ᠮᠠᠨ ᠤ ᠤᠯᠤᠰ ᠤᠨ ᠰᠢᠬᠦᠬᠦ ᠬᠤᠷᠢᠶᠠᠨ ᠤ ᠰᠢᠭᠦᠭᠴᠢ ᠶᠢᠨ ᠤᠷᠤᠨ ᠳᠤᠭᠠᠨ ᠤ ᠲᠦᠷᠢᠮ ᠦᠨ ᠥᠭᠡᠷᠡᠴᠢᠯᠡᠯᠲᠡ  ᠶᠢᠨ ᠳᠤᠷᠰᠢᠯᠳᠠ ᠶᠢᠨ ᠴᠡᠭ ᠦᠨ ᠠᠵᠢᠯ ᠦᠨᠳᠦᠰᠦᠨ ᠳᠦ ᠪᠡᠨ ᠪᠡᠶᠡᠯᠡᠭᠳᠡᠪᠡ
2017.02.14 ᠲᠣᠰ ᠥᠷᠲᠡᠭᠡᠨ᠎ᠦ ᠨᠠᠢᠷᠠᠭᠤᠯᠤᠭᠴᠢ

    ᠰᠤᠷᠪᠤᠯᠵᠢᠯᠠᠭᠴᠢ 13  ᠤ ᠡᠳᠦᠷ ᠠᠷᠠᠳ ᠤᠨ ᠳᠡᠬᠡᠳᠦ ᠵᠡᠷᠬᠡ ᠶᠢᠨ ᠰᠢᠬᠦᠬᠦ ᠬᠤᠷᠢᠶᠠᠨ ᠠᠴᠠ ᠮᠳᠡᠭᠰᠡᠨ ᠨᠢ ᠂ ᠡᠨᠡ ᠵᠢᠯ ᠦᠨ 1 ᠰᠠᠷ᠎ᠠ ᠶᠢᠨ ᠰᠡᠭᠦᠯᠴᠢ ᠪᠤᠯᠳᠠᠯ᠎ᠠ ᠂ ᠪᠦᠬᠦ ᠤᠯᠤᠰ ᠤᠨ 27 ᠮᠤᠵᠢ ᠤᠷᠤᠨ ᠬᠤᠳᠠ  ᠶᠢᠨ ᠰᠢᠬᠦᠬᠦ ᠬᠤᠷᠢᠶ᠎ᠠ ᠨᠢᠬᠡᠨᠲᠡ ᠳᠤᠭᠠᠨ ᠤ ᠤᠷᠤᠭᠰᠠᠨ ᠰᠢᠬᠦᠭᠴᠢ ᠶᠢ ᠰᠣᠩᠭᠤᠬᠤ ᠠᠵᠢᠯ  ᠢ ᠪᠡᠶᠡᠯᠡᠬᠦᠯᠵᠦ ᠂ ᠪᠠᠷᠤᠭ ᠪᠦᠬᠦ ᠤᠯᠤᠰ ᠤᠨ ᠰᠢᠬᠦᠬᠦ ᠬᠤᠷᠢᠶᠠᠨ ᠤ ᠪᠦᠬᠦ ᠳᠤᠭ᠎ᠠ ᠶᠢᠨ 86.7%  ᠶᠢ ᠡᠵᠡᠯᠡᠵᠦ ᠂ ᠨᠡᠢᠲᠡ ᠳᠤᠭᠠᠨ ᠳᠤ ᠤᠷᠤᠭᠰᠠᠨ ᠰᠢᠬᠦᠭᠴᠢ 105433 ᠨᠡᠷᠡᠰ ᠃  ᠰᠢᠭᠦᠭᠴᠢ ᠶᠢᠨ ᠤᠷᠤᠨ ᠳᠤᠭᠠᠨ ᠤ ᠲᠦᠷᠢᠮ ᠦᠨ ᠥᠭᠡᠷᠡᠴᠢᠯᠡᠯᠲᠡ  ᠶᠢᠨ ᠳᠤᠷᠰᠢᠯᠳᠠ ᠶᠢᠨ ᠴᠡᠭ ᠦᠨ ᠠᠵᠢᠯ ᠦᠨᠳᠦᠰᠦᠨ ᠳᠦ ᠪᠡᠨ ᠪᠡᠶᠡᠯᠡᠭᠳᠡᠪᠡ᠃

     ᠣᠢᠯᠭᠠᠯᠲᠠ ᠶᠢ ᠦᠨᠳᠦᠰᠦᠯᠡᠪᠡᠯ᠂ ᠳᠡᠭᠡᠷ᠎ᠡ ᠵᠢᠯ ᠡᠴᠡ ᠨᠠᠰᠢ ᠂ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ ᠳᠤᠷᠤᠭᠰᠢ ᠵᠢᠭᠠᠨ ᠵᠢᠯᠤᠭᠤᠳᠤᠯᠭ᠎ᠠ ᠶᠢᠨ ᠴᠢᠨᠠᠷ ᠳᠠᠢ ᠰᠠᠨᠠᠭᠤᠯᠭ᠎ᠠ ᠪᠠᠭᠤᠯᠭᠠᠬᠤ ᠂ ᠪᠠᠢᠳᠠᠯ ᠤᠨ ᠮᠡᠳᠡᠭᠦᠯᠦᠯᠲᠡ ᠶᠢᠨ ᠲᠦᠷᠢᠮ ᠢ ᠪᠠᠢᠭᠤᠯᠬᠤ ᠂ ᠨᠡᠢᠲᠡᠯᠢᠭ ᠲᠤᠷᠰᠢᠯᠭ᠎ᠠ  ᠶᠢᠨ ᠵᠢᠱᠢᠶ᠎ᠡ ᠦᠵᠡᠬᠦᠯᠬᠦ ᠵᠡᠷᠬᠡ ᠬᠡᠯᠪᠡᠷ ᠢᠶᠡᠷ ᠳᠠᠮᠵᠢᠵᠤ ᠂ ᠤᠷᠤᠨ ᠳᠤᠭᠠᠨ ᠤ ᠲᠦᠷᠢᠮ ᠦᠨ ᠥᠭᠡᠷᠡᠴᠢᠯᠡᠯᠲᠡ  ᠶᠢᠨ ᠲᠦᠷᠦ ᠶᠢᠨ ᠪᠤᠳᠤᠯᠭ᠎ᠠ ᠶᠢᠨ ᠣᠢᠯᠭᠠᠯᠲᠠ ᠂ ᠮᠦᠷᠳᠡᠨ ᠵᠢᠯᠤᠭᠤᠳᠬᠤ ᠂ ᠮᠡᠳᠡᠬᠡ ᠵᠠᠩᠬᠢ ᠴᠤᠭᠯᠠᠭᠤᠯᠬᠤ ᠶᠢ ᠬᠦᠴᠦᠨ ᠳᠠᠯᠪᠢᠵᠤ ᠴᠢᠩᠭᠠᠳᠭᠠᠵᠤ ᠂ ᠤᠷᠤᠨ ᠨᠤᠳᠤᠭ ᠤᠨ ᠡᠯ᠎ᠠ ᠱᠠᠳᠤᠨ ᠤ ᠰᠢᠬᠦᠬᠦ ᠬᠤᠷᠢᠶ᠎ᠠ ᠤᠷᠤᠨ ᠳᠤᠭᠠᠨ ᠤ ᠲᠦᠷᠢᠮ ᠦᠨ ᠥᠭᠡᠷᠡᠴᠢᠯᠡᠯᠲᠡ ᠶᠢ ᠬᠤᠷᠳᠤᠴᠠ ᠨᠡᠮᠡᠨ ᠲᠦᠯᠬᠢᠨ ᠠᠬᠢᠭᠤᠯᠬᠤ ᠶᠢ ᠱᠠᠭᠠᠷᠳᠠᠪᠠ ᠃ 2016 ᠤᠨ ᠤ ᠳᠡᠭᠡᠷ᠎ᠠ ᠬᠠᠭᠠᠰ ᠵᠢᠯ ᠂ ᠪᠦᠬᠦ ᠤᠯᠤᠰ ᠤᠨ 21 ᠲᠦᠮᠡ ᠰᠢᠬᠦᠭᠴᠢ ᠳᠤᠰᠢᠶᠠᠯ ᠢ ᠦᠡᠬᠡᠷᠡᠴᠢᠯᠡᠬᠦ ᠪᠠ ᠰᠢᠭᠦᠭᠴᠢ ᠶᠢᠨ ᠵᠡᠷᠬᠡ ᠳᠡᠰ ᠳᠤᠭᠳᠠᠭᠠᠬᠤ ᠶᠢ ᠦᠨᠳᠦᠰᠦᠨ ᠡᠴᠡ ᠨᠢ ᠪᠡᠶᠡᠯᠡᠬᠦᠯᠵᠦ ᠂ ᠰᠢᠨ᠎ᠠ ᠪᠠᠷ ᠳᠤᠰᠢᠶᠠᠯ ᠳᠤ ᠭᠠᠷᠤᠭᠰᠠᠨ ᠰᠢᠬᠦᠭᠴᠢ ᠶᠢᠨ ᠰᠢᠬᠦᠨ ᠳᠠᠰᠤᠯᠤᠯᠲᠠ ᠶᠢᠨ ᠨᠦᠬᠦᠪᠦᠷᠢ ᠂ ᠬᠡᠰᠡᠭ ᠵᠡᠷᠬᠡ ᠳᠠᠪᠰᠢᠭᠰᠠᠨ ᠰᠢᠬᠦᠭᠴᠢ ᠶᠢᠨ ᠨᠦᠬᠦᠪᠦᠷᠢ  ᠶᠢᠨ ᠵᠦᠷᠢᠶ᠎ᠠ ᠶᠢ ᠨᠦᠬᠦᠵᠦ ᠦᠭᠬᠦ ᠶᠢ ᠰᠠᠢᠳᠤᠷ ᠰᠢᠢᠳᠪᠦᠷᠢᠯᠡᠪᠡ ᠂ ᠤᠳᠤᠬᠠᠨ ᠳᠤ᠂ ᠪᠦᠬᠦ ᠤᠯᠤᠰ ᠤᠨ ᠰᠢᠬᠦᠬᠦ ᠬᠤᠷᠢᠶ᠎ᠠ ᠢᠳᠡᠪᠬᠢᠲᠡᠢ ᠪᠡᠷ ᠰᠢᠭᠦᠭᠴᠢ ᠶᠢᠨ ᠲᠤᠰᠠᠭᠠᠷ ᠳᠤᠰᠢᠶᠠᠯ  ᠤᠨ ᠳᠡᠰ ᠳᠠᠷᠠᠭ᠎ᠠ ᠶᠢᠨ ᠬᠤᠶᠠᠳᠤᠭᠠᠷ ᠠᠯᠬᠤᠮ ᠤᠨ ᠥᠭᠡᠷᠡᠴᠢᠯᠡᠯᠲᠡ ᠶᠢᠨ ᠠᠵᠢᠯ ᠢ ᠲᠦᠯᠬᠢᠨ ᠠᠬᠢᠭᠤᠯᠵᠤ ᠪᠠᠢᠨ᠎ᠠ ᠃

     ᠰᠤᠷᠪᠤᠯᠵᠢᠯᠠᠭᠴᠢ ᠮᠡᠳᠡᠭᠰᠡᠨ ᠨᠢ ᠂ ᠠᠷᠠᠳ  ᠤᠨ ᠳᠡᠭᠡᠳᠦ ᠵᠡᠷᠭᠡ  ᠶᠢᠨ ᠰᠢᠬᠦᠬᠦ ᠬᠤᠷᠢᠶᠠᠨ ᠤ ᠨᠢᠬᠡᠳᠦᠭᠡᠷ ᠂ᠬᠤᠶᠠᠳᠤᠭᠠᠷ ᠳᠤᠭᠤᠷᠢᠨ ᠰᠢᠬᠦᠬᠦ ᠲᠢᠩᠬᠢᠮ 2015 ᠤᠨ ᠳᠤ ᠵᠢᠩᠬᠢᠨᠢ ᠪᠡᠷ ᠠᠵᠢᠯᠠᠭᠰᠠᠨ ᠠᠴᠠ ᠨᠠᠰᠢ ᠂ 2016 ᠤᠨ ᠤ 11 ᠰᠠᠷᠠᠢᠨ ᠰᠡᠭᠦᠯᠴᠢ ᠪᠤᠯᠳᠠᠯ᠎ᠠ ᠨᠡᠢᠲᠡ 4445 ᠬᠡᠷᠡᠭ ᠬᠦᠯᠢᠶᠡᠨ ᠠᠪᠴᠤ ᠂ 3948 ᠬᠡᠷᠡᠭ ᠰᠢᠢᠳᠪᠦᠷᠢᠯᠡᠵᠦ ᠂ ᠰᠤᠷᠪᠤᠯᠵᠢᠯᠠᠭ᠎ᠠ 7.2 ᠲᠦᠮᠡ ᠤᠳᠠᠭ᠎ᠠ ᠳᠤᠰᠴᠤ ᠂ ᠬᠠᠤᠯᠢ ᠴᠠᠭᠠᠵᠠ ᠶᠢᠨ ᠥᠭᠡᠷᠡᠴᠢᠯᠡᠯᠲᠡ ᠶᠢᠨ ᠬᠤᠰᠢᠭᠤᠴᠢ᠂ ᠳᠤᠷᠰᠢᠭᠴᠢ᠂ ᠳᠠᠭᠠᠭᠤᠯᠤᠭᠴᠢ  ᠶᠢᠨ ᠦᠢᠯᠡᠳᠦᠯ ᠢ ᠰᠠᠢᠳᠤᠷ ᠪᠠᠳᠠᠷᠠᠭᠤᠯᠵᠤ᠂ ᠦᠨᠳᠦᠰᠦᠨ ᠳᠡᠭᠡᠷ᠎ᠠ ᠪᠠᠨ ᠰᠢᠬᠦᠨ ᠳᠠᠰᠤᠯᠤᠯᠲᠠ ᠶᠢᠨ ᠪᠠᠢᠭᠤᠯᠤᠮᠵᠢ ᠶᠢᠨ ᠭᠣᠣᠯᠳᠠᠯᠭ᠎ᠠ ᠳᠤᠷᠤᠭᠰᠢ ᠰᠢᠯᠵᠢᠭᠰᠡᠨ᠂ ᠳᠤᠬᠠᠢ ᠶᠢᠨ ᠳᠠᠯᠠᠪᠠᠢ ᠳᠤ ᠵᠢᠭᠤᠷᠠᠯᠳᠤᠭᠠᠨ ᠢ ᠰᠢᠢᠳᠪᠦᠷᠢᠯᠡᠬᠦ ᠂ ᠳᠤᠬᠠᠢ ᠬᠦᠮᠦᠨ ᠵᠠᠷᠭᠤ ᠬᠢᠬᠦ ᠳᠦ ᠲᠦᠬᠦᠮ ᠪᠤᠯᠭᠠᠬᠤ ᠥᠭᠡᠷᠡᠴᠢᠯᠡᠯᠲᠡ ᠶᠢᠨ ᠤᠤᠯ ᠰᠠᠨᠠᠭ᠎ᠠ ᠶᠢ ᠪᠡᠶᠡᠯᠡᠬᠦᠯᠵᠦ ᠂ ᠬᠠᠤᠯᠢ ᠴᠠᠭᠠᠵᠠ ᠶᠢᠨ ᠨᠡᠢᠲᠡ ᠶᠢ ᠢᠲᠡᠭᠡᠭᠦᠯᠬᠦ ᠬᠦᠴᠦᠨ ᠪᠠ ᠬᠠᠤᠯᠢ ᠴᠠᠭᠠᠵᠠ ᠶᠢᠨ ᠡᠷᠬᠡ ᠰᠦᠷ ᠢ ᠳᠡᠭᠡᠭᠰᠢᠯᠡᠭᠦᠯᠪᠡ᠃

     ᠡᠭᠦᠨ ᠡᠴᠡ ᠭᠠᠳᠠᠨ᠎ᠠ ᠂ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ ᠨᠢᠬᠡ ᠵᠢᠯ ᠦᠨ ᠳᠤᠳᠤᠷ᠎ᠠ ᠢᠳᠡᠪᠬᠢᠳᠠᠢ ᠪᠠᠷ ᠠᠷᠠᠳ ᠤᠨ ᠬᠠᠪᠰᠤᠷᠠᠨ ᠰᠢᠭᠦᠭᠴᠢ ᠶᠢᠨ ᠲᠦᠷᠢᠮ ᠦᠨ ᠥᠭᠡᠷᠡᠴᠢᠯᠡᠯᠲᠡ ᠶᠢᠨ ᠲᠤᠷᠰᠢᠯᠲᠠ ᠶᠢᠨ ᠴᠡᠭ ᠦᠨ ᠠᠵᠢᠯ ᠢ ᠲᠦᠯᠬᠢᠨ ᠠᠬᠢᠭᠤᠯᠪᠠ ᠃ 50 ᠲᠤᠷᠰᠢᠯᠲᠠ ᠶᠢᠨ ᠴᠡᠭ ᠰᠢᠬᠦᠬᠦ ᠬᠤᠷᠢᠶ᠎ᠠ ᠰᠢᠨ᠎ᠡ ᠠᠷᠠᠳ ᠤᠨ ᠬᠠᠪᠰᠤᠷᠠᠨ ᠰᠢᠬᠦᠭᠴᠢ 9673 ᠬᠦᠮᠦᠨ ᠰᠤᠩᠭᠤᠵᠤ ᠂ ᠳᠤᠷᠰᠢᠯᠳᠠ ᠶᠢᠨ ᠴᠡᠭ ᠠᠷᠠᠳ  ᠤᠨ ᠰᠢᠬᠦᠬᠦ ᠬᠤᠷᠢᠶᠠᠨ ᠤ ᠬᠠᠪᠰᠤᠷᠠᠨ ᠰᠢᠬᠦᠭᠴᠢ  ᠶᠢᠨ ᠳᠤᠭ᠎ᠠ 13322 ᠬᠦᠷᠴᠦ ᠂ ᠰᠢᠬᠦᠭᠴᠢ ᠶᠢᠨ ᠤᠷᠤᠨ ᠳᠤᠭᠠᠨ ᠤ 4.3 ᠳᠠᠬᠢᠨ ᠂ ᠨᠢᠬᠡ ᠪᠦᠯᠦᠭ ᠠᠷᠠᠳ ᠤᠨ ᠰᠠᠨᠠᠭᠠᠨ ᠳᠤ ᠨᠡᠪᠲᠡᠷᠬᠡᠢ ᠂ ᠠᠷᠠᠳ ᠤᠨ ᠰᠠᠨᠠᠭ᠎ᠠ ᠶᠢ ᠮᠡᠳᠡᠬᠦ ᠂ ᠳᠤᠬᠠᠢ ᠶᠢᠨ ᠰᠤᠶᠤᠯ ᠳᠠᠢ ᠠᠭᠤᠰᠤᠯᠴᠠᠭᠰᠠᠨ ᠡᠬᠡᠯ ᠠᠷᠠᠳ ᠨᠢ ᠠᠷᠠᠳ ᠤᠨ ᠬᠠᠪᠰᠤᠷᠠᠨ ᠰᠢᠬᠦᠭᠴᠢ ᠪᠡᠷ ᠰᠤᠩᠭᠤᠭᠳᠠᠵᠤ ᠂ ᠢᠷᠡᠯᠲᠡ ᠨᠡᠩ ᠦᠷᠭᠡᠨ ᠂ ᠪᠦᠲᠦᠴᠡ ᠨᠡᠩ ᠵᠦᠢ ᠵᠤᠬᠢᠰᠳᠠᠢ ᠃ 2016 ᠤᠨ ᠳᠤ ᠂ 50 ᠲᠤᠷᠰᠢᠯᠲᠠ ᠶᠢᠨ ᠴᠡᠭ ᠰᠢᠬᠦᠬᠦ ᠬᠤᠷᠢᠶ᠎ᠠ ᠠᠷᠠᠳ ᠤᠨ ᠬᠠᠪᠰᠤᠷᠠᠨ ᠰᠢᠬᠦᠭᠴᠢ ᠣᠷᠤᠯᠴᠠᠭᠰᠠᠨ ᠡᠯ᠎ᠠ ᠲᠦᠷᠦᠯ ᠦᠨ ᠬᠡᠷᠡᠭ 81772 ᠰᠢᠬᠦᠨ ᠰᠢᠢᠳᠪᠦᠷᠢᠯᠡᠵᠦ ᠂ ᠡᠭᠦᠨ ᠦ ᠳᠤᠮᠳᠠ᠂ ᠢᠷᠭᠡᠨ ᠦ ᠬᠡᠷᠡᠭ 64917᠂ ᠡᠷᠡᠭᠦᠦ ᠶᠢᠨ ᠬᠡᠷᠡᠭ 11642᠂ ᠵᠠᠰᠠᠭ ᠵᠠᠬᠢᠷᠭᠠᠨ ᠤ ᠬᠡᠷᠡᠭ 5213᠃ ᠠᠷᠠᠳ ᠤᠨ ᠬᠠᠪᠰᠤᠷᠠᠨ ᠰᠢᠬᠦᠭᠴᠢ ᠤᠷᠤᠯᠴᠠᠵᠤ ᠪᠦᠷᠢᠯᠳᠦᠭᠰᠡᠨ ᠵᠥᠪᠯᠡᠯᠳᠦᠬᠦ ᠲᠢᠩᠬᠢᠮ ᠰᠢᠬᠦᠵᠦ ᠰᠢᠢᠳᠪᠦᠷᠢᠯᠡᠭᠰᠡᠨ ᠨᠢ ᠤᠯᠠᠨ ᠨᠡᠢᠲᠡ ᠶᠢᠨ ᠠᠰᠢᠭ ᠳᠤᠰᠠ ᠂ ᠨᠡᠢᠬᠡᠮ ᠦᠨ ᠬᠠᠮᠳᠤ ᠶᠢᠨ ᠠᠰᠢᠭ ᠳᠤᠰᠠ ᠳᠠᠢ ᠬᠤᠯᠪᠤᠭᠳᠠᠭᠰᠠᠨ ᠵᠡᠷᠬᠡ ᠨᠡᠢᠬᠡᠮ ᠦᠨ ᠨᠦᠯᠦᠬᠡ ᠨᠡᠯᠢᠶᠡᠳ ᠶᠡᠬᠡ ᠬᠡᠷᠡᠭ 1624 ᠪᠠᠢᠵᠤ᠂ ᠨᠡᠢᠬᠡᠮ ᠦᠨ ᠳᠤᠰᠬᠠᠯ ᠮᠠᠰᠢ ᠰᠠᠢᠨ ᠃

 

 

 

ᠢᠷᠡᠯᠲᠡ ᠄ ᠳᠤᠮᠳᠠᠳᠤ ᠤᠯᠤᠰ ᠤᠨ ᠰᠢᠬᠦᠬᠦ ᠬᠤᠷᠢᠶᠠᠨ ᠤ ᠰᠦᠯᠵᠢᠶ᠎ᠠ

ᠦᠨᠡᠯᠡᠬᠦ 0ᠦᠨᠡᠯᠡᠯᠲᠡ᠎ᠲᠠᠢ


( ᠨᠧᠲ ᠨᠠᠢᠵᠠ ᠵᠢᠨ ᠦᠨᠡᠯᠡᠯᠲᠡ᠎ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠱᠢᠶᠡᠷᠡᠭᠰᠡᠨ ᠶᠠᠪᠤᠳᠠᠯ ᠤᠭᠳᠤ ᠪᠢᠱᠢ᠎ᠶᠤᠮ᠃ )