠠ ᠪᠡᠷ᠂ ᠡᠵᠡᠩᠨᠡᠵᠦ ᠪᠠᠢᠭ᠎ᠠ ᠠᠵᠤ ᠠᠬᠤᠢᠯᠠᠯ ᠡᠴᠡ ᠭᠣᠣᠯ ᠴᠣᠭᠴᠠ ᠶᠢᠨ ᠬᠠᠷᠢᠭᠤᠴᠠᠯᠭ᠎ᠠ ᠪᠡᠨ ᠭᠦᠢᠴᠡᠳᠭᠡᠵᠦ᠂ ᠤᠯᠤᠰ ᠤᠨ ᠰᠦᠯᠵᠢᠶ᠎ᠡ ᠪᠠ ᠮᠡᠳᠡᠭᠡ ᠵᠠᠩᠭᠢ ᠶᠢᠨ ᠬᠠᠮᠢᠶ᠎ᠠ ᠪᠥᠬᠦᠢ ᠳᠤᠭᠲᠭᠠᠯ ᠢ ᠵᠢᠷᠤᠮᠯᠠᠵᠤ᠂ ᠦᠢᠯᠡᠴᠢᠯᠡᠭᠦᠷ ᠤᠨ ᠲᠥᠪ ᠢ ᠳᠤᠮᠳᠠᠳᠤ ᠤᠯᠤᠰ ᠤᠨ ᠬᠢᠯᠢ ᠳᠣᠲᠤᠷ᠎ᠠ ᠪᠠᠢᠭᠤᠯᠵᠤ᠂ ᠰᠦᠯᠵᠢᠶᠠᠨ ᠤ ᠠᠮᠤᠷ ᠳᠥᠪᠰᠢᠨ ᠤ ᠳᠡᠰ ᠤᠨ ᠬᠠᠮᠠᠭᠠᠯᠠᠯᠲᠠ ᠶᠢᠨ ᠳᠦᠷᠢᠮ ᠢ ᠨᠠᠢᠳᠠᠪᠤᠷᠢᠵᠢᠭᠤᠯᠤᠨ᠎ᠠ᠃ ᠨᠥᠭᠦᠭᠡ ᠨᠢᠭᠡ ᠲᠠᠯ᠎ᠠ ᠪᠡᠷ᠂ ᠬᠠᠮᠢᠶ᠎ᠠ ᠪᠥᠬᠦᠢ ᠮᠡᠳᠡᠭᠡ ᠵᠠᠩᠭᠢ ᠵᠢ ᠬᠡᠷᠡᠭᠯᠡᠬᠦ ᠬᠦᠷᠢᠶ᠎ᠡ ᠬᠡᠪᠴᠢᠶ᠎ᠡ ᠵᠢ ᠳᠤᠭᠲᠠᠭᠠᠵᠤ᠂ ᠡᠵᠡᠩᠨᠡᠵᠦ ᠪᠠᠢᠭ᠎ᠠ ᠠᠵᠤ ᠠᠬᠤᠢᠯᠠᠯ ᠶᠢᠨ ᠴᠤᠭᠯᠠᠭᠤᠯᠤᠭᠰᠠᠨ ᠮᠡᠳᠡᠭᠡ ᠵᠠᠩᠭᠢ ᠨᠢ ᠬᠡᠷᠡᠭᠯᠡᠭᠴᠢ ᠶᠢᠨ ᠬᠠᠤᠯᠢ ᠶᠣᠰᠤᠨ ᠤ ᠡᠷᠬᠡ ᠠᠰᠢᠭ ᠪᠠ ᠨᠡᠢᠭᠡᠮ ᠤᠨ ᠤᠯᠠᠨ ᠲᠦᠮᠡᠨ ᠦ ᠠᠰᠢᠭ ᠲᠤᠰᠠ ᠳ᠋ᠤ ᠬᠠᠯᠳᠤᠵᠤ ᠪᠣᠯᠬᠤ ᠦᠭᠡᠢ᠂ ᠳᠥᠷᠢᠶᠡᠰᠦᠯᠡᠬᠦ ᠦᠢᠯᠡᠴᠢᠯᠡᠭᠡ ᠶᠢᠨ ᠬᠡᠷᠡᠭᠴᠡᠭᠡᠨ ᠤ ᠬᠦᠷᠢᠶ᠎ᠡ ᠬᠡᠪᠴᠢᠶᠡᠨ ᠡᠴᠡ ᠳᠠᠪᠠᠵᠤ ᠪᠣᠯᠬᠤ ᠦᠭᠡᠢ ᠭᠡᠵᠦ ᠱᠠᠭᠠᠷᠳᠠᠪᠠ᠃
ᠶᠠᠩ ᠰᠢᠨ ᠵᠸᠩ ᠬᠡᠯᠡᠬᠦ ᠳᠤ ᠪᠡᠨ᠂ ᠰᠠᠨᠠᠯ ᠬᠤᠷᠢᠶᠠᠬᠤ ᠡᠬᠡ ᠪᠢᠴᠢᠭ᠌ ᠨᠢ ᠵᠡᠷᠭᠡᠪᠡᠷ ᠬᠠᠮᠳᠤᠪᠡᠷ ᠬᠡᠷᠡᠭᠯᠡᠬᠦ ᠳᠤᠭᠤᠢ ᠲᠡᠷᠭᠡᠨ ᠤ ᠦᠢᠯᠡᠴᠢᠯᠡᠭᠡ ᠶᠢᠨ ᠬᠦᠷᠢᠶ᠎ᠡ ᠬᠡᠪᠴᠢᠶᠠᠨ ᠤ ᠢᠲᠡᠭᠡᠮᠵᠢ ᠶᠢᠨ ᠲᠡᠮᠳᠡᠭᠯᠡᠯ ᠤᠨ ᠪᠠᠢᠭᠤᠯᠤᠯᠲᠠ ᠵᠢ ᠲᠦᠷᠭᠡᠳᠭᠡᠵᠦ᠂ ᠠᠵᠤ ᠠᠬᠤᠢᠯᠠᠯ ᠪᠠ ᠬᠡᠷᠡᠭᠯᠡᠭᠴᠢ ᠶᠢᠨ ᠢᠲᠡᠭᠡᠮᠵᠢ ᠶᠢᠨ ᠰᠠᠭᠤᠷᠢ ᠲᠣᠭ᠎ᠠ ᠪᠠᠷᠢᠮᠲᠠ ᠶᠢᠨ ᠬᠥᠮᠦᠷᠭᠡ ᠵᠢ ᠪᠠᠢᠭᠤᠯᠵᠤ᠂ ᠲᠣᠭᠲᠠᠭᠰᠠᠨ ᠬᠤᠭᠤᠴᠠᠭ᠎ᠠ ᠲᠠᠢ ᠪᠡᠷ ᠪᠥᠬᠦ ᠤᠯᠤᠰ ᠤᠨ ᠢᠲᠡᠭᠡᠮᠵᠢ ᠶᠢᠨ ᠮᠡᠳᠡᠭᠡ ᠵᠠᠩᠭᠢ ᠵᠢ ᠬᠤᠪᠢᠶᠠᠯᠴᠠᠬᠤ ᠲᠠᠪᠴᠠᠩ ᠳᠤ ᠬᠦᠷᠭᠡᠵᠦ᠂ ᠬᠡᠷᠡᠭᠯᠡᠭᠴᠢ ᠪᠠ ᠠᠵᠤ ᠠᠬᠤᠢᠯᠠᠯ ᠤᠨ ᠪᠣᠯᠪᠠᠰᠤᠨ ᠪᠤᠰᠤ ᠦᠢᠯᠡ ᠠᠵᠢᠯᠠᠯᠭ᠎ᠠ ᠪᠠ ᠬᠠᠤᠯᠢ ᠳᠦᠷᠢᠮ ᠢ ᠵᠥᠷᠢᠴᠡᠭᠰᠡᠨ ᠦᠢᠯᠡ ᠠᠵᠢᠯᠠᠯᠭ᠎ᠠ ᠵᠢ ᠢᠲᠡᠭᠡᠮᠵᠢ ᠶᠢᠨ ᠲᠡᠮᠳᠡᠭᠯᠡᠯ ᠳᠤ ᠣᠷᠤᠭᠤᠯᠬᠤ ᠬᠡᠷᠡᠭᠲᠠᠢ ᠭᠡᠵᠦ ᠳᠤᠷᠠᠳᠪᠠ᠃ ᠳᠠᠷᠠᠭᠠᠴᠢ ᠶᠢᠨ ᠠᠯᠬᠤᠮ ᠳᠤ᠂ ᠬᠠᠮᠢᠶ᠎ᠠ ᠪᠥᠬᠦᠢ ᠰᠠᠯᠠᠭ᠎ᠠ ᠮᠥᠴᠢᠷ ᠬᠠᠮᠲᠤᠷᠠᠯᠴᠠᠵᠤ ᠪᠠᠢᠭᠠᠳ ᠢᠲᠡᠭᠡᠯ ᠠᠯᠳᠠᠭᠰᠠᠨ ᠢ ᠵᠠᠯᠬᠠᠭᠠᠵᠤ ᠰᠠᠭᠠᠭᠤᠯᠠᠮᠵᠢ ᠢ ᠰᠤᠳᠤᠯᠤᠨ ᠳᠤᠭᠲᠠᠭᠠᠵᠤ᠂ ᠬᠠᠮᠲᠤᠪᠠᠷ ᠵᠣᠬᠢᠶᠠᠨ ᠪᠠᠢᠭᠤᠯᠤᠨ ᠬᠡᠷᠡᠭᠵᠢᠭᠦᠯᠦᠨ᠎ᠡ᠃
《 ᠵᠠᠰᠠᠭ ᠤᠨ ᠣᠷᠳᠤᠨ ᠤ ᠲᠠᠯ᠎ᠠ ᠡᠴᠡ ᠨᠡᠩ ᠥᠷᠭᠡᠨ ᠬᠡᠪᠴᠢᠶᠠᠨ ᠤ ᠮᠡᠳᠡᠭᠡ ᠵᠠᠩᠭᠢ ᠬᠤᠪᠢᠶᠠᠯᠴᠠᠬᠤ ᠳᠤᠭᠲᠠᠴᠠ ᠵᠢ ᠵᠣᠬᠢᠶᠠᠨ ᠪᠠᠢᠭᠤᠯᠵᠤ᠂ ᠨᠡᠩ ᠬᠦᠴᠦᠨ ᠲᠠᠢ ᠨᠡᠩ ᠥᠷᠭᠡᠨ ᠬᠡᠪᠴᠢᠶᠠᠨ ᠤ ᠵᠠᠯᠬᠠᠭᠠᠯ ᠢ ᠬᠡᠷᠡᠭᠵᠢᠭᠦᠯᠵᠦ᠂ ᠬᠡᠷᠡᠭᠯᠡᠭᠴᠢ ᠶᠢᠨ ᠦᠢᠯᠡ ᠠᠵᠢᠯᠠᠯᠭ᠎ᠠ ᠵᠢ ᠳᠦᠷᠢᠮᠵᠢᠭᠦᠯᠬᠦ ᠳᠤ ᠨᠡᠩ ᠰᠠᠢᠨ ᠦᠢᠯᠡᠳᠦᠯ ᠢ ᠪᠠᠳᠠᠷᠠᠭᠤᠯᠤᠨ᠎ᠠ᠃》 ᠭᠡᠵᠦ ᠵᠠᠮ ᠬᠠᠷᠢᠯᠴᠠᠭ᠎ᠠ ᠠᠴᠢᠶ᠎ᠠ ᠲᠡᠭᠡᠪᠥᠷᠢ ᠶᠢᠨ ᠶᠠᠮᠤᠨ ᠤ ᠰᠣᠨᠢᠨ ᠮᠡᠳᠡᠭᠡ ᠨᠡᠢᠲᠡᠯᠡᠭᠴᠢ ᠡᠦ ᠴᠦᠨ ᠭᠸᠩ ᠬᠡᠯᠡᠪᠡ᠃
ᠪᠠᠷᠢᠴᠠᠭᠠᠨ ᠤ ᠮᠥᠩᠭᠦ ᠨᠢ《 ᠠᠶᠤᠯ ᠦᠭᠡᠢ ᠶᠢᠨ ᠨᠠᠭᠠᠲᠤ ᠵᠠᠬ᠎ᠠ ᠵᠢ ᠰᠠᠬᠢᠨ᠎ᠠ》
ᠵᠠᠮ ᠬᠠᠷᠢᠯᠴᠠᠭ᠎ᠠ ᠠᠴᠢᠶ᠎ᠠ ᠲᠡᠭᠡᠪᠥᠷᠢ ᠶᠢᠨ ᠶᠠᠮᠤᠨ ᠤ ᠠᠴᠢᠶ᠎ᠠ ᠲᠡᠭᠡᠪᠥᠷᠢ ᠶᠢᠨ ᠵᠤᠷᠭᠠᠨ ᠤ ᠳᠡᠳ᠋ ᠳᠠᠷᠤᠭ᠎ᠠ ᠼᠠᠢ ᠲᠤᠸᠠᠨ ᠵᠢᠶᠸ ᠡᠴᠡ᠂ ᠪᠠᠷᠢᠴᠠᠭᠠᠨ ᠤ ᠮᠥᠩᠭᠦ ᠨᠢ ᠰᠠᠨᠠᠯ ᠬᠤᠷᠢᠶᠠᠬᠤ ᠡᠬᠡ ᠪᠢᠴᠢᠭ᠌ ᠤᠨ《 ᠠᠶᠤᠯ ᠦᠭᠡᠢ ᠶᠢᠨ ᠨᠠᠭᠠᠲᠤ ᠵᠠᠬ᠎ᠠ ᠵᠢ ᠰᠠᠬᠢᠬᠤ》 ᠶᠢᠨ ᠳᠣᠲᠤᠷᠠᠬᠢ ᠨᠢᠭᠡ ᠨᠠᠭᠠᠲᠤ ᠵᠠᠬ᠎ᠠ ᠪᠠᠢᠵᠤ᠂ ᠪᠤᠲᠠᠲᠠᠢ ᠳᠡᠭᠡᠷ᠎ᠡ ᠪᠡᠨ ᠲᠠᠪᠤᠨ ᠲᠠᠯ᠎ᠠ ᠪᠡᠷ ᠢᠯᠡᠷᠡᠳᠡᠭ᠄
ᠨᠢᠭᠡ ᠨᠢ ᠪᠠᠷᠢᠴᠠᠭᠠᠨ ᠤ ᠮᠥᠩᠭᠦ ᠦᠭᠡᠢ ᠪᠡᠷ ᠳᠥᠷᠢᠶᠠᠰᠦᠯᠠᠬᠦ ᠦᠢᠯᠡᠴᠢᠯᠡᠭᠡ ᠬᠠᠩᠭᠠᠬᠤ ᠵᠢ ᠵᠣᠷᠢᠭᠵᠢᠭᠤᠯᠤᠨ᠎ᠠ᠃ ᠬᠤᠶᠠᠷ ᠨᠢ ᠬᠡᠷᠡᠭᠯᠡᠭᠴᠢ ᠶᠢᠨ ᠪᠡᠯᠡ ᠮᠥᠩᠭᠦ( ᠪᠠᠷᠢᠴᠠᠭᠠᠨ ᠤ ᠮᠥᠩᠭᠦ ᠪᠠ ᠤᠷᠢᠳᠴᠢᠯᠠᠨ ᠲᠤᠰᠢᠶᠠᠭᠰᠠᠨ ᠮᠥᠩᠭᠦ ᠪᠠᠭᠲᠠᠨ᠎ᠠ) ᠪᠣᠯᠤᠨ ᠠᠵᠤ ᠠᠬᠤᠢᠯᠠᠯ ᠤᠨ ᠥᠪᠡᠷ ᠤᠨ ᠪᠡᠯᠡ ᠮᠥᠩᠭᠦ ᠵᠢ ᠴᠢᠩᠭ᠎ᠠ ᠬᠤᠪᠢᠶᠠᠷᠢᠯᠠᠵᠤ᠂ ᠬᠡᠷᠡᠭᠯᠡᠭᠴᠢ ᠶᠢᠨ ᠪᠠᠷᠢᠴᠠᠭᠠᠨ ᠤ ᠮᠥᠩᠭᠦ᠂ ᠤᠷᠢᠳᠴᠢᠯᠠᠨ ᠲᠤᠰᠢᠶᠠᠭᠰᠠᠨ ᠪᠡᠯᠡ ᠮᠥᠩᠭᠦᠨ ᠤ ᠲᠤᠰᠭᠠᠢ ᠳᠠᠩᠰᠠᠨ ᠡᠷᠦᠬᠡ ᠵᠢ ᠪᠠᠢᠭᠤᠯᠵᠤ᠂ ᠲᠤᠰᠭᠠᠢ ᠵᠣᠭᠤᠰ ᠢ ᠲᠤᠰᠭᠠᠢ ᠬᠡᠷᠡᠭᠯᠡᠬᠦ ᠂ ᠬᠢᠨᠠᠯᠲᠠ ᠬᠦᠯᠢᠶᠡᠬᠦ ᠵᠢ ᠬᠡᠷᠡᠭᠵᠢᠭᠦᠯᠬᠦ ᠵᠡᠷᠭᠡ᠂ ᠵᠡᠷᠭᠡᠪᠡᠷ ᠠᠵᠤ ᠠᠬᠤᠢᠯᠠᠯ ᠢ ᠱᠠᠭᠠᠷᠳᠠᠵᠤ ᠬᠡᠷᠡᠭᠯᠡᠭᠴᠢ ᠶᠢᠨ ᠪᠠᠷᠢᠴᠠᠭᠠᠨ ᠤ ᠮᠥᠩᠭᠦ ᠵᠢ ᠪᠤᠴᠠᠭᠠᠬᠤ ᠳᠤᠭᠲᠠᠴᠠ ᠵᠢ ᠲᠡᠭᠦᠯᠳᠡᠷᠵᠢᠭᠦᠯᠬᠦ ᠬᠡᠷᠡᠭᠲᠠᠢ ᠭᠡᠪᠡ᠃ ᠭᠤᠷᠪᠠ ᠨᠢ᠂《 ᠳᠥᠷᠢᠶᠡᠰᠦᠯᠡᠬᠦ ᠦᠶᠡᠰ ᠪᠠᠷᠢᠴᠠᠭᠠᠯᠠᠵᠤ᠂ ᠪᠤᠴᠠᠭᠠᠭᠰᠠᠭᠠᠷ ᠳᠠᠷᠤᠢ ᠪᠤᠴᠠᠭᠠᠬᠤ》 ᠬᠡᠯᠪᠡᠷᠢ ᠵᠢ ᠠᠬᠢᠭᠤᠯᠬᠤ ᠵᠢ ᠵᠣᠷᠢᠭᠵᠢᠭᠤᠯᠵᠤ᠂ ᠳᠠᠷᠤᠢ ᠳᠤᠭᠤᠢ ᠲᠡᠷᠭᠡ ᠵᠢ ᠳᠥᠷᠢᠶᠡᠰᠦᠯᠡᠬᠦ ᠦᠶᠡᠰ ᠪᠠᠷᠢᠴᠠᠭᠠᠨ ᠤ ᠮᠥᠩᠭᠦ ᠲᠤᠰᠢᠶᠠᠵᠤ᠂ ᠳᠤᠭᠤᠢ ᠲᠡᠷᠭᠡ ᠵᠢ ᠪᠤᠴᠠᠭᠠᠬᠤ ᠦᠶᠡᠰ ᠳᠠᠷᠤᠢ ᠳᠤ ᠨᠢ ᠪᠠᠷᠢᠴᠠᠭᠠᠨ ᠤ ᠮᠥᠩᠭᠦ ᠵᠢ ᠨᠢ ᠪᠤᠴᠠᠭᠠᠬᠤ᠃ ᠳᠥᠷᠪᠡ ᠨᠢ ᠡᠵᠡᠩᠨᠡᠵᠦ ᠪᠠᠢᠭ᠎ᠠ ᠠᠵᠤ ᠠᠬᠤᠢᠯᠠᠯ ᠲᠠᠢ ᠬᠣᠯᠪᠤᠭᠳᠠᠭᠰᠠᠨ ᠪᠡᠯᠡ ᠮᠥᠩᠭᠦ ᠶᠢᠨ ᠳ᠋ᠦᠩᠨᠡᠨ ᠪᠣᠳᠤᠯᠲᠠ ᠶᠢᠨ ᠠᠵᠢᠯ ᠲᠥᠷᠦᠯ ᠳᠤ ᠡᠷᠬᠡᠪᠢᠰᠢ ᠪᠠᠩᠬᠢ ᠪᠤᠶᠤ ᠪᠠᠩᠬᠢ ᠶᠢᠨ ᠪᠤᠰᠤ ᠲᠣᠭᠠᠴᠠᠬᠤ ᠪᠠᠢᠭᠤᠯᠤᠮᠵᠢ ᠡᠴᠡ ᠬᠠᠩᠭᠠᠵᠤ᠂ ᠮᠥᠨ ᠲᠡᠭᠦᠨ ᠲᠠᠢ ᠭᠡᠷ᠎ᠡ ᠳᠤᠭᠲᠠᠬᠤ ᠬᠡᠷᠡᠭᠲᠠᠢ ᠭᠡᠵᠦ ᠱᠠᠭᠠᠷᠳᠠᠪᠠ᠃ ᠲᠠᠪᠤ ᠨᠢ᠂ ᠡᠵᠡᠩᠨᠡᠵᠦ ᠪᠠᠢᠭ᠎ᠠ ᠠᠵᠤ ᠠᠬᠤᠢᠯᠠᠯ ᠬᠤᠳᠠᠯᠳᠤᠨ ᠣᠷᠤᠭᠤᠯᠬᠤ᠂ ᠴᠣᠮᠬᠠᠳᠭᠠᠨ ᠨᠡᠢᠯᠡᠭᠦᠯᠬᠦ᠂ ᠲᠠᠬᠢᠨ ᠪᠠᠢᠭᠤᠯᠬᠤ ᠡᠰᠡᠭᠦᠯ᠎ᠡ ᠵᠠᠬ᠎ᠠ ᠲᠡᠯᠭᠡᠭᠦᠷ ᠤᠨ ᠡᠵᠡᠩᠨᠡᠯᠲᠡ ᠡᠴᠡ ᠭᠠᠷᠬᠤ ᠳᠤ ᠬᠦᠷᠪᠡᠯ ᠵᠠᠪᠠᠯ ᠵᠦᠢ ᠶᠣᠰᠤᠨ ᠤ ᠲᠥᠰᠦᠪ ᠳᠤᠭᠲᠠᠭᠠᠵᠤ᠂ ᠬᠡᠷᠡᠭᠯᠡᠭᠴᠢ ᠶᠢᠨ ᠬᠠᠤᠯᠢ ᠶᠣᠰᠤᠨ ᠤ ᠡᠷᠬᠡ ᠠᠰᠢᠭ ᠪᠠ ᠪᠡᠯᠡ ᠮᠥᠩᠭᠦᠨ ᠤ ᠠᠮᠤᠷ ᠳᠥᠪᠰᠢᠨ ᠢ ᠪᠠᠲᠤᠯᠠᠬᠤ ᠬᠡᠷᠡᠭᠲᠠᠢ᠃
ᠡᠵᠡᠩᠨᠡᠵᠦ ᠪᠠᠢᠭ᠎ᠠ ᠠᠵᠤ ᠠᠬᠤᠢᠯᠠᠯ ᠢ ᠤᠳᠤᠷᠢᠳᠴᠤ ᠪᠠᠢᠮᠠᠨ ᠳᠤᠭᠤᠢ ᠲᠡᠷᠭᠡ ᠵᠢ ᠵᠦᠢ ᠵᠣᠬᠢᠰᠲᠠᠢ ᠡᠮᠬᠢ ᠵᠢᠷᠤᠮ ᠲᠠᠢ ᠲᠠᠯᠪᠢᠭᠤᠯᠤᠨ᠎ᠠ
《 ᠵᠠᠷᠢᠮ ᠬᠣᠲᠠ ᠶᠢᠨ ᠬᠡᠰᠡᠭ ᠪᠥᠯᠦᠭ ᠭᠠᠵᠠᠷ ᠢᠶᠡᠷ ᠳᠤᠭᠤᠢ ᠲᠡᠷᠭᠡ ᠨᠢ ᠬᠡᠷᠡᠭᠴᠡᠭᠡᠨ ᠡᠴᠡ ᠢᠯᠡᠭᠦᠦ ᠭᠠᠷᠤᠭᠰᠠᠨ ᠦᠵᠡᠭᠳᠡᠯ ᠢᠯᠡᠷᠡᠪᠡ᠃ 》 ᠭᠡᠵᠦ ᠼᠠᠢ ᠲᠤᠸᠠᠨ ᠵᠢᠶᠸ ᠬᠡᠯᠡᠪᠡ᠂ ᠵᠠᠷᠢᠮ ᠭᠠᠵᠠᠷ ᠣᠷᠤᠨ ᠤ《 ᠲᠠᠭᠠᠴᠠ ᠡᠴᠡ ᠬᠡᠲᠦᠷᠡᠭᠰᠡᠨ》 ᠪᠠᠢᠳᠠᠯ ᠨᠢ ᠡᠵᠡᠩᠨᠡᠵᠦ ᠪᠠᠢᠭ᠎ᠠ ᠠᠵᠤ ᠠᠬᠤᠢᠯᠠᠯ ᠤᠨ ᠵᠣᠬᠢᠶᠠᠨ ᠪᠠᠢᠭᠤᠯᠤᠯᠲᠠ ᠶᠢᠨ ᠬᠠᠮᠢᠶᠠᠷᠤᠯᠲᠠ᠂ ᠲᠡᠷᠭᠡ ᠬᠥᠰᠭᠡ ᠶᠢᠨ ᠰᠢᠯᠵᠢᠭᠦᠯᠦᠨ ᠳᠤᠬᠢᠷᠠᠭᠤᠯᠤᠯᠲᠠ ᠵᠡᠷᠭᠡ ᠱᠤᠭᠤᠮ ᠤᠨ ᠳᠣᠣᠷᠠᠬᠢ ᠦᠢᠯᠡᠴᠢᠯᠡᠭᠡ ᠬᠦᠷᠦᠯᠴᠡᠬᠦ ᠦᠭᠡᠢ ᠡᠴᠡ ᠪᠣᠯᠤᠭᠰᠠᠨ ᠬᠡᠰᠡᠭ ᠪᠥᠯᠦᠭ ᠭᠠᠵᠠᠷ᠂ ᠬᠡᠰᠡᠭ ᠬᠤᠭᠤᠴᠠᠭᠠᠨ ᠤ ᠤᠬᠤᠷ ᠬᠤᠭᠤᠴᠠᠭᠠᠨ ᠤ ᠳᠣᠲᠤᠷ᠎ᠠ ᠬᠡᠲᠦ ᠠᠷᠪᠢᠨ ᠪᠣᠯᠬᠤ ᠨᠢ ᠴᠤᠷ ᠤᠨ ᠭᠠᠭᠴᠠ ᠲᠣᠬᠢᠷᠠᠭᠤᠯᠤᠨ ᠲᠠᠯᠪᠢᠭᠰᠡᠨ ᠶᠡᠷᠦᠩᠬᠡᠢ ᠬᠡᠮᠵᠢᠶ᠎ᠡ ᠡᠴᠡ ᠪᠣᠯᠤᠭᠰᠠᠨ ᠠᠰᠠᠭᠤᠳᠠᠯ ᠪᠢᠰᠢ ᠶᠤᠮ᠃ ᠵᠠᠷᠢᠮ ᠠᠵᠤ ᠠᠬᠤᠢᠯᠠᠯ ᠨᠢ ᠦᠨᠡᠨᠬᠦ ᠲᠣᠬᠢᠷᠠᠭᠤᠯᠤᠨ ᠲᠠᠯᠪᠢᠭᠰᠡᠨ ᠨᠢ ᠬᠡᠲᠦ ᠤᠯᠠᠨ ᠡᠴᠡ ᠪᠣᠯᠤᠭᠰᠠᠨ ᠪᠠᠢᠵᠤ᠂ ᠢᠯᠭᠠᠷᠠᠭᠤᠯᠤᠨ ᠰᠢᠢᠳᠪᠦᠷᠢᠯᠡᠬᠦ ᠴᠢᠬᠤᠯᠠᠲᠠᠢ ᠪᠠᠢᠳᠠᠭ᠃
ᠼᠠᠢ ᠲᠤᠸᠠᠨ ᠵᠢᠶᠧ ᠢᠯᠡᠷᠬᠡᠢᠯᠡᠬᠦ ᠳᠤ ᠪᠡᠨ᠂ ᠬᠠᠷᠢᠶᠠᠯᠠᠬᠤ ᠭᠠᠵᠠᠷ ᠤᠨ ᠬᠠᠮᠢᠶᠠᠷᠤᠯᠲᠠ ᠵᠢ ᠪᠠᠷᠢᠮᠲᠠᠯᠠᠵᠤ᠂ ᠡᠯ᠎ᠡ ᠬᠣᠲᠠ ᠥᠪᠡᠷ ᠤᠨ ᠢᠶᠡᠨ ᠣᠨᠴᠠᠯᠢᠭ ᠂ ᠤᠯᠠᠨ ᠨᠡᠢᠲᠡ ᠶᠢᠨ ᠶᠠᠪᠤᠵᠤ ᠰᠠᠭᠤᠬᠤ ᠱᠠᠭᠠᠷᠳᠠᠯᠭ᠎ᠠ ᠪᠣᠯᠤᠨ ᠬᠠᠮᠲᠤᠪᠡᠷ ᠬᠡᠷᠡᠭᠯᠡᠬᠦ ᠳᠤᠭᠤᠢ ᠲᠡᠷᠭᠡᠨ ᠤ ᠬᠥᠭᠵᠢᠯᠲᠡ ᠶᠢᠨ ᠬᠠᠷᠠᠯᠲᠠ ᠵᠡᠷᠭᠡ ᠵᠢ ᠦᠨᠳᠦᠰᠦᠯᠡᠨ ᠬᠣᠲᠠ ᠶᠢᠨ ᠣᠷᠤᠨ ᠵᠠᠢ ᠶᠢᠨ ᠳᠠᠭᠠᠴᠠ᠂ ᠵᠣᠭᠰᠤᠭᠠᠬᠤ ᠳᠥᠬᠦᠭᠡᠷᠡᠮᠵᠢ ᠶᠢᠨ ᠡᠬᠢ ᠪᠠᠶᠠᠯᠢᠭ᠂ ᠤᠯᠠᠨ ᠨᠡᠢᠲᠡ ᠶᠢᠨ ᠶᠠᠪᠤᠵᠤ ᠰᠠᠭᠤᠬᠤ ᠱᠠᠭᠠᠷᠳᠠᠯᠭ᠎ᠠ ᠵᠡᠷᠭᠡ ᠲᠠᠢ ᠬᠠᠷᠢᠯᠴᠠᠨ ᠲᠣᠬᠢᠷᠠᠯᠴᠠᠭᠰᠠᠨ ᠲᠡᠷᠭᠡ ᠬᠥᠰᠭᠡ ᠲᠣᠬᠢᠷᠠᠭᠤᠯᠤᠨ ᠲᠠᠯᠪᠢᠬᠤ ᠳᠤᠭᠲᠠᠴᠠ ᠵᠢ ᠰᠤᠳᠤᠯᠠᠨ ᠪᠠᠢᠭᠤᠯᠬᠤ ᠵᠢ ᠵᠣᠷᠢᠭᠵᠢᠭᠤᠯᠵᠤ᠂ ᠡᠵᠡᠩᠨᠡᠵᠦ ᠪᠠᠢᠭ᠎ᠠ ᠠᠵᠤ ᠠᠬᠤᠢᠯᠠᠯ ᠢ ᠵᠢᠯᠤᠭᠤᠳᠤᠨ ᠵᠦᠢ ᠵᠣᠬᠢᠰᠲᠠᠢ ᠡᠮᠬᠢ ᠵᠢᠷᠤᠮ ᠲᠠᠢ ᠪᠡᠷ ᠲᠡᠷᠭᠡ ᠬᠥᠰᠭᠡ ᠵᠢ ᠲᠣᠬᠢᠷᠠᠭᠤᠯᠤᠨ ᠲᠠᠯᠪᠢᠨ᠎ᠠ᠃ ᠡᠭᠦᠨ ᠤ ᠵᠡᠷᠭᠡᠪᠡᠷ ᠡᠵᠡᠩᠨᠡᠵᠦ ᠪᠠᠢᠭ᠎ᠠ ᠠᠵᠤ ᠠᠬᠤᠢᠯᠠᠯ ᠢ ᠱᠠᠭᠠᠷᠳᠠᠵᠤ ᠪᠠᠢᠮᠠᠨ ᠱᠤᠭᠤᠮ ᠤᠨ ᠳᠣᠣᠷᠠᠬᠢ ᠡᠵᠡᠩᠨᠡᠯᠲᠡ ᠶᠢᠨ ᠳᠤᠬᠢᠷᠠᠭᠤᠯᠤᠯᠲᠠ ᠵᠢ ᠴᠢᠩᠭᠠᠳᠭᠠᠵᠤ᠂ ᠬᠡᠰᠡᠭ ᠭᠠᠵᠠᠷ ᠣᠷᠤᠨ ᠳᠤ ᠲᠡᠷᠭᠡ ᠬᠥᠰᠭᠡ ᠬᠡᠲᠦᠷᠬᠡᠢ ᠢᠯᠡᠭᠦᠳᠡᠬᠦ ᠡᠴᠡ ᠵᠠᠢᠯᠠᠰᠬᠢᠨᠠ᠃
ᠬᠠᠮᠲᠤᠪᠡᠷ ᠬᠡᠷᠡᠭᠯᠡᠬᠦ ᠳᠤᠭᠤᠢ ᠲᠡᠷᠭᠡ ᠵᠢ ᠤᠨᠠᠬᠤ ᠣᠷᠴᠢᠨ ᠢ ᠥᠭᠡᠷᠡᠴᠢᠯᠡᠨ ᠰᠠᠢᠵᠢᠷᠠᠭᠤᠯᠤᠨ᠎ᠠ
ᠵᠠᠮ ᠳᠡᠭᠡᠷᠡᠬᠢ ᠬᠠᠮᠲᠤᠪᠡᠷ ᠬᠡᠷᠡᠭᠯᠡᠬᠦ ᠳᠤᠭᠤᠢ ᠲᠡᠷᠭᠡᠨ ᠤ ᠶᠠᠪᠤᠬᠤ ᠲᠤᠰᠤᠮ ᠤᠯᠠᠳᠠᠭᠤ ᠵᠢ ᠳᠠᠭᠠᠯᠳᠤᠨ᠂ ᠮᠠᠰᠢᠨ ᠲᠡᠷᠭᠡ ᠳᠤᠭᠤᠢ ᠲᠡᠷᠭᠡᠨ ᠤ ᠵᠠᠮ ᠵᠢ ᠡᠵᠡᠯᠡᠭᠰᠡᠨ ᠵᠥᠷᠢᠴᠡᠯ ᠤᠯᠠᠮ ᠨᠢᠭᠡ ᠠᠯᠬᠤᠮ ᠢᠯᠡᠷᠬᠡᠢ ᠪᠣᠯᠪᠠ᠃ ᠼᠠᠢ ᠲᠤᠸᠠᠨ ᠵᠢᠶᠧ ᠬᠡᠯᠡᠬᠦ ᠳᠤ ᠪᠡᠨ᠂ ᠰᠠᠨᠠᠯ ᠬᠤᠷᠢᠶᠠᠬᠤ ᠡᠬᠡ ᠪᠢᠴᠢᠭ᠌ ᠳᠤᠮᠳᠠ᠂ ᠬᠣᠲᠠ ᠶᠢᠨ ᠵᠠᠰᠠᠭ ᠤᠨ ᠣᠷᠳᠤᠨ ᠢ ᠵᠢᠯᠤᠭᠤᠳᠴᠤ ᠪᠠᠢᠭᠠᠳ ᠪᠤᠲᠠᠲᠠᠢ ᠪᠠᠢᠳᠠᠯ ᠳᠤ ᠪᠡᠨ ᠳᠤᠬᠢᠷᠠᠭᠤᠯᠤᠨ ᠳᠤᠭᠤᠢ ᠲᠡᠷᠭᠡᠨ ᠤ ᠵᠠᠮ ᠬᠠᠷᠢᠯᠴᠠᠭᠠᠨ ᠤ ᠲᠣᠣᠷᠵᠢᠯ ᠳᠤ ᠬᠠᠮᠢᠶᠠᠲᠠᠢ ᠳᠤᠭᠲᠠᠮᠵᠢ ᠶᠢᠨ ᠲᠥᠯᠡᠪᠵᠢᠭᠦᠯᠭᠡ ᠬᠢᠨ᠎ᠡ᠄
ᠨᠢᠭᠡ ᠳᠤ ᠬᠣᠲᠠ ᠨᠢ ᠵᠦᠢ ᠵᠣᠬᠢᠰᠲᠠᠢ ᠪᠡᠷ ᠳᠤᠭᠤᠢ ᠲᠡᠷᠭᠡᠨ ᠤ ᠵᠠᠮ ᠬᠠᠷᠢᠯᠴᠠᠭᠠᠨ ᠤ ᠲᠤᠤᠷᠵᠢᠯ ᠳᠤ ᠵᠣᠬᠢᠴᠠᠭᠤᠯᠤᠨ ᠲᠡᠷᠭᠡ ᠵᠣᠭᠰᠤᠭᠠᠬᠤ ᠳᠥᠬᠦᠭᠡᠷᠡᠮᠵᠢ ᠲᠤᠬᠢᠨᠠᠭᠤᠯᠬᠤ ᠵᠢ ᠬᠣᠲᠠ ᠶᠢᠨ ᠵᠠᠮ ᠬᠠᠷᠢᠯᠴᠠᠭᠠᠨ ᠤ ᠶᠡᠷᠦᠩᠬᠡᠢ ᠰᠢᠰᠲ᠋ᠧᠮ ᠤᠨ ᠲᠥᠯᠦᠪᠵᠢᠭᠦᠯᠭᠡ ᠲᠠᠢ ᠬᠣᠯᠪᠤᠬᠤ ᠬᠡᠷᠡᠭᠲᠠᠢ᠃ ᠬᠤᠶᠠᠷ ᠲᠤ ᠳᠤᠭᠤᠢ ᠲᠡᠷᠭᠡᠨ ᠤ ᠵᠠᠮ ᠤᠨ ᠪᠠᠢᠭᠤᠯᠤᠯᠲᠠ ᠵᠢ ᠲᠦᠷᠭᠡᠳᠭᠡᠵᠦ᠂ ᠳᠤᠭᠤᠢ ᠲᠡᠷᠭᠡᠨ ᠤ ᠵᠠᠮ ᠤᠨ ᠲᠣᠣᠷᠵᠢᠯ ᠪᠠ ᠰᠠᠭᠠᠳ ᠦᠭᠡᠢ ᠪᠠᠢᠬᠤ ᠴᠢᠨᠠᠷ ᠢ ᠳᠡᠭᠡᠭᠰᠢᠯᠡᠭᠦᠯᠦᠨ᠎ᠡ᠃ ᠭᠤᠷᠪᠠ ᠳᠤ ᠵᠠᠮ ᠮᠥᠷ ᠤᠨ ᠲᠡᠮᠳᠡᠭ ᠪᠠ ᠱᠤᠭᠤᠮ ᠢ ᠲᠡᠭᠦᠯᠲᠡᠷᠵᠢᠭᠦᠯᠵᠦ᠂ ᠮᠠᠰᠢᠨᠲᠤ ᠪᠤᠰᠤ ᠲᠡᠷᠭᠡᠨ ᠤ ᠵᠠᠮ ᠢ ᠡᠵᠡᠯᠡᠭᠰᠡᠨ ᠬᠠᠤᠯᠢ ᠪᠤᠰᠤ ᠠᠵᠢᠯᠠᠯᠭ᠎ᠠ ᠵᠢ ᠵᠠᠯᠠᠷᠠᠭᠤᠯᠵᠤ᠂ ᠳᠤᠭᠤᠢ ᠲᠡᠷᠭᠡᠨ ᠤ ᠨᠡᠪᠲᠡᠷᠡᠬᠦ ᠨᠥᠬᠦᠴᠡᠯ ᠢ ᠪᠠᠲᠤᠯᠠᠨ᠎ᠠ᠃ ᠳᠥᠷᠪᠡ ᠳᠤ ᠬᠣᠲᠠ ᠡᠴᠡ ᠱᠠᠭᠠᠷᠳᠠᠵᠤ ᠪᠠᠢᠭᠠᠳ ᠳᠤᠭᠤᠢ ᠲᠡᠷᠭᠡᠨ ᠤ ᠵᠣᠭᠰᠤᠬᠤ ᠴᠢᠭ ᠢ ᠳᠦᠷᠢᠮᠵᠢᠭᠦᠯᠵᠦ᠂ ᠵᠣᠭᠰᠤᠬᠤ ᠳᠤ ᠳᠤᠬᠢᠷᠠᠮᠵᠢ ᠦᠭᠡᠢ ᠬᠡᠰᠡᠭ ᠪᠤᠶᠤ ᠵᠠᠮ ᠳᠡᠭᠡᠷ᠎ᠡ ᠵᠣᠭᠰᠤᠬᠤ ᠵᠢ ᠴᠠᠭᠠᠵᠢᠯᠠᠬᠤ ᠬᠠᠮᠢᠶᠠᠷᠤᠯᠲᠠ ᠶᠠᠪᠤᠭᠳᠠᠭᠤᠯᠵᠤ ᠪᠣᠯᠤᠨ᠎ᠠ᠃
ᠼᠠᠢ ᠲᠤᠸᠠᠨ ᠵᠢᠶᠧ ᠡᠴᠡ ᠳᠤᠭᠤᠢ ᠲᠡᠷᠭᠡ ᠵᠢ ᠵᠣᠭᠰᠤᠭᠠᠬᠤ ᠲᠠᠯ᠎ᠠ ᠪᠡᠷ ᠬᠠᠮᠲᠤᠪᠡᠷ ᠬᠡᠷᠡᠭᠯᠡᠬᠦ ᠳᠤᠭᠤᠢ ᠲᠡᠷᠭᠡᠨ ᠤ ᠴᠢᠯᠦᠭᠡᠲᠡᠢ ᠵᠢᠭᠡᠯᠡᠵᠦ ᠴᠢᠯᠦᠭᠡᠲᠡᠢ ᠪᠤᠴᠠᠭᠠᠳᠠᠭ ᠣᠨᠴᠠᠯᠢᠭ ᠢ ᠭᠦᠢᠴᠡᠳ ᠪᠣᠳᠤᠯᠬᠢᠯᠠᠵᠤ᠂ ᠬᠡᠲᠦ ᠤᠯᠠᠨ ᠬᠢᠵᠠᠭᠠᠷᠯᠠᠯ ᠳᠤᠭᠲᠠᠭᠠᠬᠤ ᠡᠴᠡ ᠵᠠᠢᠯᠠᠰᠬᠢᠨᠠ᠃ ᠡᠯ᠎ᠡ ᠲᠠᠯ᠎ᠠ ᠶᠢᠨ ᠬᠠᠮᠤᠭ ᠶᠡᠬᠡ ᠲᠡᠩᠴᠡᠭᠦᠷᠢ ᠶᠢᠨ ᠴᠢᠭ ᠢ ᠣᠯᠵᠤ᠂ ᠠᠷᠠᠳ ᠲᠦᠮᠡᠨ ᠤ ᠳᠥᠭᠦᠮ ᠲᠦᠳᠡ ᠠᠮᠤᠷ ᠳᠥᠪᠰᠢᠨ ᠬᠡᠷᠡᠭᠯᠡᠬᠦ ᠵᠢ ᠪᠠᠲᠤᠯᠠᠬᠤ ᠬᠡᠷᠡᠭᠲᠠᠢ ᠭᠡᠪᠡ᠃
ᠢᠷᠡᠯᠲᠡ᠄ ᠳᠤᠮᠳᠠᠳᠤ ᠤᠯᠤᠰ ᠤᠨ ᠰᠢᠭᠦᠬᠦ ᠬᠣᠷᠢᠶᠠᠨ ᠤ ᠰᠦᠯᠵᠢᠶ᠎ᠡ
ᠦᠨᠡᠯᠡᠬᠦ 0ᠦᠨᠡᠯᠡᠯᠲᠡ᠎ᠲᠠᠢ