ᠪᠡᠭᠡᠵᠢᠩ ᠦᠨ ᠴᠠᠩᠫᠢᠩ ᠤᠨ ᠨᠢᠭᠡᠨ ᠬᠠᠤᠯᠢ ᠶᠢᠨ ᠲᠤᠰᠢᠶᠠᠯᠲᠠᠨ ᠫᠤᠤᠳᠠᠭᠳᠠᠨ ᠪᠡᠶ᠎ᠡ ᠦᠷᠡᠭᠳᠡᠵᠦ ᠬᠣᠶᠠᠷ ᠶᠠᠯᠠᠲᠤ ᠡᠲᠡᠭᠡᠳ ᠤᠷᠭᠤᠨ ᠳᠤᠲᠠᠭᠠᠭᠰᠠᠨ ᠤ ᠳᠠᠷᠠᠭ᠎ᠠ ᠪᠡᠶ᠎ᠡ ᠪᠡᠨ ᠬᠤᠤᠷᠯᠠᠪᠠ
2016.02.29 ᠲᠣᠰ ᠥᠷᠲᠡᠭᠡᠨ ᠦ ᠨᠠᠢᠷᠠᠭᠤᠯᠤᠭᠴᠢ

  27  ᠤ ᠡᠳᠦᠷ ᠦᠨ 21 ᠴᠠᠭ 30 ᠮᠢᠨᠦ᠋ᠲ ᠶᠢᠨ ᠦᠶᠡᠰ ᠢᠶᠡᠷ᠂ ᠪᠡᠭᠡᠵᠢᠩ ᠬᠣᠲᠠ ᠶᠢᠨ ᠴᠠᠩᠫᠢᠩ ᠲᠣᠭᠣᠷᠢᠭ ᠤᠨ ᠠᠷᠠᠳ ᠤᠨ ᠰᠢᠭᠦᠬᠦ  ᠬᠣᠷᠢᠶᠠᠨ ᠤ ᠾᠦᠢ ᠯᠦᠩ ᠭᠤᠸᠠᠨ ᠰᠢᠭᠦᠬᠦ ᠲᠢᠩᠬᠢᠮ ᠦᠨ ᠰᠢᠭᠦᠬᠦ ᠲᠤᠰᠢᠶᠠᠯᠲᠠᠨ ᠮᠠ ᠼᠠᠢ ᠶᠦᠨ ᠵᠢᠴᠢ ᠲᠡᠭᠦᠨ ᠦ ᠨᠥᠬᠥᠷ ᠯᠢ ᠹᠦ᠋  ᠱᠸᠩ(ᠲᠤᠰ ᠰᠢᠭᠦᠬᠦ  ᠬᠣᠷᠢᠶᠠᠨ ᠤ ᠬᠠᠤᠯᠢ ᠶᠢᠨ ᠴᠠᠭᠳᠠᠭ᠎ᠠ )ᠣᠷᠣᠨ ᠰᠠᠭᠤᠴᠠ ᠶᠢᠨ ᠠᠰᠠᠷ ᠤᠨ ᠳᠣᠣᠷ᠎ᠠ ᠬᠣᠶᠠᠷ ᠮᠠᠭᠤ ᠡᠲᠡᠭᠡᠳ ᠤᠨ  ᠫᠤᠤᠳᠠᠯᠭ᠎ᠠ  ᠳᠤ ᠤᠴᠠᠷᠠᠵᠤ ᠮᠠ ᠼᠠᠢ ᠶᠦᠨ ᠬᠣᠶᠠᠷ ᠰᠤᠮᠤᠨ ᠳᠤ ᠦᠷᠲᠡᠵᠦ ᠂ ᠪᠠᠴᠢᠮ ᠠᠪᠤᠷᠠᠭᠠᠳ ᠲᠤᠰᠠ ᠪᠣᠯᠤᠭᠰᠠᠨ ᠦᠭᠡᠢ ᠦᠬᠦᠵᠦ ᠂  ᠯᠢ  ᠹᠦ᠋  ᠱᠸᠩ ᠬᠥᠩᠭᠡᠨ ᠰᠢᠷᠬᠠᠲᠤᠵᠠᠶ ᠃

ᠣᠶᠢᠯᠠᠭᠠᠭᠰᠠᠨ ᠢᠶᠠᠷ ᠂ ᠲᠡᠭᠦᠨ ᠦ ᠳᠣᠲᠣᠷᠠᠬᠢ ᠨᠢᠭᠡ ᠬᠡᠷᠴᠡᠭᠡᠢᠯᠡᠭᠴᠢ ᠯᠢ ᠳ᠋ᠠ ᠱᠠᠨ ᠪᠣᠯ ᠮᠠ ᠼᠠᠢ ᠶᠦᠨ ᠤ ᠰᠢᠭᠦᠭᠰᠡᠨ ᠨᠢᠭᠡ ᠤᠷᠤᠭ ᠰᠠᠯᠤᠭᠰᠠᠨ ᠤ ᠳᠠᠷᠠᠭ᠎ᠠ ᠡᠳ᠋ ᠬᠥᠷᠦᠩᠭᠡ ᠶᠢᠨ ᠵᠢᠭᠤᠷᠠᠯᠳᠤᠭᠠᠨ ᠤ ᠬᠡᠷᠡᠭ  ᠤᠨ ᠵᠠᠭᠠᠯᠳᠤᠭᠴᠢ  ᠃  ᠬᠡᠷᠡᠭ ᠭᠢᠭᠰᠡᠨ ᠤ ᠳᠠᠷᠠᠭ᠎ᠠ ᠂ ᠬᠣᠶᠠᠷ  ᠶᠠᠯᠠᠲᠤ ᠡᠲᠡᠭᠡᠳ ᠳᠤᠲᠠᠭᠠᠵᠤ ᠶᠠᠨᠴᠢᠩ  ᠲᠣᠭᠤᠷᠢᠭ ᠳᠤ ᠣᠴᠢᠭᠰᠠᠨ ᠬᠣᠶᠢᠨ᠎ᠠ ᠴᠥᠮ ᠪᠡᠶ᠎ᠡ ᠪᠡᠨ ᠬᠣᠣᠷᠯᠠᠵᠤ ᠥᠭᠦᠭᠰᠡᠨ ᠪᠠᠶᠢᠨ᠎ᠠ ᠃

ᠠᠩᠬ᠎ᠠ ᠠᠯᠬᠤᠮ ᠤᠨ ᠬᠢᠨᠠᠨ ᠮᠠᠭᠠᠳᠯᠠᠭᠰᠠᠨ ᠢᠶᠡᠷ ᠂ ᠲᠤᠬᠠᠶ ᠶᠢᠨ ᠡᠳᠦᠷ ᠦᠨ 21 ᠴᠠᠭ 30 ᠮᠢᠨᠦ᠋ᠲ ᠣᠷᠴᠢᠮ ᠂ ᠬᠣᠶᠠᠷ  ᠶᠠᠯᠠᠲᠤ ᠡᠲᠡᠭᠡᠳ ᠭᠠᠷ ᠲᠠᠭᠠᠨ ᠪᠤᠯᠤᠤᠠ ᠦᠷᠢᠯ ᠤᠨ ᠫᠤᠤ ᠪᠠᠷᠢᠵᠤ ᠮᠠ ᠼᠠᠢ ᠶᠦᠨ  ᠤ ᠭᠡᠷ  ᠲᠤ ᠬᠠᠷᠭᠢᠰᠯᠠᠨ ᠳᠠᠭᠠᠷᠢᠨ ᠣᠷᠣᠵᠤ ᠂  ᠯᠢ ᠹᠦ᠋ ᠱᠸᠩ  ᠢ ᠫᠤᠤᠳᠠᠪᠠ᠂ ᠭᠡᠪᠡᠴᠦ ᠲᠣᠭᠯᠠᠭᠠᠮ ᠤᠨ ᠫᠤᠤ ᠲᠤᠯᠠ ᠬᠠᠷᠪᠤᠵᠤ ᠭᠠᠷᠤᠭᠰᠠᠨ ᠦᠭᠡᠢ  ᠭᠡᠪᠡ ᠃  ᠰᠡᠭᠦᠯᠡᠷ ᠨᠢ ᠬᠣᠶᠠᠷ ᠶᠠᠯᠠᠲᠤ ᠡᠲᠡᠭᠡᠳ ᠠᠰᠠᠷ ᠡᠴᠡ ᠪᠠᠭᠤᠵᠤ ᠳᠤᠲᠠᠭᠠᠪᠠ ᠃ ᠮᠠ ᠼᠠᠢ ᠶᠦᠨ ᠬᠥᠭᠡᠬᠦ ᠶᠠᠪᠤᠴᠠ ᠳᠤ ᠂  ᠶᠠᠯᠠᠲᠤ ᠡᠲᠡᠭᠡᠳ ᠮᠠ ᠼᠠᠢ ᠶᠦᠨ ᠢ ᠫᠤᠤᠳᠠᠪᠠ ᠃ ᠮᠠ ᠼᠠᠢ ᠶᠦᠨ ᠤ ᠪᠡᠶ᠎ᠡ ᠬᠤᠶᠠᠷ ᠰᠤᠮᠤᠨ ᠦᠷᠲᠡᠵᠦ ᠂ ᠨᠢᠭᠡ ᠰᠤᠮᠤ ᠨᠢ ᠬᠡᠪᠡᠯᠢ ᠢ ᠨᠢ ᠣᠨᠤᠵᠤ ᠂ ᠨᠢᠭᠡ ᠰᠤᠮᠤ ᠨᠢ ᠵᠡᠭᠦᠨ ᠬᠠᠴᠠᠷ ᠢ ᠨᠢ ᠤᠨᠤᠪᠠ᠃ ᠮᠠ ᠼᠠᠢ ᠶᠦᠨ ᠫᠤᠤᠲᠠᠭᠳᠠᠭᠰᠠᠨ ᠤ ᠳᠠᠷᠠᠭ᠎ᠠ ᠂  ᠶᠠᠯᠠᠲᠤ ᠡᠲᠡᠭᠡᠳ ᠬᠣᠢᠨ᠎ᠠ ᠡᠴᠡ ᠨᠢ ᠢᠷᠡᠭᠰᠡᠨ ᠯᠢ ᠹᠦ᠋ ᠱᠸᠩ ᠢ ᠫᠤᠤᠳᠠᠪᠠ ᠃ ᠰᠤᠮᠤ ᠨᠢ ᠶᠠᠭ ᠰᠠᠢᠬᠠᠨ ᠪᠦᠰᠡᠯᠡᠭᠦᠷ ᠢ ᠨᠢ ᠤᠨᠤᠵᠤ᠂ ᠬᠥᠩᠭᠡᠨ ᠰᠢᠷᠬᠠᠲᠤᠪᠠ ᠃ 22 ᠴᠠᠭ15ᠮᠢᠨᠤᠲ ᠣᠷᠴᠢᠮ ᠂ ᠮᠠ ᠼᠠᠢ ᠶᠦᠨ ᠪᠠᠴᠢᠮ  ᠠᠪᠤᠷᠠᠯᠲᠠ ᠬᠢᠭᠡᠳ ᠲᠤᠰᠠ ᠪᠣᠯᠤᠭᠰᠠᠨ ᠦᠭᠡᠢ ᠂ ᠠᠯᠪᠠᠨ ᠶᠠᠪᠤᠳᠠᠯ ᠢᠶᠠᠷ ᠪᠡᠶ᠎ᠡ ᠦᠷᠡᠭᠳᠡᠪᠡ ᠂ ᠲᠤᠬᠠᠢ ᠶᠢᠨ ᠦᠶ᠎ᠡ  ᠰᠠᠶᠢ 38 ᠨᠠᠰᠤᠲᠠᠶ ᠪᠠᠶᠢᠪᠠ ᠃

ᠣᠶᠢᠯᠠᠭᠠᠭᠰᠠᠨ ᠢᠶᠠᠷ ᠂ ᠮᠠ ᠼᠠᠢ ᠶᠦᠨ 1978 ᠣᠨ ᠤ 2 ᠰᠠᠷ᠎ᠠ ᠳᠤ ᠲᠦᠷᠦᠵᠡᠢ ᠂ ᠪᠡᠭᠡᠵᠢᠩ ᠦᠨ ᠴᠠᠩ ᠫᠢᠩ ᠦᠨ ᠬᠥᠮᠦᠨ ᠂ 2001 ᠣᠨ ᠳᠤ ᠬᠢᠷᠢᠨ ᠶᠡᠬᠡ ᠰᠤᠷᠭᠠᠭᠤᠯᠢ ᠶᠢᠨ ᠬᠠᠤᠯᠢ ᠶᠢᠨ ᠤᠬᠠᠭᠠᠨ ᠤ ᠲᠤᠰᠬᠠᠶ ᠮᠡᠷᠭᠡᠵᠢᠯ ᠦᠨ ᠵᠢᠩᠬᠢᠨᠢ ᠠᠡᠭᠬᠢ ᠶᠢ ᠲᠡᠭᠦᠰᠬᠡᠭᠰᠡᠨ ᠳᠠᠷᠠᠭ᠎ᠠ ᠂ ᠰᠢᠭᠦᠬᠦ ᠲᠢᠩᠬᠢᠮ ᠦᠨ ᠠᠵᠢᠯ ᠢᠶᠡᠷ ᠾᠦᠢ ᠯᠥᠩ ᠭᠤᠸᠠᠨ ᠳᠤ ᠢᠷᠡᠪᠡ ᠃ 2007 ᠣᠨ ᠤ 3 ᠰᠠᠷ᠎ᠠ ᠳᠤ ᠲᠤᠰᠠᠯᠠᠨ ᠰᠢᠭᠦᠭᠴᠢ ᠶᠢᠨ ᠲᠤᠰᠢᠶᠠᠯ ᠢ ᠬᠠᠷᠢᠭᠤᠴᠠᠵᠤ ᠂ 2009 ᠤᠨ ᠤ2 ᠰᠠᠷ᠎ᠠ ᠳᠤ ᠰᠢᠭᠦᠭᠴᠢ ᠶᠢᠨ ᠲᠤᠰᠢᠶᠠᠯ ᠢ ᠬᠦᠯᠢᠶᠡᠪᠡ᠃ 2007 ᠣᠨ ᠠᠴᠠ ᠤᠳᠤ ᠪᠣᠯᠲᠠᠯ᠎ᠠ ᠂ ᠮᠠ ᠼᠠᠢ ᠶᠦᠨ ᠵᠢᠯ ᠪᠦᠷᠢ400 ᠰᠢᠬᠠᠮ ᠬᠡᠷᠡᠭ ᠢ ᠲᠠᠭᠤᠰᠬᠠᠳᠠᠭ᠃ ᠠᠵᠢᠯ ᠳᠤ ᠪᠡᠨ ᠭᠠᠪᠰᠢᠭᠠᠢ ᠪᠠᠢᠳᠠᠭ ᠡᠴᠡ᠂ ᠮᠠ ᠼᠠᠢ ᠶᠦᠨ ᠣᠯᠠᠨ ᠤᠳᠠᠭ᠎ᠠ ᠬᠤᠪᠢ ᠬᠥᠮᠦᠨ ᠤ ᠭᠠᠪᠢᠶ᠎ᠠ ᠪᠠᠢᠭᠤᠯᠪᠠ᠃

ᠬᠠᠷᠢᠭᠤᠴᠠᠭᠰᠠᠨ ᠨᠠᠶᠢᠷᠠᠭᠤᠯᠤᠭᠴᠢ ᠄DD 

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )