《ᠡᠭᠦᠳᠡᠨ ᠡᠮᠦᠨᠡᠬᠢ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ》
2017.01.12 ᠲᠣᠰ ᠥᠷᠲᠡᠭᠡᠨ ᠦ ᠨᠠᠢᠷᠠᠭᠤᠯᠤᠭᠴᠢ

    2016 ᠤᠨ ᠤ 12ᠰᠠᠷᠠᠢᠨ 29  ᠤ ᠡᠳᠦᠷ ᠂ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ ᠤ ᠲᠠᠪᠤᠳᠤᠭᠠᠷ ᠳᠤᠭᠤᠷᠢᠨ ᠰᠢᠬᠦᠬᠦ ᠲᠢᠩᠬᠢᠮ ᠠᠵᠢᠯ ᠡᠬᠢᠯᠡᠬᠦ ᠡᠳᠦᠷ ᠂ ᠵᠸᠤ ᠴᠢᠶᠠᠩ ᠬᠤᠷᠢᠶᠠᠨ ᠳᠠᠷᠤᠭ᠎ᠠ ᠴᠦᠩᠴᠢᠩ ᠳᠦ ᠪᠠᠢᠭ᠎ᠠ ᠬᠡᠰᠡᠭ ᠪᠦᠬᠦ ᠤᠯᠤᠰ ᠤᠨ ᠠᠷᠠᠳ ᠤᠨ ᠲᠥᠯᠦᠭᠡᠯᠡᠭᠴᠢ ᠶᠢ ᠤᠷᠢᠵᠤ ᠰᠠᠭᠤᠳᠠᠯ ᠤᠨ ᠬᠤᠷᠠᠯ ᠬᠢᠵᠦ ᠂ ᠴᠦᠩᠴᠢᠩ ᠦᠨ ᠬᠠᠤᠯᠢᠴᠢ ᠶᠢᠨ ᠨᠡᠢᠭᠡᠮᠯᠢᠭ ᠦᠨ ᠳᠠᠷᠤᠭ᠎ᠠ ᠬᠠᠨ ᠳ᠋ᠸ ᠶᠦᠨ  ᠢ ᠨᠡᠷ᠎ᠡ ᠳᠤᠷᠠᠳᠤᠨ ᠤᠷᠢᠳᠠᠪᠡᠷ ᠶᠠᠷᠢᠶ᠎ᠠ ᠳᠠᠯᠪᠢᠭᠤᠯᠪᠠ᠄ 《ᠴᠦᠩᠴᠢᠩ ᠳᠦ ᠳᠤᠭᠤᠷᠢᠨ ᠰᠢᠬᠦᠬᠦ ᠲᠢᠩᠬᠢᠮ ᠪᠠᠢᠭᠤᠯᠬᠤ ᠵᠥᠪᠯᠡᠯᠭᠡ ᠶᠢ ᠳᠠ ᠲᠡᠷᠢᠬᠦᠯᠡᠨ ᠳᠤᠷᠠᠳᠤᠭᠰᠠᠨ ᠶᠤᠮ᠂ ᠳᠠ ᠲᠠᠪᠤᠳᠤᠭᠠᠷ ᠳᠤᠭᠤᠷᠢᠨ ᠰᠢᠬᠦᠬᠦ ᠲᠢᠩᠬᠢᠮ ᠳᠦ ᠦᠭᠬᠦ ᠰᠠᠨᠠᠯ ᠢᠶᠠᠨ ᠶᠠᠷᠢᠭᠠᠷᠠᠢ᠃》ᠬᠠᠨ ᠳ᠋ᠸ ᠶᠦᠨ ᠰᠠᠨᠠᠭᠤᠯᠤᠭᠰᠠᠨᠨ ᠨᠢ ᠳᠠᠪᠤᠳᠤᠭᠠᠷ ᠳᠤᠭᠤᠷᠢᠨ ᠰᠢᠬᠦᠬᠦ ᠲᠢᠩᠬᠢᠮ ᠳᠡᠬᠢ ᠬᠠᠤᠯᠢᠴᠢ ᠶᠢᠨ ᠦᠢᠯᠡᠳᠦᠯ ᠢ ᠴᠢᠩᠭᠠᠳᠭᠠᠵᠤ ᠂ ᠬᠠᠤᠯᠢᠴᠢ ᠶᠢᠨ ᠤᠷᠤᠯᠴᠠᠬᠤ ᠪᠠ ᠵᠠᠷᠭᠤ ᠶᠢᠨ ᠦᠢᠯᠡᠴᠢᠯᠡᠬᠦ ᠰᠤᠪᠠᠭ ᠢ ᠦᠷᠭᠡᠳᠬᠡᠵᠦ ᠂ ᠬᠠᠤᠯᠢ ᠴᠠᠭᠠᠵᠠ ᠶᠢᠨ ᠰᠤᠷᠤᠭᠴᠢ ᠶᠢ ᠬᠦᠯᠢᠶᠡᠨ ᠠᠪᠴᠤ ᠳᠤᠭᠤᠷᠢᠨ ᠰᠢᠬᠦᠬᠦ ᠲᠢᠩᠬᠢᠮ ᠳᠦ ᠳᠠᠳᠤᠯᠭ᠎ᠠ ᠬᠢᠯᠬᠡᠵᠦ ᠂ ᠰᠤᠷᠪᠤᠯᠵᠢᠯᠠᠭ᠎ᠠ ᠬᠦᠯᠢᠶᠡᠨ ᠠᠪᠬᠤ ᠳᠤ ᠬᠠᠪᠰᠤᠷᠠᠬᠤ ᠵᠡᠷᠬᠡ ᠃ 2016 ᠤᠨ ᠤ 3 ᠰᠠᠷ᠎ᠠ ᠶᠢᠨ ᠪᠦᠬᠦ ᠤᠯᠤᠰ ᠤᠨ ᠬᠤᠶᠠᠷ ᠬᠤᠷᠠᠯ ᠳᠡᠭᠡᠷ᠎ᠠ ᠂ ᠬᠠᠨ ᠳ᠋ᠸ ᠶᠦᠨ 30 ᠨᠡᠷᠡᠰ ᠴᠦᠩᠴᠢᠩ ᠦᠨ ᠪᠦᠬᠦ ᠤᠯᠤᠰ ᠤᠨ ᠠᠷᠠᠳ ᠤᠨ ᠲᠥᠯᠦᠭᠡᠯᠡᠭᠴᠢ ᠳᠠᠢ ᠬᠠᠮᠳᠤ ᠴᠦᠩᠴᠢᠩ ᠳᠦ ᠭᠤᠷᠪᠠᠳᠤᠭᠠᠷ ᠳᠤᠭᠤᠷᠢᠨ ᠰᠢᠬᠦᠬᠦ ᠲᠢᠩᠬᠢᠮ ᠪᠠᠢᠭᠤᠯᠬᠤ ᠳᠤᠬᠠᠢ ᠵᠥᠪᠯᠡᠯᠭᠡ ᠳᠤᠰᠢᠶᠠᠵᠤ ᠂ ᠳᠤᠬᠠᠢ ᠶᠢᠨ ᠦᠶ᠎ᠠ ᠳᠤ ᠵᠦᠪᠬᠡᠨ ᠱᠸᠨᠵᠸᠨ᠂ ᠮᠦᠭᠳᠡᠨ ᠬᠤᠶᠠᠷ ᠳᠤᠭᠤᠷᠢᠨ ᠰᠢᠬᠦᠬᠦ ᠲᠢᠩᠬᠢᠮ ᠪᠠᠢᠪᠠ ᠃ ᠡᠭᠦᠨ ᠦ ᠳᠤᠯᠠᠳᠠ᠂ ᠬᠠᠨ ᠳ᠋ᠸ ᠶᠦᠨ ᠭᠠᠪᠢᠶᠠᠷᠬᠠᠬᠤ ᠰᠠᠨᠠᠭ᠎ᠠ ᠦᠬᠡᠢ᠄ 《ᠳᠤᠭᠤᠷᠢᠨ ᠰᠢᠬᠦᠬᠦ ᠲᠢᠩᠬᠢᠮ ᠪᠠᠢᠭᠤᠯᠬᠤ ᠪᠤᠯ ᠲᠦᠪ ᠦᠨ ᠨᠢᠭᠡᠳᠦᠯᠲᠡᠢ ᠲᠣᠬᠢᠷᠠᠭᠤᠯᠤᠯᠲᠠ ᠂ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ ᠡᠷᠡᠰ ᠰᠢᠭᠤᠷᠬᠠᠢ ᠥᠭᠡᠷᠡᠴᠢᠯᠡᠯᠲᠡ ᠬᠢᠬᠦ ᠶᠢᠨ ᠠᠷᠭ᠎ᠠ ᠬᠡᠮᠵᠢᠶ᠎ᠠ ᠪᠠᠢᠵᠤ ᠂ 2016 ᠤᠨ ᠳᠤ ᠴᠦᠩᠴᠢᠩ ᠦᠨ ᠬᠤᠶᠠᠷ ᠬᠤᠷᠠᠯ ᠳᠡᠭᠡᠷ᠎ᠠ ᠠᠷᠠᠳ ᠤᠨ ᠲᠥᠯᠦᠭᠡᠯᠡᠭᠴᠢ ᠳᠠᠷᠤᠢ ᠱᠠᠭᠠᠷᠳᠠᠯᠭ᠎ᠠ ᠪᠠᠢᠭᠰᠠᠨ ᠂ ᠪᠢᠳᠡ ᠪᠦᠬᠦ ᠤᠯᠤᠰ ᠤᠨ ᠠᠷᠠᠳ ᠤᠨ ᠲᠥᠯᠦᠭᠡᠯᠡᠭᠴᠢ ᠪᠤᠯᠤᠭᠰᠠᠨ ᠤ ᠬᠤᠪᠢ ᠳᠤ ᠵᠦᠪᠬᠡᠨ ᠠᠷᠠᠳ ᠲᠦᠮᠡᠨ ᠦ ᠰᠠᠨᠠᠯ ᠱᠠᠭᠠᠷᠳᠠᠯᠭ᠎ᠠ ᠶᠢ ᠪᠦᠬᠦ ᠤᠯᠤᠰ ᠤᠨ ᠠᠷᠠᠳ ᠤᠨ ᠲᠥᠯᠦᠭᠡᠯᠡᠭᠴᠢᠳ ᠦᠨ ᠶᠡᠬᠡ ᠬᠤᠷᠠᠯ ᠳᠤ ᠳᠠᠮᠵᠢᠭᠤᠯᠤᠭᠰᠠᠨ ᠳᠡᠳᠦᠢ ᠃ 》ᠬᠡᠪᠡᠴᠦ ᠬᠠᠨ ᠳ᠋ᠸ ᠶᠦᠨ ᠡᠢᠮᠦ ᠬᠤᠷᠳᠤᠨ ᠲᠦᠯᠬᠢᠨ ᠠᠬᠢᠭᠤᠯᠤᠭᠰᠠᠨ ᠢ ᠪᠤᠳᠤᠵᠤ ᠤᠯᠤᠭᠰᠠᠨ ᠦᠬᠡᠢ ᠪᠠᠢᠯ᠎ᠠ ᠂ 《ᠳᠤᠰ ᠵᠢᠯ ᠦᠨ 6 ᠂ 7 ᠰᠠᠷ᠎ᠠ ᠳᠤ ᠠᠷᠠᠳ  ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ ᠮᠠᠨ ᠳᠤ  ᠬᠠᠷᠢᠭᠤ ᠦᠭᠭᠦᠪᠡ ᠂ ᠵᠥᠪᠯᠡᠯᠭᠡ ᠶᠢ ᠳᠡᠭᠡᠳᠦ ᠬᠡᠮᠵᠢᠶ᠎ᠠ ᠪᠠᠷ ᠮᠡᠳᠡᠷᠡᠵᠦ ᠪᠠᠢᠬᠤ ᠪᠠᠨ ᠢᠯᠡᠳᠬᠡᠪᠡ ᠃ ᠪᠢᠳᠡ ᠰᠠᠨᠠᠭᠤᠯᠤᠭᠰᠠᠨ ᠨᠢ ᠭᠤᠷᠪᠠᠳᠤᠭᠠᠷ ᠳᠤᠭᠤᠷᠢᠨ ᠰᠢᠬᠦᠬᠦ ᠲᠢᠩᠬᠢᠮ ᠪᠠᠢᠭᠤᠯᠬᠤ ᠂ ᠪᠤᠳᠤᠵᠤ ᠤᠯᠤᠭᠰᠠᠨ ᠦᠬᠡᠢ ᠨᠢ ᠪᠦᠬᠦ ᠤᠯᠤᠰ ᠲᠤ 4 ᠪᠠᠢᠭᠤᠯᠤᠭᠰᠠᠨ ᠪᠠᠢᠨ᠎ᠠ ᠃》

    ᠲᠠᠪᠤᠳᠤᠭᠠᠷ ᠳᠤᠭᠤᠷᠢᠨ ᠰᠢᠬᠦᠬᠦ ᠲᠢᠩᠬᠢᠮ ᠴᠦᠩᠴᠢᠩ ᠳᠦ ᠳᠤᠭᠳᠠᠵᠤ ᠂ ᠬᠠᠨ ᠳ᠋ᠸ ᠶᠦᠨ ᠦᠵᠡᠬᠦ ᠪᠡᠷ ᠰᠠᠢᠨ ᠤᠴᠢᠷ ᠰᠠᠶᠢ ᠡᠬᠢᠯᠡᠵᠦ ᠪᠠᠢᠨ᠎ᠠ ᠃ ᠬᠠᠮᠤᠭ ᠰᠢᠭᠤᠳ ᠠᠰᠢᠭ ᠪᠤᠯ ᠪᠠᠷᠠᠭᠤᠨ ᠡᠮᠦᠨᠡᠲᠦ ᠶᠢᠨ ᠭᠠᠵᠠᠷ ᠤᠷᠤᠨ ᠤ ᠠᠷᠠᠳ ᠲᠦᠮᠡᠨ ᠨᠡᠩ ᠲᠦᠬᠦᠮ ᠲᠦᠳᠡ ᠡᠷᠡᠭᠦᠦ ᠶᠢᠨ ᠬᠡᠷᠡᠭ  ᠦᠨ ᠭᠣᠮᠤᠳᠠᠯ ᠲᠣᠭᠠᠴᠢᠬᠤ ᠪᠠ ᠵᠠᠰᠠᠭ ᠵᠠᠬᠢᠷᠭ᠎ᠠ ᠂ ᠢᠷᠭᠡᠨ ᠬᠤᠳᠠᠯᠳᠤᠭᠠᠨ ᠤ ᠬᠡᠷᠡᠭ  ᠦᠨ ᠳᠠᠬᠢᠨ ᠭᠤᠶᠤᠴᠢᠯᠠᠯ ᠳᠠᠬᠢᠨ ᠰᠢᠬᠦᠬᠦ ᠵᠠᠮ ᠳᠠᠢ ᠪᠤᠯᠵᠤ ᠂ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ ᠰᠢᠬᠦᠨ ᠳᠠᠰᠤᠯᠤᠯᠲᠠ ᠶᠢᠨ ᠪᠠᠢᠭᠤᠯᠤᠮᠵᠢ ᠶᠢᠨ ᠭᠣᠣᠯᠳᠠᠯᠭ᠎ᠠ ᠪᠠᠨ ᠳᠤᠷᠤᠭᠰᠢ ᠪᠠᠭᠤᠯᠭᠠᠵᠤ ᠂ ᠠᠷᠠᠳ ᠤᠨ ᠲᠦᠮᠡᠨ ᠦ ᠳᠤᠮᠳᠠ ᠤᠴᠢᠵᠤ ᠳᠤᠬᠠᠢ ᠶᠢᠨ ᠲᠠᠯᠠᠪᠠᠢ ᠳᠤ ᠵᠢᠭᠤᠷᠠᠯᠳᠤᠭᠠᠨ ᠢ ᠰᠢᠢᠳᠪᠦᠷᠢᠯᠡᠵᠦ ᠂ ᠡᠨᠡ ᠨᠢ ᠳᠤᠬᠠᠢ ᠬᠦᠮᠦᠨ ᠳᠦ ᠠᠪᠴᠤ ᠬᠡᠯᠡᠪᠡᠯ ᠮᠠᠰᠢ ᠰᠠᠢᠨ ᠪᠠᠶᠠᠷ ᠤᠨ ᠴᠢᠮᠡᠬᠡ ᠪᠤᠯᠬᠤ ᠶᠤᠮ ᠃ ᠲᠡᠭᠦᠨ ᠦ ᠦᠵᠡᠬᠦ ᠪᠡᠷ᠂ ᠡᠨᠡ ᠪᠤᠯ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ ᠤ ᠬᠠᠤᠯᠢ ᠴᠠᠭᠠᠵᠠ ᠶᠢᠨ ᠥᠭᠡᠷᠡᠴᠢᠯᠡᠯᠲᠡ ᠶᠢᠨ ᠦᠷ᠎ᠠ ᠪᠦᠲᠦᠮᠵᠢ ᠪᠡᠨ ᠪᠦᠬᠦ ᠤᠯᠤᠰ ᠲᠤ ᠲᠦᠬᠡᠮᠵᠢᠯᠡᠬᠦ ᠴᠢᠬᠤᠯᠠ ᠠᠯᠬᠤᠮ ᠪᠠᠢᠵᠤ ᠂ ᠲᠠᠪᠤᠳᠤᠭᠠᠷ ᠳᠤᠭᠤᠷᠢᠨ ᠰᠢᠬᠦᠬᠦ ᠲᠢᠩᠬᠢᠮ ᠨᠢ ᠪᠠᠷᠠᠭᠤᠨ ᠡᠮᠦᠨᠡᠲᠦ ᠶᠢᠨ 5 ᠮᠤᠵᠢ ᠤᠷᠤᠨ ᠬᠤᠳᠠ  ᠶᠢᠨ ᠠᠷᠠᠳ ᠲᠦᠮᠡᠨ ᠳᠦ ᠬᠠᠤᠯᠢ ᠴᠠᠭᠠᠵᠠ ᠶᠢᠨ ᠥᠭᠡᠷᠡᠴᠢᠯᠡᠯᠲᠡ  ᠶᠢᠨ ᠦᠷ᠎ᠠ ᠪᠦᠲᠦᠭᠡᠯ ᠢ ᠪᠤᠳᠠᠳᠠᠢ ᠤᠢᠯᠭᠠᠭᠤᠯᠤᠭᠰᠠᠨ ᠪᠠᠢᠨ᠎ᠠ᠃

    ᠴᠦᠩᠴᠢᠩ ᠦᠨ ᠬᠠᠤᠯᠢᠴᠢ ᠶᠢᠨ ᠨᠡᠢᠭᠡᠮᠯᠢᠭ ᠦᠨ ᠳᠠᠷᠤᠭ᠎ᠠ ᠪᠤᠯᠤᠭᠰᠠᠨ ᠤ ᠬᠤᠪᠢ ᠳᠤ᠂ ᠬᠠᠨ ᠳ᠋ᠸ ᠶᠦᠨ ᠨᠡᠩ ᠳᠤᠰᠬᠠᠢ ᠮᠡᠷᠬᠡᠵᠢᠯ ᠦᠨ ᠠᠰᠠᠭᠤᠳᠠᠯ ᠢ ᠠᠩᠬᠠᠷᠬᠤ ᠴᠢᠬᠤᠯᠠ ᠳᠠᠢ ᠃ ᠰᠢ ᠵᠢᠨ ᠫᠢᠩ ᠶᠡᠷᠦᠩᠬᠡᠢ ᠱᠦᠵᠢ ᠶᠢᠨ《ᠠᠷᠠᠳ ᠲᠦᠮᠡᠨ  ᠢ ᠬᠠᠤᠯᠢ ᠴᠠᠭᠠᠵᠠ ᠶᠢᠨ ᠬᠡᠷᠡᠭ ᠪᠦᠷᠢ ᠳᠦ ᠲᠦᠪ ᠭᠤᠤᠯᠴᠢ ᠡᠷᠬᠡ ᠳᠡᠭᠰᠢ  ᠶᠢ ᠮᠡᠳᠡᠭᠦᠯᠬᠦ ᠪᠡᠷ ᠴᠢᠷᠮᠠᠢᠨ᠎ᠠ》ᠬᠡᠰᠡᠨ ᠨᠢ ᠬᠤᠭᠤᠰᠤᠨ ᠦᠬᠡ ᠪᠢᠰᠢ ᠂ ᠲᠠᠪᠤᠳᠤᠭᠠᠷ ᠳᠤᠭᠤᠷᠢᠨ ᠰᠢᠬᠦᠬᠦ ᠲᠢᠩᠬᠢᠮ ᠨᠢ ᠴᠢᠬᠤᠯᠠ ᠪᠤᠳᠤᠯᠢᠶᠠᠨᠳᠠᠢ ᠵᠠᠰᠠᠭ ᠵᠠᠬᠢᠷᠭᠠᠨ ᠤ ᠨᠢᠬᠡᠳᠦᠭᠡᠷ ᠰᠢᠬᠦᠯᠲᠡ ᠂ ᠨᠦᠯᠦᠭᠡ ᠶᠡᠬᠡᠳᠡᠢ ᠢᠷᠭᠡᠨ ᠬᠤᠳᠠᠯᠳᠤᠭᠠᠨ ᠤ ᠬᠡᠷᠡᠭ ᠦᠨ ᠨᠢᠬᠡᠳᠦᠭᠡᠷ ᠰᠢᠬᠦᠯᠲᠡ ᠶᠢ ᠬᠦᠯᠢᠶᠡᠨ ᠠᠪᠬᠤ ᠵᠢᠴᠢ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ ᠤ ᠵᠠᠰᠠᠭ ᠵᠠᠬᠢᠷᠭᠠᠨ ᠪᠤᠶᠤ ᠢᠷᠭᠡᠨ ᠬᠤᠳᠠᠯᠳᠤᠭᠠᠨ ᠤ ᠬᠡᠷᠡᠭ ᠦᠨ ᠨᠢᠬᠡᠳᠦᠭᠡᠷ ᠰᠢᠬᠦᠯᠲᠡ ᠶᠢᠨ ᠰᠢᠢᠳᠪᠦᠷᠢ ᠶᠢ ᠪᠢᠰᠢᠷᠡᠬᠦ ᠦᠬᠡᠢ ᠳᠠᠪᠠᠵᠤ ᠵᠠᠭᠠᠯᠳᠤᠭᠰᠠᠨ ᠬᠡᠷᠡᠭ  ᠢ ᠬᠦᠯᠢᠶᠡᠨ ᠠᠪᠬᠤ ᠂ ᠡᠨᠡ ᠨᠢ ᠪᠦᠬᠦ ᠪᠠᠷᠠᠭᠤᠨ ᠡᠮᠦᠨᠡᠲᠦ ᠭᠠᠵᠠᠷ ᠤᠷᠤᠨ ᠤ ᠰᠢᠬᠦᠨ ᠲᠠᠰᠤᠯᠤᠯᠲᠠ  ᠶᠢᠨ ᠠᠵᠢᠯ ᠳᠤ ᠳᠠᠭᠤᠷᠢᠶᠠᠯ ᠤᠨ ᠴᠢᠨᠠᠷ ᠪᠠ ᠤᠳᠤᠷᠢᠳᠤᠮᠵᠢ ᠶᠢᠨ ᠤᠳᠬ᠎ᠠ ᠠᠭᠤᠯᠭ᠎ᠠ ᠳᠠᠢ ᠪᠠᠢᠵᠤ ᠂ ᠤᠯᠠᠮ ᠨᠢᠬᠡ ᠠᠯᠬᠤᠮ ᠳᠤᠭᠤᠷᠢᠨ ᠰᠢᠬᠦᠬᠦ ᠲᠢᠩᠬᠢᠮ ᠦᠨ ᠰᠢᠬᠦᠨ ᠳᠠᠰᠤᠯᠠᠬᠤ ᠬᠢᠷᠢ ᠲᠦᠪᠰᠢᠨ ᠢ ᠳᠡᠭᠡᠭᠰᠢᠯᠡᠭᠦᠯᠵᠦ ᠪᠤᠯᠤᠨ᠎ᠠ ᠃ 《ᠲᠦᠪ ᠭᠤᠤᠯᠴᠢ ᠡᠷᠬᠡ ᠳᠡᠭᠰᠢ ᠶᠢ ᠬᠡᠮᠵᠢᠬᠦ ᠴᠦᠮ᠎ᠠ ᠪᠤᠯ ᠰᠢᠬᠦᠨ ᠳᠠᠰᠤᠯᠤᠯᠲᠠ ᠶᠢᠨ ᠴᠢᠨᠠᠷ ᠴᠢᠨᠰᠠᠭ᠎ᠠ ᠮᠦᠨ᠃》ᠬᠠᠨ ᠳ᠋ᠸ ᠶᠦᠨ ᠬᠡᠯᠡᠭᠰᠡ ᠨᠢ᠂ ᠲᠠᠪᠤᠳᠤᠭᠠᠷ ᠳᠤᠭᠤᠷᠢᠨ ᠰᠢᠬᠦᠬᠦ ᠲᠢᠩᠬᠢᠮ ᠨᠢᠬᠡᠨᠲᠡ ᠴᠦᠩᠴᠢᠩ ᠦᠨ ᠬᠠᠤᠯᠢᠴᠢ ᠶᠢᠨ ᠨᠡᠢᠭᠡᠮᠯᠢᠭ ᠳᠠᠢ ᠬᠠᠷᠢᠯᠴᠠᠵᠤ ᠂ ᠤᠢᠷ᠎ᠠ ᠳᠤ ᠬᠠᠮᠢᠶ᠎ᠠ ᠪᠦᠬᠦᠢ ᠶᠠᠷᠢᠯᠴᠠᠭ᠎ᠠ ᠬᠢᠨ᠎ᠡ ᠃

    ᠦᠯᠢᠭᠡᠷ ᠦᠨ ᠠᠷᠤ ᠳᠤ

    ᠲᠦᠪ ᠦᠨ ᠲᠣᠬᠢᠷᠠᠭᠤᠯᠤᠯᠲᠠ ᠶᠤᠰᠤᠭᠠᠷ ᠂ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ 2015 ᠤᠨ ᠤ 1ᠰᠠᠷ᠎ᠠ ᠳᠤ ᠳᠤᠰᠪᠤᠷᠢ ᠭᠤᠸᠠᠩᠳᠦ᠋ᠩ ᠮᠤᠵᠢ ᠶᠢᠨ ᠱᠸᠨᠵᠸᠨ ᠬᠤᠳᠠ ᠂ ᠯᠢᠶᠣᠣᠨᠢᠩ ᠮᠤᠵᠢ ᠶᠢᠨ ᠮᠦᠭᠳᠡᠨ ᠬᠤᠳᠠ ᠳᠤ ᠨᠢᠬᠡᠳᠦᠭᠡᠷ᠂ ᠬᠤᠶᠠᠳᠤᠭᠠᠷ ᠳᠤᠭᠤᠷᠢᠨ ᠰᠢᠬᠦᠬᠦ ᠲᠢᠩᠬᠢᠮ ᠪᠠᠢᠭᠤᠯᠪᠠ ᠃ 2016 ᠤᠨ ᠤ 11ᠰᠠᠷ᠎ᠠ  ᠶᠢᠨ ᠰᠡᠭᠦᠯᠴᠢ ᠪᠣᠯᠲᠠᠯ᠎ᠠ᠂ ᠬᠤᠶᠠᠷ ᠳᠤᠭᠤᠷᠢᠨ ᠰᠢᠬᠦᠬᠦ ᠲᠢᠩᠬᠢᠮ ᠨᠡᠢᠲᠡ 4445 ᠬᠡᠷᠡᠭ ᠬᠦᠯᠶᠡᠨ ᠠᠪᠴᠤ ᠂ 3948 ᠬᠡᠷᠡᠭ ᠰᠢᠢᠳᠪᠦᠷᠢᠯᠡᠵᠦ ᠂ ᠰᠤᠷᠪᠤᠯᠵᠢᠯᠠᠭ᠎ᠠ 7.2 ᠲᠦᠮᠡ ᠤᠳᠠᠭ᠎ᠠ ᠳᠤᠰᠴᠤ ᠂ ᠬᠠᠤᠯᠢ ᠴᠠᠭᠠᠵᠠ ᠶᠢᠨ ᠥᠭᠡᠷᠡᠴᠢᠯᠡᠯᠲᠡ ᠶᠢᠨ ᠬᠤᠰᠢᠭᠤᠴᠢ᠂ ᠳᠤᠷᠰᠢᠭᠴᠢ᠂ ᠳᠠᠭᠠᠭᠤᠯᠤᠭᠴᠢ  ᠶᠢᠨ ᠦᠢᠯᠡᠳᠦᠯ ᠢ ᠰᠠᠢᠳᠤᠷ ᠪᠠᠳᠠᠷᠠᠭᠤᠯᠵᠤ ᠂ ᠦᠨᠳᠦᠰᠦᠨ ᠳᠡᠭᠡᠷ᠎ᠠ ᠪᠠᠨ ᠰᠢᠬᠦᠨ ᠳᠠᠰᠤᠯᠤᠯᠲᠠ ᠶᠢᠨ ᠪᠠᠢᠭᠤᠯᠤᠮᠵᠢ ᠶᠢᠨ ᠭᠣᠣᠯᠳᠠᠯᠭ᠎ᠠ ᠳᠤᠷᠤᠭᠰᠢ ᠰᠢᠯᠵᠢᠭᠰᠡᠨ᠂ ᠳᠤᠬᠠᠢ ᠶᠢᠨ ᠳᠠᠯᠠᠪᠠᠢ ᠳᠤ ᠵᠢᠭᠤᠷᠠᠯᠳᠤᠭᠠᠨ ᠢ ᠰᠢᠢᠳᠪᠦᠷᠢᠯᠡᠬᠦ ᠂ ᠳᠤᠬᠠᠢ ᠬᠦᠮᠦᠨ ᠵᠠᠷᠭᠤ ᠬᠢᠬᠦ ᠳᠦ ᠲᠦᠬᠦᠮ ᠪᠤᠯᠭᠠᠬᠤ ᠥᠭᠡᠷᠡᠴᠢᠯᠡᠯᠲᠡ ᠶᠢᠨ ᠤᠤᠯ ᠰᠠᠨᠠᠭ᠎ᠠ ᠶᠢ ᠪᠡᠶᠡᠯᠡᠬᠦᠯᠵᠦ ᠂ ᠬᠠᠤᠯᠢ ᠴᠠᠭᠠᠵᠠ ᠶᠢᠨ ᠨᠡᠢᠲᠡ ᠶᠢ ᠢᠲᠡᠭᠡᠭᠦᠯᠬᠦ ᠬᠦᠴᠦᠨ ᠪᠠ ᠬᠠᠤᠯᠢ ᠴᠠᠭᠠᠵᠠ ᠶᠢᠨ ᠡᠷᠬᠡ ᠰᠦᠷ ᠢ ᠳᠡᠭᠡᠭᠰᠢᠯᠡᠭᠦᠯᠪᠡ ᠃ ᠳᠤᠭᠤᠷᠢᠨ ᠰᠢᠬᠦᠬᠦ ᠲᠢᠩᠬᠢᠮ ᠨᠢ ᠨᠢᠬᠡᠨᠲᠡ ᠳᠤᠮᠳᠠᠳᠤ ᠤᠯᠤᠰ ᠤᠨ ᠬᠠᠤᠯᠢ ᠴᠠᠭᠠᠵᠠ ᠶᠢᠨ ᠥᠭᠡᠷᠡᠴᠢᠯᠡᠯᠲᠡ ᠪᠤᠯᠤᠨ ᠨᠡᠢᠬᠡᠮ ᠵᠢᠷᠦᠮ ᠦᠨ ᠬᠠᠤᠯᠢ ᠪᠠᠷ ᠵᠠᠰᠠᠬᠤ ᠦᠷ᠎ᠠ ᠪᠦᠲᠦᠮᠵᠢ ᠶᠢ ᠦᠵᠡᠬᠦᠯᠬᠦ ᠴᠢᠬᠤᠯᠠ ᠴᠤᠩᠬᠤ ᠪᠤᠯᠵᠤ ᠂ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶᠠᠨ ᠤ ᠰᠠᠢᠨ ᠰᠠᠢᠬᠠᠨ ᠲᠦᠷᠢ ᠲᠦᠷᠬᠦ ᠶᠢ ᠬᠠᠷᠠᠭᠤᠯᠬᠤ ᠴᠢᠬᠤᠯᠠ ᠴᠤᠩᠬᠤ ᠪᠠᠢᠵᠤ ᠂ ᠨᠡᠢᠬᠡᠮ ᠦᠨ ᠡᠯ᠎ᠠ  ᠡᠳᠡᠭᠡᠳ ᠦᠨ ᠰᠠᠢᠨ ᠦᠨᠡᠯᠡᠯᠲᠡ ᠪᠠ ᠬᠦᠢᠴᠡᠳ ᠮᠡᠳᠡᠷᠡᠯᠲᠡ ᠶᠢ ᠤᠯᠵᠤ ᠂ ᠠᠷᠠᠳ ᠲᠦᠮᠡᠨ《ᠡᠭᠦᠨ ᠡᠮᠦᠨᠡᠬᠢ ᠠᠷᠠᠳ ᠤᠨ ᠳᠡᠬᠡᠳᠦ ᠵᠡᠷᠬᠡ ᠶᠢᠨ ᠰᠢᠬᠦᠬᠦ ᠬᠤᠷᠢᠶ᠎ᠠ》ᠬᠡᠵᠦ ᠂ ᠳᠡᠯᠡᠬᠡᠢ ᠳᠡᠬᠡᠷ᠎ᠠ ᠰᠠᠢᠨ ᠳᠤᠰᠬᠠᠯ ᠭᠠᠷᠪᠠ ᠃

    ᠨᠢᠬᠡᠳᠦᠭᠡᠷ᠂ ᠬᠤᠶᠠᠳᠤᠭᠠᠷ ᠳᠤᠭᠤᠷᠢᠨ ᠰᠢᠬᠦᠬᠦ ᠲᠢᠩᠬᠢᠮ  ᠦᠨ ᠳᠤᠷᠰᠢᠯᠲᠠ ᠶᠢᠨ ᠲᠤᠷᠰᠢᠯᠭ᠎ᠠ ᠶᠢ ᠳ᠋ᠦᠩᠨᠡᠯᠲᠡ ᠬᠢᠭᠰᠡᠨ ᠰᠠᠭᠤᠷᠢᠨ ᠳᠡᠭᠡᠷ᠎ᠠ ᠂ ᠡᠯ᠎ᠠ ᠵᠦᠢᠯ ᠦᠨ ᠨᠦᠬᠦᠴᠡᠯ ᠢ ᠶᠡᠷᠦᠩᠬᠡᠢᠯᠡᠨ ᠪᠤᠳᠤᠯᠬᠢᠯᠠᠵᠤ ᠂ 2016 ᠤᠨ ᠤ 11 ᠰᠠᠷᠠᠢᠨ 1  ᠤ ᠡᠳᠦᠷ ᠂ ᠰᠢ ᠵᠢᠨ ᠫᠢᠩ ᠶᠡᠷᠦᠩᠬᠡᠢ ᠱᠦᠵᠢ ᠲᠦᠪ ᠡᠴᠡ ᠪᠦᠬᠦ ᠳᠠᠯ᠎ᠠ ᠪᠠᠷ ᠥᠭᠡᠷᠡᠴᠢᠯᠡᠯᠲᠡ ᠶᠢ ᠭᠦᠨᠵᠡᠭᠡᠢᠷᠡᠭᠦᠯᠬᠦ ᠤᠳᠤᠷᠢᠳᠤᠯᠭ᠎ᠠ ᠶᠢᠨ ᠳᠤᠭᠤᠢᠯᠠᠩ ᠤᠨ ᠬᠤᠷᠢ ᠶᠢᠰᠦᠳᠦᠭᠡᠷ ᠤᠳᠠᠭᠠᠨ ᠤ ᠬᠤᠷᠠᠯᠳᠤᠭᠠᠨ ᠢ ᠡᠷᠬᠢᠯᠡᠨ ᠬᠤᠷᠠᠯᠳᠤᠭᠤᠯᠵᠤ ᠂ ᠬᠤᠷᠠᠯᠳᠤᠭᠠᠨ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ ᠨᠢᠬᠡᠳᠦᠭᠡᠷ ᠂ ᠬᠣᠶᠠᠳᠤᠭᠠᠷ ᠳᠤᠭᠤᠷᠢᠨ ᠰᠢᠬᠦᠬᠦ ᠲᠢᠩᠬᠢᠮ  ᠦᠨ ᠰᠠᠭᠤᠷᠢᠨ ᠳᠡᠬᠡᠷ᠎ᠠ ᠲᠦᠷᠪᠡᠨ ᠳᠤᠭᠤᠷᠢᠨ ᠰᠢᠬᠦᠬᠦ ᠲᠢᠩᠬᠢᠮ ᠨᠡᠮᠡᠬᠦ ᠶᠢ ᠵᠦᠪᠰᠢᠶᠡᠷᠡᠪᠡ ᠃ ᠠᠷᠠᠳ ᠤᠨ ᠳᠡᠭᠡᠳᠦ ᠵᠡᠷᠬᠡ ᠶᠢᠨ ᠰᠢᠬᠦᠬᠦ ᠬᠤᠷᠢᠶ᠎ᠠ ᠳᠤᠰᠪᠤᠷᠢ ᠨᠠᠨᠵᠢᠩ ᠂ ᠵᠸᠩᠵᠸᠤ ᠂ ᠴᠦᠩᠴᠢᠩ ᠂ ᠰᠢ ᠠᠨ  ᠳᠤ ᠲᠦᠷᠪᠡᠨ ᠳᠤᠭᠤᠷᠢᠨ ᠰᠢᠬᠦᠬᠦ ᠲᠢᠩᠬᠢᠮ ᠨᠡᠮᠡᠨ ᠪᠠᠢᠭᠤᠯᠵᠤ ᠂ ᠨᠢᠬᠡᠳᠦᠭᠡᠷ᠂ ᠬᠤᠶᠠᠳᠤᠭᠠᠷ ᠳᠤᠭᠤᠷᠢᠨ ᠰᠢᠬᠦᠬᠦ ᠲᠢᠩᠬᠢᠮ  ᠢ ᠨᠡᠮᠡᠪᠡᠯ᠂ ᠵᠢᠷᠭᠤᠭᠠᠨ ᠳᠤᠭᠤᠷᠢᠨ ᠰᠢᠬᠦᠬᠦ ᠲᠢᠩᠬᠢᠮ  ᠦᠨ ᠬᠠᠷᠢᠶᠠᠯᠠᠬᠤ ᠭᠠᠵᠠᠷ ᠤᠷᠤᠨ 26 ᠮᠤᠵᠢ ᠤᠷᠤᠨ ᠬᠤᠳᠠ ᠪᠣᠯᠲᠠᠯ᠎ᠠ ᠥᠷᠭᠡᠳᠴᠦ ᠂ ᠳᠤᠭᠤᠷᠢᠨ ᠰᠢᠬᠦᠬᠦ ᠲᠢᠩᠬᠢᠮ ᠦᠨ ᠶᠡᠷᠦᠩᠬᠡᠢ ᠪᠠᠢᠷᠢᠰᠢᠭᠤᠯᠤᠯᠲᠠ ᠶᠢ ᠪᠡᠶᠡᠯᠡᠭᠦᠯᠪᠡ ᠃ ᠡᠭᠦᠨ ᠦ ᠳᠤᠮᠳᠠ ᠲᠠᠪᠤᠳᠤᠭᠠᠷ ᠳᠤᠭᠤᠷᠢᠨ ᠰᠢᠬᠦᠬᠦ ᠲᠢᠩᠬᠢᠮ ᠴᠦᠩᠴᠢᠩ᠂ ᠰᠸᠴᠤᠸᠠᠨ ᠂ ᠭᠦᠢᠵᠸᠤ ᠂ ᠶᠦᠨᠨᠠᠨ᠂ ᠲᠦᠪᠡᠳ ᠵᠡᠷᠬᠡ 5 ᠮᠤᠵᠢ ᠤᠷᠤᠨ ᠬᠤᠳᠠ ᠶᠢᠨ ᠬᠠᠮᠢᠶ᠎ᠠ ᠪᠦᠬᠦᠢ ᠬᠡᠷᠡᠭ ᠢ ᠬᠠᠮᠢᠶᠠᠷᠴᠤ ᠂ ᠪᠦᠬᠦ ᠤᠯᠤᠰ ᠴᠤᠷ ᠤᠨ ᠭᠠᠭᠴᠠ ᠰᠢᠭᠤᠳ ᠬᠠᠷᠢᠶ᠎ᠠ ᠬᠤᠳᠠ ᠳᠤ ᠪᠠᠢᠭᠤᠯᠤᠭᠰᠠᠨ ᠳᠤᠭᠤᠷᠢᠨ ᠰᠢᠬᠦᠬᠦ ᠲᠢᠩᠬᠢᠮ ᠮᠦᠨ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )